ᠴᠡᠷᠢᠭ᠎ᠤᠨ ᠠᠯᠪᠠ ᠡᠴᠡ ᠬᠠᠯᠠᠭ᠍ᠳᠠᠭ᠍ᠰᠠᠳ᠎ᠤᠨ ᠤᠭ ᠰᠠᠨᠠᠭ᠎ᠠ ᠪᠠᠨ ᠪᠠᠷᠢᠮᠳᠠᠯᠠᠨ ᠭᠠᠯ᠎ᠤᠨ ᠲᠠᠯᠠᠪᠠᠢ᠎ᠳᠤ ᠳᠠᠬᠢᠨᠲᠠ ᠳᠠᠭᠠᠷᠢᠨ ᠤᠷᠤᠯ᠎ᠠ
2025-09-07 11:41:54
ᠵᠣᠬᠢᠶᠠᠭ᠍ᠴᠢ᠄
ᠸᠠᠩ ᠶᠠ ᠵᠢᠩ
ᠣᠩᠱᠢᠭ᠍ᠰᠠᠨ ᠣᠳᠠᠭ᠎ᠠ᠄
★★★☆☆

— 《ᠥᠪᠥᠷ ᠮᠣᠩᠭᠣᠯ᠎ᠤᠨ ᠰᠠᠢᠨ ᠬᠥᠮᠦᠨ》 ᠬᠥᠬᠡᠬᠣᠲᠠ᠎ᠶ᠋ᠢᠨ ᠭᠤᠷᠪᠠᠳᠤᠭᠠᠷ ᠭᠢᠨᠳᠠᠨ᠎ᠤ ᠬᠦᠴᠦᠷᠬᠡᠭ᠌ᠯᠡᠯ᠎ᠢ ᠰᠡᠷᠭᠡᠢᠯᠡᠬᠦ᠌ ᠠᠩᠭᠢ᠎ᠶ᠋ᠢᠨ ᠭᠡᠱᠢᠭᠦᠨ ᠰᠦ᠍ ᠢᠦᠶ ᠯᠦᠩ᠎ᠢ ᠲᠡᠮᠳᠡᠭ᠌ᠯᠡᠪᠡ


《ᠦᠨᠡᠨᠳᠡᠭᠡᠨ ᠲᠤᠬᠠᠢ᠎ᠶ᠋ᠢᠨ ᠦᠶ᠎ᠡ᠎ᠳᠦ ᠨᠠᠳᠠ᠎ᠳ᠋ᠤ ᠠᠶᠤᠯ ᠲᠦᠭ᠌ᠰᠢᠭᠦᠷᠢ᠎ᠶ᠋ᠢ ᠪᠣᠳᠣᠯᠬᠢᠯᠠᠬᠤ ᠴᠠᠭ ᠦᠭᠡᠢ᠂ ᠮᠢᠨᠦ᠍ ᠨᠢᠳᠤᠨ᠎ᠳᠦ ᠬᠠᠷᠠᠬᠳᠠᠬᠰᠠᠨ ᠨᠢ ᠵᠦᠪᠬᠡᠨ ᠠᠶᠤᠯ ᠲᠦᠭ᠌ᠰᠢᠭᠦᠷᠢ᠎ᠶ᠋ᠢᠨ ᠳᠤᠮᠳᠠ ᠪᠠᠢᠭ᠎ᠠ ᠨᠠᠰᠤᠲᠠᠨ  ᠪᠤᠯᠤᠨ᠎ᠠ᠂ ᠮᠢᠨᠦ᠍ ᠬᠢᠵᠦ᠍ ᠳᠡᠢᠯᠬᠦ᠌ ᠨᠢ ᠨᠠᠰᠤᠲᠠᠨ᠎ᠤ ᠪᠡᠶ᠎ᠡ ᠮᠠᠬᠠᠪᠣᠳ᠎ᠢ ᠭᠡᠮᠲᠦᠭᠡᠬᠦ᠌ ᠦᠭᠡᠢ᠂ ᠡᠳ᠋ ᠬᠦᠷᠦᠨᠭ᠌ᠭᠡ᠎ᠶ᠋ᠢᠨ ᠬᠣᠬᠢᠷᠠᠯ᠎ᠢ ᠪᠠᠭᠠᠰᠭᠠᠬᠤ ᠶᠠᠪᠤᠳᠠᠯ᠎ᠪᠤᠯᠬᠤ ᠶᠤᠮ》᠃ ᠬᠥᠬᠡᠬᠣᠲᠠ᠎ᠶ᠋ᠢᠨ ᠰᠠᠢᠬᠠᠨ ᠲᠣᠭᠣᠷᠢᠭ᠎ᠤᠨ ᠬᠤᠸᠠᠬᠤᠰᠢᠭᠤ ᠪᠠᠯᠭᠠᠰᠤ᠎ᠶ᠋ᠢᠨ ᠲᠡᠮᠡᠭᠡᠨ ᠨᠢᠷᠤᠭᠤ ᠲᠣᠰᠭᠣᠨ᠎ᠤ ᠭᠠᠯ᠎ᠦᠨ ᠲᠠᠯᠠᠪᠠᠢ᠎ᠳᠤ ᠳᠠᠭᠠᠷᠢᠨ ᠣᠷᠣᠵᠤ᠂ ᠡᠳ᠋ ᠬᠣᠭ᠍ᠰᠢᠯ᠎ᠢᠶᠠᠨ ᠠᠪᠤᠷᠠᠬᠤ᠎ᠪᠠᠷ ᠤᠷᠤᠯᠳᠤᠵᠤ ᠪᠠᠢᠭ᠍ᠰᠠᠨ ᠨᠠᠰᠤᠲᠠᠨ᠎ᠢ ᠡᠷᠡᠯᠬᠡᠭ᠎ᠢᠶᠡᠷ ᠠᠪᠤᠷᠠᠬᠰᠠᠨ ᠦᠩᠭᠡᠷᠡᠯᠲᠡ ᠪᠠᠨ ᠰᠦ᠍ ᠢᠦᠢ ᠯᠦᠩ ᠢᠨᠭᠭᠢᠵᠤ  ᠲᠠᠢᠪᠤᠭᠤᠬᠠᠨ ᠡᠷᠭᠢᠴᠡᠭᠦᠯᠦᠨ᠎ᠡ᠃

ᠡᠨᠡ ᠵᠢᠯ᠎ᠦᠨ 7 ᠰᠠᠷ᠎ᠠ᠎ᠳᠤ᠂ ᠰᠦ᠍ ᠢᠦᠢ ᠯᠦᠩ ᠦᠨᠡᠨ ᠶᠣᠰᠣᠨ᠎ᠤ ᠲᠥᠯᠥᠭᠡ ᠡᠷᠡᠯᠬᠡᠭ᠌ᠯᠡᠨ ᠲᠡᠮᠡᠴᠡᠭ᠌ᠰᠡᠨ ᠲᠡᠷᠢᠭᠦᠨ᠎ᠦ ᠦᠢᠯᠡ ᠠᠵᠢᠯᠯᠠᠭ᠎ᠠ᠎ᠪᠠᠷ᠎ᠢᠶᠠᠨ 2025 ᠣᠨ᠎ᠤ ᠬᠣᠶᠠᠳᠤᠭᠠᠷ ᠤᠯᠠᠷᠢᠯ᠎ᠤᠨ 《ᠥᠪᠥᠷ ᠮᠣᠩᠭᠣᠯ᠎ᠤᠨ ᠰᠠᠢ᠌ᠨ ᠬᠥᠮᠦᠨ》 ᠵᠢᠡᠷ ᠴᠣᠯᠠᠯᠠᠬᠳᠠᠪᠠ᠃

ᠰᠦ᠍ ᠢᠦᠶ ᠯᠦᠩ ᠦᠩᠭᠡᠷᠡᠭᠰᠡᠨ᠎ᠳᠤ ᠤᠤᠯ᠎ᠤᠨ ᠬᠠᠷᠠᠮᠥ᠋ᠷᠡᠨ ᠮᠤᠵᠢ᠎ᠶ᠋ᠢᠨ ᠭᠠᠯ ᠰᠡᠷᠬᠡᠢᠯᠡᠵᠦ ᠭᠠᠯ ᠤᠨᠲᠠᠷᠠᠭᠠᠬᠤ ᠶᠡᠷᠦᠩᠬᠡᠶ ᠠᠩᠭᠢ᠎ᠶ᠋ᠢᠨ ᠬᠠᠷᠪᠢᠨ ᠬᠣᠲᠠ᠎ᠶ᠋ᠢᠨ ᠭᠠᠯ ᠰᠡᠷᠬᠡᠢᠯᠡᠵᠦ ᠭᠠᠯ ᠤᠨᠲᠠᠷᠠᠭᠠᠬᠤ ᠰᠠᠯᠪᠤᠷᠢ ᠠᠩᠭᠢ᠎ᠶ᠋ᠢᠨ ᠳ᠋ᠤᠤ ᠯᠢ ᠲᠣᠭᠣᠷᠢᠭ᠎ᠤᠨ ᠶᠡᠬᠡ ᠠᠩᠭᠢ᠎ᠶ᠋ᠢᠨ ᠠᠢ ᠵᠢᠶᠠᠨ ᠳᠤᠮᠳᠠ ᠠᠩᠭᠢ᠎ᠳᠤ 5 ᠵᠢᠯ ᠠᠯᠪᠠ ᠬᠠᠭᠠᠵᠤ᠂ 2017 ᠣᠨ᠎ᠤ 11 ᠰᠠᠷ᠎ᠠ᠎ᠳᠤ  ᠬᠥᠬᠡᠬᠣᠲᠠ᠎ᠶ᠋ᠢᠨ ᠭᠤᠷᠪᠠᠳᠤᠭᠠᠷ ᠭᠢᠨᠳᠠᠨ᠎ᠤ ᠬᠦᠴᠦᠷᠬᠡᠭ᠌ᠯᠡᠯ᠎ᠢ ᠰᠡᠷᠭᠡᠢᠯᠡᠬᠦ᠌ ᠠᠩᠭᠢ᠎ᠳᠤ ᠪᠢᠴᠢᠭᠡᠴᠢ ᠪᠡᠷ ᠠᠵᠢᠯᠯᠠᠵᠦ᠂ ᠠᠩᠭᠢ᠎ᠶ᠋ᠢᠨ ᠳᠣᠲᠣᠷᠠᠬᠢ ᠡᠳᠦᠷ ᠲᠤᠲᠤᠮ᠎ᠤᠨ ᠠᠵᠢᠯ᠎ᠢ ᠬᠠᠷᠢᠭᠤᠴᠠᠵᠤ᠂ ᠭᠤᠷᠪᠠᠳᠤᠭᠠᠷ ᠭᠢᠨᠳᠠᠨ᠎ᠤ ᠪᠢᠴᠢᠯ ᠬᠡᠯᠪᠡᠷᠢ᠎ᠶ᠋ᠢᠨ ᠭᠠᠯ ᠰᠡᠷᠬᠡᠢᠯᠡᠵᠦ ᠭᠠᠯ ᠤᠨᠲᠠᠷᠠᠭᠠᠬᠤ ᠥᠷᠲᠡᠭᠡ᠎ᠶ᠋ᠢᠨ ᠵᠢᠭᠠᠨ ᠵᠢᠯᠤᠭᠤᠳᠤᠬᠴᠢ ᠎ᠶᠢᠨ ᠲᠤᠱᠢᠶᠠᠯ᠎ᠢ ᠬᠠᠪᠰᠤᠷᠭᠠᠨ ᠬᠠᠷᠢᠭᠤᠴᠠᠪᠠ᠃

ᠰᠦ᠍ ᠢᠦᠶ ᠯᠦᠩ ᠰᠠᠷ᠎ᠠ ᠪᠦᠷᠢ ᠠᠩᠭᠢ᠎ᠶ᠋ᠢᠨ ᠳᠣᠲᠣᠷᠠᠬᠢ ᠲᠤᠱᠢᠶᠠᠯ ᠬᠠᠪᠰᠤᠷᠭᠠᠭ᠍ᠰᠠᠨ ᠭᠠᠯ ᠤᠨᠲᠠᠷᠠᠭᠠᠬᠴᠢ᠎ᠶᠢ ᠵᠣᠬᠢᠶᠠᠨ ᠪᠠᠢᠭᠤᠯᠤᠨ ᠭᠠᠯ ᠰᠡᠷᠬᠡᠢᠯᠡᠵᠦ ᠭᠠᠯ ᠤᠨᠲᠠᠷᠠᠭᠠᠬᠤ ᠣᠨᠣᠯ᠂ ᠭᠠᠯ ᠰᠡᠷᠬᠡᠢᠯᠡᠵᠦ ᠭᠠᠯ ᠤᠨᠲᠠᠷᠠᠭᠠᠬᠤ ᠤᠷ᠎ᠠ ᠴᠢᠳᠠᠪᠤᠷᠢ᠎ᠶ᠋ᠢᠨ ᠪᠣᠯᠪᠠᠰᠤᠷᠠᠯ᠎ᠢ ᠬᠢᠬᠦ᠌᠎ᠶ᠋ᠢᠨ ᠬᠠᠮᠲᠤ᠂ ᠲᠣᠭ᠍ᠲᠠᠮᠠᠯ ᠬᠤᠭᠤᠴᠠᠭ᠎ᠠ᠎ᠲᠠᠶ᠎ᠪᠠᠷ ᠭᠠᠯ ᠤᠨᠲᠠᠷᠠᠭᠠᠭ᠍ᠴᠢᠳ᠎ᠢ ᠬᠢᠨᠠᠨ ᠱᠢᠯᠭᠠᠬᠤ ᠪᠠ ᠪᠠᠴᠢᠮ ᠪᠠᠢᠳᠠᠯ᠎ᠢ ᠠᠷᠭᠠᠴᠠᠭᠠᠵᠤ ᠠᠪᠤᠷᠠᠨ ᠲᠤᠰᠠᠯᠠᠬᠤ ᠭᠠᠯ ᠰᠡᠷᠬᠡᠢᠯᠡᠵᠦ ᠭᠠᠯ ᠤᠨᠲᠠᠷᠠᠭᠠᠬᠤ ᠰᠣᠷᠢᠯᠲᠠ ᠬᠢᠳᠡᠭ᠃ ᠲᠡᠷᠡ ᠴᠡᠷᠢᠭ ᠠᠩᠭᠢ ᠡᠴᠡ ᠰᠣᠷᠣᠭ᠍ᠰᠠᠨ ᠲᠤᠷᠱᠢᠯᠭ᠎ᠠ ᠮᠡᠷᠭᠡᠵᠢᠯ᠎ᠢᠶᠠᠨ ᠪᠢᠴᠢᠯ ᠬᠡᠯᠪᠡᠷᠢ᠎ᠶ᠋ᠢᠨ ᠭᠠᠯ ᠰᠡᠷᠬᠡᠢᠯᠡᠵᠦ ᠭᠠᠯ ᠤᠨᠲᠠᠷᠠᠭᠠᠬᠤ ᠥᠷᠲᠡᠭᠡ᠎ᠳᠦ ᠬᠡᠷᠡᠭ᠌ᠯᠡᠵᠦ᠍᠂ ᠭᠠᠯ ᠰᠡᠷᠬᠡᠢᠯᠡᠵᠦ ᠭᠠᠯ ᠤᠨᠲᠠᠷᠠᠭᠠᠬᠤ ᠰᠣᠷᠢᠯᠲᠠ᠎ᠶ᠋ᠢᠨ ᠲᠡᠮᠳᠡᠭ᠌ᠯᠡᠯ᠎ᠦᠨ ᠺᠠᠷᠲ ᠵᠢᠴᠢ ᠵᠢᠷᠭᠤᠭ᠎ᠠ᠎ᠶ᠋ᠢ ᠰᠠᠢᠨ ᠮᠡᠳᠡᠬᠦ᠌ ᠭᠠᠷ ᠳᠡᠪᠲᠡᠷ ᠵᠡᠷᠭᠡ ᠬᠠᠮᠢᠶ᠎ᠠ ᠪᠥᠬᠥᠶ ᠡᠬᠡ ᠲᠠᠩᠰᠠ᠎ᠶ᠋ᠢ ᠪᠠᠢᠭᠤᠯᠵᠤ᠂ ᠭᠤᠷᠪᠠᠳᠤᠭᠠᠷ ᠭᠢᠨᠳᠠᠨ᠎ᠤ ᠪᠢᠴᠢᠯ ᠬᠡᠯᠪᠡᠷᠢ᠎ᠶ᠋ᠢᠨ ᠭᠠᠯ ᠰᠡᠷᠬᠡᠢᠯᠡᠵᠦ ᠭᠠᠯ ᠤᠨᠲᠠᠷᠠᠭᠠᠬᠤ ᠥᠷᠲᠡᠭᠡ᠎ᠶ᠋ᠢᠨ ᠬᠢᠯᠠᠰ ᠴᠡᠭ ᠪᠣᠯᠵᠠᠶ᠃

3 ᠰᠠᠷ᠎ᠠ᠎ᠶ᠋ᠢᠨ 17 ᠎ᠤ᠋ ᠦᠳᠡ᠎ᠶ᠋ᠢᠨ ᠬᠣᠢᠨ᠎ᠠ᠂ ᠠᠯᠪᠠᠨ᠎ᠤ ᠠᠵᠢᠯ᠎ᠢᠶᠡᠷ ᠰᠠᠢᠬᠠᠨ ᠲᠣᠭᠣᠷᠢᠭ᠎ᠤᠨ ᠬᠤᠸᠠᠬᠤᠰᠢᠭᠤ ᠪᠠᠯᠭᠠᠰᠤᠨ᠎ᠤ ᠲᠡᠮᠡᠭᠡᠨ ᠨᠢᠷᠤᠭᠤ ᠲᠣᠰᠭᠣᠨ᠎ᠢᠶᠠᠷ ᠥᠩᠭᠡᠷᠡᠬᠦ᠌ ᠳ᠋ᠡᠬᠡᠨ᠂ ᠰᠦ᠍ ᠢᠦᠶ ᠯᠦᠩ ᠭᠡᠨᠡᠳᠲᠡ ᠨᠢᠭᠡ ᠠᠷᠠᠳ᠎ᠤᠨ ᠪᠠᠢᠱᠢᠩ᠎ᠤᠨ ᠤᠷᠤᠢ ᠡᠴᠡ ᠥᠳᠭᠡᠨ ᠬᠠᠷ᠎ᠠ ᠤᠲᠤᠭ᠎ᠠ ᠪᠠᠭᠠᠭᠢᠵᠤ ᠪᠠᠢᠬᠤ᠎ᠶ᠋ᠢ ᠣᠯᠵᠤ ᠮᠡᠳᠡᠪᠡ᠃ 《ᠮᠠᠭᠤ ᠪᠣᠯᠵᠠᠢ᠂ ᠭᠠᠯ ᠭᠠᠷᠤᠭ᠍ᠰᠠᠨ!》 ᠴᠡᠷᠢᠭ᠎ᠤᠨ ᠠᠯᠪᠠ᠎ᠡᠴᠡ ᠬᠠᠯᠠᠭ᠍ᠳᠠᠭ᠍ᠰᠠᠨ ᠭᠠᠯ ᠤᠨᠲᠠᠷᠠᠭᠠᠭ᠍ᠴᠢ ᠰᠦ᠍ ᠢᠦᠢ ᠯᠦᠩ ᠥᠴᠦᠬᠡᠨ ᠴᠦ᠍ ᠲᠠᠲᠠᠭᠠᠯᠵᠠᠯ ᠦᠭᠡᠢ᠎ᠪᠡᠷ᠂ ᠭᠠᠯ ᠭᠠᠷᠤᠭ᠍ᠰᠠᠨ ᠬᠦᠷᠢᠶ᠎ᠡ ᠵᠦᠭ ᠬᠦᠶᠦᠨ ᠤᠷᠤᠪᠠ᠃ ᠬᠦᠷᠢᠶᠡᠨ ᠡᠭᠦᠳᠡ ᠨᠢ ᠴᠣᠣᠵᠢᠯᠠᠭ᠍ᠳᠠᠭ᠍ᠰᠠᠨ ᠦᠭᠡᠢ ᠪᠠᠢᠵᠠᠢ᠂ ᠡᠭᠦᠳᠡ᠎ᠵᠢ ᠨᠢ ᠨᠡᠭᠡᠭᠡᠭ᠌ᠰᠡᠨ ᠲᠡᠷᠡ ᠭᠱᠠᠨ ᠵᠠᠭᠤᠷ᠎ᠠ᠂ ᠬᠠᠯᠠᠭᠤᠨ ᠠᠭᠤᠷ ᠡᠴᠡ ᠬᠠᠮᠠᠷ ᠭᠠᠳᠠᠮ᠎ᠠ ᠬᠡᠦᠷᠱᠢᠭᠦᠯᠦᠭ᠌ᠰᠡᠨ ᠦᠨᠦᠷ ᠭᠠᠷᠴᠤ᠂ ᠨᠢᠲᠦᠨ ᠡᠮᠦᠨᠡᠬᠢ ᠡᠨᠡ᠎ᠬᠦ ᠪᠠᠢᠳᠠᠯ ᠨᠢ ᠬᠥᠮᠤᠨ᠎ᠢ ᠰᠤᠴᠢᠭᠠᠮ᠎ᠠ ᠪᠠᠢᠯ᠎ᠠ᠃

ᠬᠦᠷᠢᠶᠡᠨ ᠳᠣᠲᠣᠷ᠎ᠠ ᠨᠡᠢᠲᠡ 4 ᠲᠠᠰᠤᠯᠭ᠎ᠠ ᠭᠡᠷ ᠪᠠᠢᠱᠢᠩ᠎ᠲᠠᠶ᠂ ᠲᠡᠭᠦᠨ᠎ᠦ ᠳᠣᠲᠣᠷᠠᠬᠢ ᠬᠣᠶᠠᠷ ᠲᠠᠰᠤᠯᠭ᠎ᠠ ᠭᠡᠷ ᠪᠠᠢᠱᠢᠩ ᠨᠢ ᠨᠢᠭᠡᠨᠲᠡ ᠶᠡᠬᠡ ᠭᠠᠯ᠎ᠳᠤ ᠪᠦᠷᠢᠮᠦᠰᠦᠨ ᠤᠷᠢᠶᠠᠬᠳᠠᠵᠦ᠂ ᠭᠠᠯ᠎ᠤᠨ ᠰᠤᠷ ᠨᠢ ᠭᠡᠷ᠎ᠦᠨ ᠣᠷᠣᠢ ᠪᠣᠯᠤᠨ ᠬᠦᠷᠢᠶᠡᠨ᠎ᠦ ᠬᠡᠷᠡᠮ᠎ᠡᠴᠡ ᠲᠦᠷᠡᠯᠵᠡᠨ ᠭᠠᠷᠴᠤ᠌ ᠢᠷᠡᠭᠡᠳ ᠲᠦᠭᠡᠨᠡᠮ᠎ᠡ ᠬᠠᠯᠠᠭᠤᠨ ᠪᠤᠯᠵᠦ᠂ ᠫᠢᠰ ᠫᠡᠰ ᠭᠡᠬᠦ᠌ ᠳᠠᠭᠤᠨ ᠭᠠᠷᠴᠦ ᠪᠠᠢᠪᠠ᠃ ᠬᠦᠷᠢᠶᠡᠨ ᠳᠣᠲᠣᠷ᠎ᠠ ᠡᠪᠤᠭᠡᠨ ᠡᠮᠡᠭᠡᠨ  ᠬᠣᠶᠠᠷ ᠨᠠᠰᠤᠲᠠᠨ ᠲᠤᠢᠯ ᠵᠢᠡᠷ ᠪᠠᠴᠢᠮᠳᠠᠨ ᠰᠠᠨᠳᠤᠷᠴᠤ᠌᠂ ᠬᠣᠶᠠᠷ ᠭᠠᠷ ᠵᠢᠡᠨ ᠬᠤᠷᠤᠢᠯᠠᠨ ᠰᠠᠨᠳᠤᠷᠤᠨ ᠬᠠᠰᠬᠢᠷᠴᠦ ᠪᠠᠢᠪᠠ᠃

ᠰᠦ᠍ ᠢᠦᠶ ᠯᠦᠩ ᠭᠱᠠᠨ ᠵᠠᠭᠤᠷ᠎ᠠ᠂ ᠡᠢᠮᠦ᠍ᠷᠬᠦᠤ ᠳᠣᠭ᠍ᠰᠢᠨ ᠭᠠᠯ᠎ᠢ ᠭᠠᠭ᠍ᠴᠠ ᠥᠪᠡᠷ᠎ᠢ᠎ᠪᠡᠨ ᠲᠦᠱᠢᠭᠡᠳ ᠳᠠᠷᠤᠵᠤ ᠲᠠᠢᠯᠬᠦ ᠥᠬᠡᠶ ᠭᠡᠳᠡᠭ᠎ᠢ ᠮᠠᠭᠠᠳᠯᠠᠵᠦ ᠤᠯᠪᠠ᠃ ᠲᠡᠷᠡ ᠨᠢᠭᠡ ᠲᠠᠯ᠎ᠠ᠎ᠪᠠᠷ ᠥᠨᠳᠥᠷ ᠳᠠᠭᠤᠨ᠎ᠢᠶᠠᠷ ᠨᠠᠰᠤᠲᠠᠨ᠎ᠢ ᠲᠠᠢᠳᠭᠤᠷᠠᠭᠤᠯᠵᠤ᠄ 《ᠨᠠᠰᠤᠳᠠᠨ᠂ ᠪᠢᠲᠡᠭᠡᠶ ᠰᠠᠨᠳᠤᠷ᠂ ᠪᠢ ᠣᠳᠣ᠎ᠪᠠᠷ᠎ᠢᠶᠠᠨ ᠴᠠᠭ᠍ᠳᠠᠭ᠎ᠠ᠎ᠳᠤ ᠮᠡᠳᠡᠭᠦᠯᠦᠶ᠎ᠡ!》ᠭᠡᠵᠦ᠂ ᠨᠦᠬᠦᠭᠡ ᠲᠠᠯ᠎ᠠ᠎ᠪᠠᠷ ᠭᠠᠷ ᠤᠲᠠᠰᠤ᠎ᠪᠠᠨ ᠭᠠᠷᠭᠠᠵᠤ ᠭᠠᠯ᠎ᠤᠨ ᠠᠶᠤᠯ᠎ᠤᠨ ᠲᠦᠭᠰᠢᠬᠦᠷᠢ ᠮᠡᠳᠡᠬᠦᠯᠬᠦ ᠤᠲᠠᠰᠤ᠎ᠶ᠋ᠢ ᠤᠳᠠᠰᠤᠳᠠᠪᠠ᠃ ᠡᠨᠡ ᠦᠶ᠎ᠡ᠎ᠳᠦ᠂ ᠬᠦᠷᠢᠶᠡᠨ ᠳᠣᠲᠣᠷ᠎ᠠ ᠣᠪᠣᠭᠠᠯᠠᠵᠤ ᠲᠠᠯᠪᠢᠭ᠍ᠰᠠᠨ ᠮᠣᠳᠣᠨ ᠰᠠᠯᠠᠭ᠎ᠠ᠂ ᠡᠷᠳᠡᠨᠢ ᠱᠢᠰᠢ᠎ᠶ᠋ᠢᠨ ᠡᠰᠢ ᠰᠦᠷᠡᠯ ᠵᠡᠷᠭᠡ ᠡᠯᠳᠡᠪ ᠪᠣᠳᠠᠰ ᠨᠢ ᠶᠡᠬᠡ ᠭᠠᠯ᠎ᠳ᠋ᠤ ᠰᠢᠳᠠᠭᠠᠳ ᠤᠲᠤᠭ᠎ᠠ ᠪᠠᠭᠠᠭᠢᠵᠤ᠂ ᠰᠸ᠋ ᠢᠦᠢ ᠯᠦᠩ ᠠᠮᠢᠰᠬᠤᠯ ᠪᠥᠳᠡᠮ᠎ᠠ ᠥᠳᠭᠡᠨ ᠤᠲᠤᠭ᠎ᠠ᠎ᠶ᠋ᠢ ᠲᠡᠰᠪᠦᠷᠢᠯᠡᠨ᠂ ᠬᠣᠶᠠᠷ ᠨᠠᠰᠤᠲᠠᠨ᠎ᠢ ᠠᠯᠢ ᠲᠦᠷᠭᠡᠨ᠎ᠢᠶᠡᠷ ᠬᠦᠷᠢᠶᠡᠨ᠎ᠦ ᠭᠠᠳᠠᠨᠠᠬᠢ ᠠᠮᠤᠷ ᠲᠦᠪᠱᠢᠨ ᠭᠠᠵᠠᠷ ᠲᠸ᠋ ᠰᠢᠯᠵᠢᠬᠦᠯᠪᠡ᠃ 《 ᠭᠡᠷ᠎ᠲᠦ ᠪᠠᠰᠠ ᠬᠥᠮᠦᠨ ᠪᠠᠢᠨ᠎ᠠ ᠤᠤ? ᠨᠤᠴᠤᠮᠠᠳᠠᠭᠠᠢ ᠲᠠᠯᠪᠡᠷᠡᠮᠡᠳᠡᠭᠡᠢ ᠶᠠᠭᠤᠮ᠎ᠠ ᠪᠠᠢᠨ᠎ᠠ ᠦᠦ?》 ᠭᠡᠵᠤ ᠲᠡᠷᠨ ᠠᠰᠠᠭᠤᠭᠠᠤᠨ ᠬᠠᠰᠢᠭ᠍ᠳᠠᠭ᠍ᠰᠠᠨ ᠬᠥᠮᠦᠨ ᠦᠭᠡᠢ ᠪᠦᠭᠡᠳ ᠠᠶᠤᠯᠳᠠᠢ ᠪᠣᠳᠠᠰ ᠴᠸ᠋ ᠦᠭᠡᠢ ᠬᠡᠳᠡᠭ᠎ᠢ ᠨᠤᠲᠠᠯᠠᠭ᠍ᠰᠠᠨ᠎ᠤ ᠳᠠᠷᠠᠭ᠎ᠠ᠂ ᠰᠸ᠋ ᠢᠦᠢ ᠯᠦᠩ ᠪᠠᠬᠠᠨ ᠰᠠᠨᠠᠭ᠎ᠠ ᠠᠮᠠᠷᠠᠪᠠ᠃ ᠲᠡᠷᠡ ᠬᠦᠷᠢᠶᠡᠨ ᠳᠣᠲᠣᠷ᠎ᠠ ᠨᠢᠭᠡ ᠬᠤᠳᠳᠤᠭ ᠪᠠᠢᠬᠤ᠎ᠶ᠋ᠢ ᠣᠯᠵᠤ ᠮᠡᠳᠡᠮᠡᠭᠴᠠ ᠲᠡᠷᠡ ᠳᠠᠷᠤᠢ ᠤᠰᠤᠨ ᠰᠠᠪᠠ ᠪᠡᠷ ᠤᠰᠤ ᠠᠪᠴᠤ᠂ ᠨᠢᠭᠡ ᠨᠢᠭᠡ ᠰᠠᠪᠠ ᠪᠡᠷ ᠲᠥᠷᠡᠯᠵᠡᠭᠰᠡᠨ ᠭᠠᠯ ᠦᠭᠡᠳᠡ ᠤᠰᠤ ᠰᠠᠴᠤᠪᠠ᠃

ᠶᠠᠭ ᠡᠨᠡ ᠦᠶ᠎ᠡ᠎ᠳᠦ᠂ ᠬᠦᠷᠢᠶᠠᠨ ᠭᠠᠳᠠᠨ᠎ᠠ ᠪᠠᠢᠬᠰᠡᠨ ᠨᠠᠰᠤᠲᠠᠨ ᠭᠡᠨᠡᠳᠲᠡ ᠶᠡᠬᠡ ᠳᠠᠭᠤᠨ᠎ᠢᠶᠠᠷ᠄ 《ᠲᠧᠯᠸᠢᠰ ᠪᠠᠰᠠ ᠭᠡᠷ᠎ᠲᠦ ᠪᠠᠢᠭᠰᠠᠭᠠᠷ! ᠲᠡᠬᠦᠨ᠎ᠢ ᠪᠢ ᠬᠡᠳᠦᠨ ᠵᠢᠯ ᠬᠠᠳᠠᠭᠠᠯᠠᠭ᠍ᠰᠠᠨ ᠵᠣᠭᠣᠰ᠎ᠢᠶᠠᠷ᠎ᠢᠶᠡᠨ ᠬᠤᠳᠠᠯᠳᠤᠨ ᠠᠪᠤᠭ᠍ᠰᠠᠨ ᠰᠢᠤ !》 ᠬᠡᠵᠤ ᠬᠠᠰᠬᠢᠷᠬᠤ ᠵᠢᠨ ᠬᠠᠮᠳᠤ  ᠶᠠᠭᠤ᠎ᠶ᠋ᠢ ᠴᠤ᠌ ᠬᠠᠢᠬᠤᠷᠤᠯ ᠦᠭᠡᠢ᠎ᠪᠡᠷ ᠭᠠᠯ ᠲᠦᠷᠡᠯᠵᠡᠵᠦ ᠪᠠᠢᠭ᠎ᠠ ᠪᠠᠢᠰᠢᠩ ᠤᠷᠤᠭᠤ ᠭᠦᠶᠦᠨ ᠤᠷᠤᠪᠠ᠃ ᠶᠠᠭ ᠡᠨᠡ ᠬᠥ᠌  ᠠᠶᠤᠯ ᠲᠦᠭ᠌ᠰᠢᠭᠦᠷᠢᠲᠦ ᠴᠠᠭ ᠮᠥᠴᠡ᠎ᠳᠦ᠂ ᠰᠸ᠋ ᠢᠦᠢ ᠯᠦᠩ ᠨᠠᠰᠤᠲᠠᠨ᠎ᠢ ᠬᠥᠴᠤ ᠮᠡᠳᠡᠨ ᠲᠠᠲᠠᠵᠤ᠄ 《ᠠᠪᠠᠭ᠎ᠠ ᠡ᠂ ᠲᠠᠨᠭᠴᠤ ᠠᠶᠤᠯᠲᠠᠶ ᠪᠠᠢᠨ᠎ᠠ! ᠣᠷᠣᠵᠤ ᠪᠣᠯᠬᠤ ᠥᠬᠡᠶ!》 ᠭᠡᠪᠡ᠃ ᠰᠸ᠋ ᠢᠦᠢ ᠯᠦᠨᠭ ᠨᠠᠰᠤᠳᠠᠨ᠎ᠢ ᠲᠠᠳᠠᠵᠤ ᠭᠠᠷᠭᠠᠬᠤ ᠭ᠌ᠱᠠᠨ᠎ᠳᠤ ᠭᠡᠷ ᠳᠤᠳᠤᠷ᠎ᠠ ᠨᠦᠰᠠᠷ ᠶᠡᠬᠡ ᠲᠠᠭᠤᠨ ᠭᠠᠷᠴᠤ᠌᠂ ᠭᠠᠯ᠎ᠳᠦ ᠰᠢᠳᠠᠭᠳᠠᠭᠰᠠᠨ ᠭᠡᠷ᠎ᠦᠨ ᠣᠷᠣᠶ ᠨᠢ ᠨᠤᠷᠠᠵᠤ᠂ ᠱᠢᠯ᠎ᠦᠨ ᠬᠡᠮᠬᠡᠳᠡᠭ ᠨᠢ ᠳᠥᠷᠪᠡᠨ ᠵᠦᠭ᠎ᠲᠦ ᠦᠰᠦᠷᠬᠢᠯᠡᠨ ᠪᠤᠳᠠᠷᠠᠪᠠ᠃ ᠰᠸ᠋ ᠢᠦᠢ ᠯᠦᠩ᠎ᠦᠨ ᠬᠦᠳᠡᠯᠭᠡᠭᠡᠨ ᠮᠠᠰᠢ᠎ᠪᠤᠰᠢᠭᠤ ᠱᠠᠯᠠᠮᠠᠭᠠᠢ ᠪᠠᠢᠬᠰᠠᠨ ᠡᠴᠡ ᠵᠣᠯ᠎ᠢᠶᠠᠷ ᠬᠡᠨ ᠨᠢ ᠴᠸ᠋ ᠱᠢᠷᠬᠠᠲᠤᠭ᠍ᠰᠠᠨ ᠦᠭᠡᠢ᠃

ᠰᠤᠴᠢᠨ ᠬᠡᠯᠮᠡᠭᠳᠡᠭᠰᠡᠨ ᠨᠠᠰᠤᠲᠠᠨ᠎ᠢ ᠲᠠᠬᠢᠨᠳᠠ ᠲᠥᠪᠬᠢᠨᠡᠭᠦᠯᠦᠭ᠌ᠰᠡᠨ᠎ᠦ ᠳᠠᠷᠠᠭ᠎ᠠ᠂ ᠰᠸ᠋ ᠢᠦᠢ ᠯᠦᠩ ᠰᠠᠯᠵᠤ ᠤᠳᠤᠬᠰᠡᠨ ᠦᠭᠡᠢ᠂ ᠬᠠᠷᠢᠨ ᠦᠷᠭᠦᠯᠵᠢᠯᠡᠨ ᠭᠠᠯ ᠭᠠᠷᠤᠭᠰᠠᠨ ᠭᠠᠵᠠᠷ ᠲᠸ᠋ ᠪᠤᠴᠠᠵᠤ ᠭᠠᠯ ᠤᠨᠲᠠᠷᠠᠭᠠᠵᠦ᠂ ᠬᠥᠯᠥᠰᠥᠨ ᠎ᠳᠡᠭᠡᠨ ᠲᠡᠪᠳᠤᠵᠤ᠂ ᠨᠢᠭᠤᠷ ᠴᠢᠷᠠᠢ ᠨᠢ ᠬᠣᠭ ᠲᠣᠭᠣᠰᠣ ᠪᠦᠷᠬᠦᠭᠰᠡᠨ ᠴᠸ᠋ ᠬᠠᠮᠢᠶᠠᠷᠬᠤ ᠵᠠᠪ ᠦᠭᠡᠢ ᠪᠠᠢᠯ᠎ᠠ᠃ ᠲᠡᠭᠦᠨ᠎ᠦ ᠴᠢᠷᠮᠠᠢᠯᠭ᠎ᠠ ᠪᠡᠷ᠂ ᠭᠠᠯ ᠨᠢ ᠬᠦᠷᠢᠶᠡᠨ ᠳᠣᠲᠣᠷᠠᠬᠢ ᠥᠭᠡᠷ᠎ᠡ ᠬᠣᠶᠠᠷ ᠲᠠᠰᠤᠯᠭ᠎ᠠ ᠭᠡᠷ ᠪᠠᠢᠱᠢᠩ ᠵᠦᠭ ᠦᠷᠪᠢᠰᠦᠨ ᠰᠢᠳᠠᠭᠰᠠᠨ ᠦᠭᠡᠢ᠂ ᠤᠯᠠᠮ ᠨᠢᠭᠡ ᠠᠯᠬᠤᠮ ᠠᠪᠤᠷᠠᠨ ᠲᠤᠰᠠᠯᠠᠬᠤ᠎ᠳᠤ ᠨᠠᠨᠳᠢᠨ ᠴᠠᠭ ᠣᠯᠭᠣᠵᠠᠢ᠃

ᠳᠠᠷᠠᠭ᠎ᠠ ᠪᠡᠷ ᠨᠢ ᠬᠦᠷᠦᠯᠴᠡᠨ ᠢᠷᠡᠭ᠌ᠰᠡᠨ ᠭᠠᠯ ᠤᠨᠲᠠᠷᠠᠭᠠᠵᠤ ᠠᠪᠤᠷᠠᠨ ᠲᠤᠰᠠᠯᠠᠬᠤ ᠠᠵᠢᠯᠲᠠᠳ ᠲᠦᠷᠭᠡᠨ ᠬᠦᠳᠡᠯᠤᠯᠴᠠᠨ ᠭᠠᠯ ᠤᠨᠲᠠᠷᠠᠭᠠᠵᠤ᠂ ᠭᠠᠯ ᠎ᠦᠨ ᠬᠦᠴᠤᠨ᠎ᠢ ᠬᠤᠷᠢᠭᠯᠠᠨ ᠤᠨᠳᠠᠷᠠᠭᠠᠪᠠ᠃ ᠰᠸ᠋ ᠢᠦᠢ ᠯᠦᠩ ᠡᠨᠡ ᠬᠥ᠌  ᠪᠠᠢᠳᠠᠯ᠎ᠢ ᠬᠠᠷᠠᠭᠠᠳ᠂ ᠲᠣᠪ ᠳᠤᠭᠤᠢ ᠰᠠᠯᠵᠤ ᠤᠳᠪᠠ᠃

ᠲᠤᠬᠠᠢ᠎ᠶ᠋ᠢᠨ ᠡᠳᠦᠷ᠎ᠦᠨ ᠲᠦᠭ᠌ᠰᠢᠭᠦᠷᠢᠳᠤ ᠪᠠᠢᠳᠠᠯ ᠎ᠢ ᠡᠷᠭᠢᠴᠡᠭᠦᠯᠬᠦ᠌᠎ᠳᠦ᠂ ᠨᠠᠰᠤᠲᠠᠨ ᠮᠥᠨ ᠯᠡ ᠵᠢᠷᠦᠭᠡ ᠲᠦᠭᠰᠢᠵᠤ᠂ ᠨᠢᠳᠦᠨ᠎ᠳᠡᠭᠡᠨ ᠨᠢᠯᠪᠤᠰᠤ ᠮᠡᠯᠲᠡᠭᠡᠨᠡᠭᠦᠯᠦᠨ᠄ 《ᠡᠨᠡ ᠵᠠᠯᠠᠭᠤ ᠪᠠᠢᠭ᠍ᠰᠠᠨ᠎ᠳᠠᠭᠠᠨ ᠯᠨ ᠪᠣᠯᠵᠠᠢ᠂ ᠬᠡᠷᠪᠡ ᠲᠡᠷᠡ ᠪᠠᠢᠭ᠍ᠰᠠᠨ ᠦᠭᠡᠢ ᠶᠤᠮ ᠪᠣᠯ ᠪᠢᠳᠡ ᠶᠠᠭᠠᠬᠢᠬᠤ᠎ᠪᠠᠨ ᠮᠡᠳᠡᠬᠦ᠌ ᠦᠭᠡᠢ᠂ ᠲᠡᠷᠡ ᠪᠢᠳᠡᠨ᠎ᠢ ᠠᠪᠤᠷᠠᠬᠰᠠᠨ ᠰᠢᠦ᠂ ᠲᠡᠭᠦᠨ᠎ᠳᠦ ᠦᠨᠡᠬᠡᠷ ᠲᠠᠯᠠᠷᠬᠠᠵᠤ ᠪᠠᠢᠨ᠎ᠠ》 ᠬᠡᠵᠤ ᠰᠡᠳᠭᠢᠯ ᠳᠤᠬᠳᠤᠯᠤᠨ ᠶᠠᠷᠢᠪᠠ᠃

ᠰᠸ᠋ ᠢᠦᠶ ᠯᠦᠩ ᠭᠠᠯ ᠭᠠᠷᠤᠬᠰᠠᠨ ᠪᠠᠢᠰᠢᠩ᠎ᠳᠦ ᠬᠡᠲᠦ ᠤᠳᠠᠭ᠎ᠠ ᠳᠠᠭᠠᠷᠢᠨ ᠤᠷᠤᠵᠤ᠂ ᠡᠷᠡᠯᠬᠡᠭ᠎ᠢᠶᠡᠷ ᠲᠡᠮᠡᠴᠡᠵᠤ ᠨᠠᠰᠤᠲᠠᠨ᠎ᠢ ᠠᠪᠤᠷᠠᠬᠰᠠᠨ ᠲᠤᠬᠠᠢ ᠵᠢᠨ ᠲᠠᠯᠠᠪᠤᠷ᠎ᠦᠨ ᠪᠠᠭᠠᠳᠤᠷᠯᠢᠭ ᠠᠵᠢᠯᠯᠠᠭ᠎ᠠ ᠵᠢ ᠲᠣᠰᠭᠣᠨ᠎ᠤ ᠠᠷᠠᠳ ᠭᠠᠷ ᠤᠲᠠᠰᠤ᠎ᠪᠠᠷ᠎ᠰᠡᠬᠥᠳᠡᠷᠯᠡᠨ ᠰᠦᠯᠵᠢᠶᠡᠨ᠎ᠳᠦ ᠨᠠᠢᠳᠠᠯᠠᠵᠤ᠂ ᠣᠬᠣᠷᠬᠠᠨ ᠬᠡᠳᠦᠨ ᠡᠳᠦᠷ᠎ᠲᠦ 10 ᠲᠦᠮᠡ ᠱᠢᠬᠠᠮ ᠤᠳᠠᠭ᠎ᠠ ᠵᠢᠨ ᠲᠠᠷᠤᠮ ᠎ᠤᠨ ᠲᠤᠭ᠎ᠠ ᠲᠠᠢ ᠪᠤᠯᠵᠤ᠂ ᠮᠠᠰᠢ ᠣᠯᠠᠨ ᠰᠦᠯᠵᠢᠶᠡᠨ ᠠᠨᠳᠠ ᠵᠢᠨ ᠠᠩᠬᠠᠷᠤᠯ ᠪᠠ ᠮᠠᠭ᠍ᠲᠠᠭᠠᠯ᠎ᠢ ᠣᠯᠪᠠ᠃ 《ᠥᠪᠥᠷ ᠮᠣᠩᠭᠣᠯ᠎ᠤᠨ ᠰᠠᠢᠨ ᠬᠥᠮᠦᠨ》 ᠢ᠋ᠢᠡᠷ ᠰᠣᠩᠭᠣᠭ᠍ᠳᠠᠭ᠍ᠰᠠᠨ᠎ᠢᠶᠠᠨ ᠮᠡᠳᠡᠭ᠌ᠰᠡᠨ᠎ᠦ ᠳᠠᠷᠠᠭ᠎ᠠ᠂ ᠰᠸ᠋ ᠢᠦᠶ ᠯᠦᠩ᠄ 《ᠪᠢ ᠡᠨᠡ ᠤᠳᠠᠭᠠᠨ᠎ᠤ ᠱᠠᠩᠨᠠᠯ᠎ᠢᠶᠡᠷ ᠥᠪᠡᠷ᠎ᠢ ᠎ᠪᠠᠨ ᠵᠣᠷᠢᠭ᠍ᠵᠢᠭᠤᠯᠵᠤ᠂ ᠣᠭ ᠰᠠᠨᠠᠭ᠎ᠠ᠎ᠪᠠᠨ ᠥᠯᠥ᠍ ᠮᠠᠷᠲᠠᠵᠤ᠂ ᠦᠷᠭᠦᠯᠵᠢᠯᠡᠨ ᠴᠢᠷᠮᠠᠢᠨ᠎ᠠ》 ᠬᠡᠵᠤ ᠴᠢᠨᠭ ᠰᠡᠳᠬᠢᠯ ᠡᠴᠡ ᠪᠠᠨ ᠬᠡᠯᠡᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号