《ᠬᠡᠨ ᠲᠠᠷᠢᠶ᠎ᠠ ᠲᠠᠷᠢᠬᠤ》 《ᠬᠡᠷᠬᠢᠨ ᠲᠠᠷᠢᠶᠠᠯᠠᠬᠤ》 ᠬᠦᠴᠢᠷ ᠠᠰᠠᠭᠤᠳᠠᠯ ᠢ᠋ ᠰᠢᠢᠳᠪᠦᠷᠢᠯᠠᠵᠤ ᠲᠦᠩᠯᠢᠶᠣᠤ ᠢ᠋ᠢᠨ ᠨᠡᠢᠭᠡᠮᠴᠢᠯᠡᠭ᠌ᠰᠡᠨ ᠦᠶ᠋ᠯᠡᠴᠢᠯᠡᠭᠡ ᠲᠠᠷᠢᠶᠠᠯᠠᠩ ᠤ᠋ᠨ ᠦᠶ᠋ᠯᠡᠳᠪᠦᠷᠢᠯᠡᠯ ᠤ᠋ᠨ ᠠᠷᠭ᠎ᠠ ᠬᠡᠯᠪᠡᠷᠢ ᠢ᠋ᠢᠨ ᠭᠦᠨᠵᠡᠭᠡᠶ ᠬᠤᠪᠢᠰᠤᠯᠲᠠ ᠢ᠋ᠢ ᠠᠬᠢᠭᠤᠯᠪᠠ
2026-01-10 10:51:20
ᠵᠣᠬᠢᠶᠠᠭ᠍ᠴᠢ᠄
ᠾᠥ᠋ᠸᠸ ᠱᠢᠶᠤᠤ ᠴᠢᠩ
ᠣᠩᠱᠢᠭ᠍ᠰᠠᠨ ᠣᠳᠠᠭ᠎ᠠ᠄
★★★☆☆

ᠬᠥᠳᠡᠭᠡ ᠠᠵᠤ ᠠᠬᠤᠢ ᠬᠥᠳᠡᠭᠡ ᠲᠣᠰᠭᠣᠨ ᠤ᠋ ᠣᠳᠣᠬᠢᠴᠢᠯᠠᠯᠲᠠ ᠢ᠋ᠢ ᠲᠦᠷᠭᠡᠳᠭᠡᠵᠦ᠍᠂ ᠬᠥᠳᠡᠭᠡ ᠲᠣᠰᠭᠣᠨ ᠢ᠋ ᠪᠦᠬᠦ᠌ ᠲᠠᠯ᠎ᠠ ᠪᠡᠷ ᠬᠥᠭ᠌ᠵᠢᠭᠦᠯᠦᠨ ᠮᠠᠨᠳᠤᠭᠤᠯᠬᠤ ᠢ᠋ᠢ ᠯᠠᠪᠳᠠᠭᠤᠨ ᠪᠠᠲᠤᠲᠠᠢ ᠠᠬᠢᠭᠤᠯᠬᠤ ᠬᠡᠷᠡᠭ᠌ᠲᠡᠢ᠃

— 《ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠬᠣᠷᠢᠳᠤᠭᠠᠷ ᠬᠤᠭᠤᠴᠠᠭᠠᠨ ᠤ᠋ ᠲᠥᠪ ᠬᠤᠷᠢᠶ᠎ᠠ ᠵᠢᠨ ᠳᠥᠷᠪᠡᠳᠦᠭᠡᠷ ᠪᠦᠬᠦᠳᠡ ᠬᠤᠷᠠᠯ ᠤ᠋ᠨ ᠠᠯᠪᠠᠨ ᠮᠡᠳᠡᠭᠡ》 ᠡᠴᠡ ᠬᠡᠰᠡᠭᠯᠡᠪᠡ᠃


ᠬᠠᠪᠤᠷ ᠨᠠᠬᠢᠶᠠᠯᠠᠨ ᠵᠤᠨ ᠤᠷᠭᠤᠵᠤ᠂ ᠨᠠᠮᠤᠷ ᠬᠤᠷᠢᠶᠠᠨ ᠡᠪᠦᠯ ᠬᠠᠳᠠᠭᠠᠯᠠᠬᠤ ᠪᠣᠯ ᠲᠠᠷᠢᠶᠠᠯᠠᠩ ᠤ᠋ᠨ ᠠᠵᠢᠯ ᠤ᠋ᠨ ᠪᠠᠢᠭᠠᠯᠢ ᠢ᠋ᠢᠨ ᠵᠢᠮ᠎ᠡ ᠮᠥᠨ᠃

12 ᠰᠠᠷ᠎ᠠ ᠢ᠋ᠢᠨ 17 ᠤ᠋ ᠡᠳᠦᠷ᠂ ᠲᠦᠩᠯᠢᠶᠣᠤ ᠬᠣᠲᠠ ᠢ᠋ᠢᠨ ᠬᠣᠷᠴᠢᠨ ᠲᠣᠭᠣᠷᠢᠭ ᠤ᠋ᠨ ᠳ᠋ᠸ ᠨᠦᠸᠸ ᠲᠠᠷᠢᠶᠠᠯᠠᠩ ᠤ᠋ᠨ ᠺᠣᠮᠫᠠᠨᠢ ᠢ᠋ᠢᠨ ᠲᠣᠮᠣ ᠬᠡᠯᠪᠡᠷᠢ ᠢ᠋ᠢᠨ ᠠᠮᠤ ᠪᠤᠳᠠᠭᠠᠨ ᠤ᠋ ᠬᠥᠮᠥᠷᠭᠡ ᠳ᠋ᠤ ᠬᠦᠯᠢᠭᠡᠷ ᠰᠢᠷ᠎ᠠ ᠡᠷᠳᠡᠨᠢ ᠱᠢᠰᠢ ᠠᠭᠤᠯᠠ ᠮᠡᠲᠦ ᠣᠪᠣᠭᠠᠷᠠᠵᠤ᠂ ᠠᠵᠢᠯᠴᠢᠨ ᠶᠣᠣ ᠵᠠᠨ ᠵᠢᠶᠦ᠋ᠨ ᠡᠷᠳᠡᠨᠢ ᠰᠢᠰᠢ ᠨᠢ ᠸᠠᠯᠠᠵᠤ ᠢᠯᠵᠢᠷᠡᠭᠰᠡᠨ ᠡᠰᠡᠬᠦ ᠵᠢ ᠨᠢᠮᠪᠠᠢ ᠪᠠᠢᠴᠠᠭᠠᠨ᠎ᠠ᠃ ᠤᠢᠷ᠎ᠠ ᠬᠠᠪᠢ ᠢ᠋ᠢᠨ ᠬᠣᠶᠠᠷ ᠲᠣᠰᠭᠣᠨ ᠤ᠋ 8000 ᠭᠠᠷᠤᠶ ᠲᠣᠨ ᠡᠷᠳᠡᠨᠢ ᠱᠢᠰᠢ ᠢ᠋ᠢ ᠡᠨᠳᠡ 《ᠡᠪᠦᠯᠵᠢᠭᠦᠯᠵᠦ᠍》᠂ ᠦᠨ᠎ᠡ ᠬᠠᠩᠰᠢ ᠲᠣᠬᠢᠷᠠᠮᠵᠢᠲᠠᠶ ᠦᠶ᠎ᠡ ᠳ᠋ᠤ ᠪᠣᠷᠣᠯᠠᠭᠤᠯᠬᠤ ᠪᠡᠷ ᠪᠠᠢᠨ᠎ᠠ᠃

ᠺᠣᠮᠫᠠᠨᠢ ᠢ᠋ᠢᠨ ᠬᠠᠷᠢᠭᠤᠴᠠᠯᠭᠠᠲᠠᠨ ᠼᠦᠢ ᠬᠣᠩ ᠤ᠋ᠨ ᠲᠠᠨᠢᠯᠴᠠᠭᠤᠯᠤᠬᠰᠠᠨ ᠢ᠋ᠢᠡᠷ᠂ ᠨᠠᠮᠤᠷ ᠤ᠋ᠨ ᠬᠤᠷᠢᠶᠠᠯᠲᠠ ᠢ᠋ᠢᠨ ᠦᠶ᠎ᠡ ᠳ᠋ᠤ ᠡᠷᠳᠡᠨᠢ ᠱᠢᠰᠢ ᠢ᠋ᠢ ᠬᠤᠷᠢᠶᠠᠬᠤ ᠮᠠᠱᠢᠨ ᠢ᠋ᠢᠡᠷ ᠨᠢᠭᠡ ᠯᠡ ᠳᠡᠭᠡᠷ᠎ᠡ ᠮᠥᠯᠢᠵᠦ᠍ ᠳᠠᠭᠤᠰᠭᠠᠨ᠂ ᠺᠣᠮᠫᠠᠨᠢ ᠳ᠋ᠠᠭᠠᠨ ᠵᠦᠭᠡᠭᠡᠪᠦᠷᠢᠯᠡᠨ ᠠᠪᠴᠢᠷᠠᠭᠰᠠᠨ ᠤ᠋ ᠳᠠᠷᠠᠭ᠎ᠠ ᠬᠠᠳᠠᠭᠠᠬᠤ ᠰᠤᠪᠤᠷᠭ᠎ᠠ ᠳ᠋ᠤ ᠣᠷᠣᠭᠤᠯᠤᠨ ᠬᠠᠳᠠᠭᠠᠵᠤ᠂ ᠳᠠᠷᠠᠭ᠎ᠠ ᠨᠢ ᠳᠠᠮᠵᠢᠭᠤᠯᠬᠤ ᠪᠦᠰᠡ ᠪᠡᠷ ᠠᠮᠤ ᠪᠤᠳᠠᠭᠠᠨ ᠤ᠋ ᠬᠥᠮᠥᠷᠭᠡ ᠳ᠋ᠤ ᠣᠷᠣᠭᠤᠯᠵᠤ ᠬᠠᠳᠠᠭᠠᠯᠠᠳᠠᠭ᠃ ᠡᠨᠡ ᠨᠢ ᠤᠯᠠᠮᠵᠢᠯᠠᠯᠲᠤ ᠲᠡᠭᠦᠬᠦ᠌᠂ ᠬᠠᠳᠠᠭᠠᠬᠤ᠂ ᠮᠥᠯᠢᠬᠦ᠌ ᠵᠡᠷᠭᠡ ᠣᠯᠠᠨ ᠭᠣᠭ᠍ᠴᠣᠭ᠎ᠠ ᠢ᠋ᠢ ᠠᠷᠪᠢᠯᠠᠭ᠍ᠰᠠᠨ ᠢ᠋ᠢᠡᠷ ᠪᠠᠷᠠᠬᠤ ᠥᠬᠡᠶ ᠪᠠᠰᠠ ᠡᠷᠳᠡᠨᠢ ᠱᠢᠰᠢ ᠢ᠋ᠢᠨ ᠡᠰᠢ᠂ ᠡᠷᠳᠡᠨᠢ ᠱᠢᠰᠢ ᠢ᠋ᠢᠨ ᠮᠥᠬᠥᠯᠢᠭ ᠢ᠋ ᠪᠥᠬᠥ᠌ ᠶᠠᠪᠤᠴᠠ ᠳ᠋ᠤ ᠤᠨᠠᠭᠠᠬᠤ ᠥᠬᠡᠶ ᠪᠠᠢᠬᠤ ᠢ᠋ᠢ ᠪᠡᠶᠡᠯᠡᠭᠦᠯᠵᠦ᠍᠂ ᠠᠮᠤ ᠪᠤᠳᠠᠭᠠᠨ ᠤ᠋ ᠬᠣᠬᠢᠷᠠᠯ ᠢ᠋ ᠪᠦᠳᠦᠮᠵᠢᠳᠠᠢ ᠪᠠᠭᠠᠰᠭᠠᠪᠠ᠃

《ᠥᠩᠭᠡᠷᠡᠭ᠌ᠰᠡᠨ ᠳ᠋ᠤ ᠨᠠᠮᠤᠷ ᠤ᠋ᠨ ᠬᠤᠷᠢᠶᠠᠯᠲᠠ ᠢ᠋ᠢᠨ ᠳᠠᠷᠠᠭ᠎ᠠ ᠡᠷᠳᠡᠨᠢ ᠱᠢᠰᠢ ᠢ᠋ᠢ ᠥᠪᠡᠷ ᠤ᠋ᠨ ᠬᠦᠷᠢᠶ᠎ᠡ ᠳ᠋ᠡᠭᠡᠨ ᠬᠠᠲᠠᠭᠠᠵᠤ᠂ ᠪᠣᠷᠣᠭᠠᠨ ᠴᠠᠰᠤ ᠤᠷᠤᠪᠠᠯ ᠸᠠᠯᠠᠵᠤ ᠢᠯᠵᠢᠷᠡᠬᠡᠳ ᠬᠤᠳᠠᠯᠳᠤᠵᠤ ᠭᠠᠷᠬᠤ ᠦᠭᠡᠢ ᠪᠤᠯᠴᠢᠬᠠᠳᠠᠬ᠃ ᠤᠳᠤ ᠲᠠᠷᠢᠶᠠᠨ ᠭᠠᠵᠠᠷ ᠡᠴᠡ ᠠᠮᠤ ᠪᠤᠳᠠᠭᠠᠨ ᠤ᠋ ᠬᠥᠮᠥᠷᠭᠡ ᠳ᠋ᠤ ᠱᠢᠭᠤᠳ ᠣᠷᠣᠭᠤᠯᠤᠭᠰᠠᠨ ᠡᠴᠡ 〈ᠭᠠᠵᠠᠷ ᠲᠤ᠌ ᠬᠡᠪᠲᠡᠭ᠌ᠰᠡᠨ ᠠᠮᠤ〉 ᠦᠭᠡᠢ ᠪᠤᠯᠪᠠ》 ᠬᠡᠵᠤ ᠶᠣᠣ ᠵᠠᠨ ᠵᠢᠶᠦ᠋ᠨ ᠬᠡᠯᠡᠨ᠎ᠠ᠃ ᠲᠡᠷᠡ ᠪᠣᠯ ᠬᠣᠷᠴᠢᠨ ᠲᠣᠭᠣᠷᠢᠭ ᠤ᠋ᠨ ᠤᠷᠪᠤᠬ ᠪᠠᠯᠭᠠᠰᠤ ᠵᠢᠨ ᠵᠡᠭᠦᠨ ᠱᠢᠪᠡᠭᠡ ᠠᠢᠯ ᠲᠤᠰᠬᠤᠨ ᠤ᠋ ᠲᠠᠷᠢᠶᠠᠴᠢᠨ ᠶᠤᠮ᠂ 5 ᠵᠢᠯ ᠤ᠋ᠨ ᠡᠮᠦᠨ᠎ᠡ ᠲᠠᠷᠢᠶᠠᠨ ᠭᠠᠵᠠᠷ ᠤ᠋ᠨ ᠵᠢᠡᠨ ᠡᠵᠡᠩᠨᠡᠯᠳᠡ ᠵᠢᠨ ᠡᠷᠬᠡ ᠵᠢ ᠬᠦᠢᠯᠬᠡᠬᠡᠭᠰᠡᠨ ᠤ᠋ ᠳᠠᠷᠠᠭ᠎ᠠ ᠳ᠋ᠸ ᠨᠦᠸᠸ ᠺᠣᠮᠫᠠᠨᠢ ᠳ᠋ᠤ ᠢᠷᠡᠬᠡᠳ ᠬᠦᠯᠦᠰᠤᠨ ᠠᠵᠢᠯ ᠬᠢᠵᠤ ᠬᠣᠶᠠᠷ ᠬᠤᠪᠢ ᠵᠢᠨ ᠣᠷᠣᠯᠭ᠎ᠠ ᠤᠯᠵᠤ ᠪᠠᠢᠨ᠎ᠠ᠃

ᠠᠮᠤ ᠪᠤᠳᠠᠭ᠎ᠠ ᠢ᠋ᠢ ᠬᠠᠲᠠᠭᠠᠬᠤ ᠪᠠ ᠬᠠᠳᠠᠭᠠᠯᠠᠬᠤ ᠨᠢ ᠵᠥᠪᠬᠡᠨ ᠳ᠋ᠸ ᠨᠦᠸᠸ ᠺᠣᠮᠫᠠᠨᠢ ᠢ᠋ᠢᠨ ᠬᠠᠩᠭᠠᠭ᠍ᠰᠠᠨ ᠪᠠᠭ᠎ᠠ ᠬᠡᠮᠵᠢᠶᠠᠨ ᠤ᠋ ᠦᠶ᠋ᠯᠡᠴᠢᠯᠡᠭᠡ ᠪᠤᠯᠤᠨ᠎ᠠ᠃ ᠲᠤᠰ ᠺᠣᠮᠫᠠᠨᠢ ᠲᠣᠮᠣ ᠬᠡᠯᠪᠡᠷᠢ ᠢ᠋ᠢᠨ ᠲᠡᠷᠢᠭᠦᠨ ᠤ᠋ ᠲᠥᠬᠥᠭᠡᠷᠦᠮᠵᠢ ᠪᠠ ᠲᠠᠷᠢᠶᠠᠯᠠᠩ ᠤ᠋ᠨ ᠲᠤᠰᠭᠠᠢᠵᠢᠭ᠍ᠰᠠᠨ ᠴᠢᠳᠠᠪᠤᠷᠢᠲᠠᠨ ᠢ᠋ ᠣᠷᠣᠭᠤᠯᠤᠨ ᠠᠪᠴᠢᠷᠠᠵᠤ᠂ ᠪᠥᠬᠥ᠌ ᠲᠣᠰᠭᠣᠨ ᠤ᠋ ᠲᠠᠷᠢᠶᠠᠨ ᠭᠠᠵᠠᠷ ᠤ᠋ᠨ ᠡᠵᠡᠩᠨᠡᠯᠳᠡ ᠵᠢᠨ ᠡᠷᠬᠡ ᠵᠢ ᠬᠦᠢᠯᠬᠡᠬᠡᠬᠦ ᠪᠠ ᠭᠠᠵᠠᠷ ᠲᠠᠷᠢᠶ᠎ᠠ ᠢ᠋ᠢ ᠨᠠᠢᠳᠠᠨ ᠬᠠᠮᠢᠶᠠᠷᠬᠤ ᠪᠡᠷ ᠳᠠᠮᠵᠢᠨ ᠡᠷᠬᠢᠨ ᠲᠣᠭᠣᠷᠢᠨ ᠤ᠋ ᠠᠢᠯ ᠲᠣᠰᠭᠣᠨ ᠳ᠋ᠤ ᠳᠠᠷᠢᠬᠤ᠂ ᠰᠡᠷᠭᠡᠢᠯᠡᠬᠦ᠌᠂ ᠬᠤᠷᠢᠶᠠᠬᠤ᠂ ᠨᠥᠭᠡᠴᠡᠯᠡᠬᠦ᠌᠂ ᠪᠣᠷᠣᠯᠠᠭᠤᠯᠬᠤ ᠪᠥᠬᠥ᠌ ᠶᠠᠪᠤᠴᠠ ᠢ᠋ᠢᠨ ᠦᠶ᠋ᠯᠡᠴᠢᠯᠡᠭᠡ ᠬᠠᠩᠭᠠᠪᠠ᠃

《ᠥᠩᠭᠡᠷᠡᠭ᠌ᠰᠡᠨ ᠳ᠋ᠤ ᠲᠣᠰᠭᠣᠨ ᠤ᠋ ᠲᠠᠷᠢᠶᠠᠨ ᠭᠠᠵᠠᠷ ᠲᠠᠷᠠᠬᠠᠢ ᠪᠤᠲᠠᠷᠬᠠᠢ᠂ ᠲᠤᠮᠤ ᠬᠡᠯᠪᠡᠷᠢ ᠢ᠋ᠢᠨ ᠮᠠᠱᠢᠨ ᠢ᠋ ᠠᠵᠢᠯᠯᠠᠭᠤᠯᠵᠤ ᠳᠡᠢᠯᠬᠦ᠌ ᠦᠭᠡᠢ ᠮᠦᠷᠳᠡᠬᠡᠨ ᠤᠨᠠᠯᠳᠠ ᠪᠠᠰᠠ ᠳᠡᠭᠰᠢ ᠦᠭᠡᠢ᠂ ᠲᠠᠷᠢᠶᠠᠴᠢᠳ ᠵᠢᠯ ᠤ᠋ᠨ ᠰᠡᠭᠦᠯᠴᠢ ᠪᠤᠯᠬᠤ ᠳ᠋ᠤ ᠬᠡᠳᠦᠬᠡᠨ ᠵᠣᠭᠣᠰ ᠲᠠᠢ ᠦᠯᠡᠳᠡᠳᠡᠭ ᠪᠠᠢᠭᠰᠠᠨ》 ᠬᠡᠵᠤ ᠤᠷᠪᠤᠭ ᠪᠠᠯᠭᠠᠰᠤ ᠵᠢᠨ ᠵᠡᠭᠦᠨ ᠱᠢᠪᠡᠭᠡ ᠠᠢᠯ ᠲᠤᠰᠬᠤᠨ ᠤ᠋ ᠨᠠᠮ ᠤ᠋ᠨ ᠡᠭᠦᠷ ᠤ᠋ᠨ ᠱᠦᠵᠢ ᠭᠦᠸᠧ ᠵᠧᠨ ᠶᠢᠦ ᠲᠠᠷᠢᠶᠠᠯᠠᠬᠤ ᠡᠷᠦᠬᠡ ᠢ᠋ᠢᠨ 《ᠲᠠᠡᠭ  ᠭᠠᠭᠴᠠ ᠪᠡᠷ ᠲᠡᠮᠡᠴᠡᠵᠤ》 ᠪᠠᠢᠭᠰᠠᠨ ᠪᠠᠢᠳᠠᠯ ᠤ᠋ᠨ ᠬᠢᠵᠠᠭᠠᠷᠳᠠᠮᠠᠯ ᠴᠢᠨᠠᠷ ᠢ᠋ ᠶᠠᠷᠢᠨ᠎ᠠ᠃

ᠤᠳᠤ ᠭᠠᠵᠠᠷ ᠲᠠᠷᠢᠶ᠎ᠠ ᠢ᠋ᠢ 《ᠲᠠᠷᠠᠬᠠᠢ ᠪᠤᠲᠠᠷᠬᠠᠢ ᠪᠠᠢᠬᠰᠠᠨ ᠢ᠋᠎ᠪᠦᠬᠦᠯᠢ ᠴᠣᠭ᠍ᠴᠠ ᠪᠣᠯᠭᠠᠨ》 ᠬᠡᠪᠴᠢᠶᠡᠵᠢᠭᠦᠯᠦᠨ ᠬᠥᠭ᠌ᠵᠢᠭᠦᠯᠵᠤ᠂ ᠳᠣᠬᠢᠭᠤᠷ ᠲᠤᠯᠤᠭᠠᠨ ᠣᠲᠣ ᠵᠠᠮᠴᠢᠯᠠᠭᠤᠷ ᠲᠠᠢ ᠦᠷ᠎ᠠ ᠰᠠᠴᠤᠬᠤ ᠮᠠᠰᠢᠨ ᠢ᠋ᠢᠡᠷ ᠵᠢᠭᠳᠡ ᠪᠡᠷ ᠲᠠᠷᠢᠶᠠᠨ ᠴᠢᠬᠢ ᠪᠠᠷᠢᠬᠤ ᠢ᠋ᠢ ᠪᠠᠲᠤᠯᠠᠵᠤ᠂ ᠨᠢᠭ᠍ᠲᠠ ᠲᠠᠷᠢᠵᠤ ᠤᠨᠠᠯᠳᠠ ᠵᠢ ᠨᠡᠮᠡᠭᠳᠡᠬᠦᠯᠬᠦ ᠮᠡᠷᠭᠡᠵᠢᠯ ᠤ᠋ᠨ ᠱᠢᠰᠲ᠋ᠧᠮ ᠤ᠋ᠨ ᠬᠤᠷᠠᠮᠠᠯ ᠬᠡᠷᠡᠭ᠌ᠯᠡᠯᠲᠡ ᠨᠢ ᠲᠣᠭ᠍ᠲᠠᠭᠤᠨ ᠪᠥᠭᠡᠳ ᠥᠨᠳᠥᠷ ᠤᠨᠠᠯᠲᠠ ᠢ᠋ᠢ ᠪᠠᠲᠤᠯᠠᠵᠤ᠂ ᠵᠢᠯᠣᠭᠣᠴᠢ ᠥᠬᠡᠶ ᠨᠢᠰᠭᠡᠯ ᠵᠢᠡᠷ ᠨᠢᠭᠡᠳᠦᠯᠲᠡᠶ ᠰᠡᠷᠭᠡᠢᠯᠡᠬᠦ ᠨᠢ ᠡᠪᠡᠳᠴᠢᠨ ᠬᠣᠷᠣᠬᠠᠶ ᠢ᠋ᠢᠨ ᠬᠥᠨᠥᠭᠡᠯ ᠢ᠋ ᠨᠠᠷᠢᠯᠢᠭ ᠣᠨᠣᠪᠴᠢᠲᠠᠶ ᠰᠡᠷᠭᠡᠢᠯᠡᠨ ᠡᠵᠡᠮᠳᠡᠬᠦ᠌ ᠢ᠋ᠢ ᠪᠡᠶᠡᠯᠡᠭᠦᠯᠵᠦ᠍᠂ ᠣᠶᠤᠨᠴᠢ ᠬᠠᠳᠤᠵᠤ ᠬᠤᠷᠢᠶᠠᠬᠤ ᠮᠠᠱᠢᠨ ᠨᠢ ᠮᠦᠬᠦᠯᠢᠭ ᠠᠮᠤ ᠨᠢᠬᠡᠪᠤᠷᠢ ᠵᠢ ᠥᠨᠳᠥᠷ ᠪᠦᠲᠦᠮᠵᠢᠲᠡᠶ ᠪᠡᠷ ᠬᠤᠷᠢᠶᠠᠬᠤ ᠢ᠋ᠢ ᠪᠡᠶᠡᠯᠡᠭᠦᠯᠪᠡ ᠁

ᠲᠠᠷᠢᠶᠠᠯᠠᠩ ᠤ᠋ᠨ ᠬᠡᠷᠡᠭ᠌ᠰᠡᠯ᠂ ᠲᠸᠭᠨᠢᠭ ᠮᠡᠷᠭᠡᠵᠢᠯ᠂ ᠮᠠᠱᠢᠨ ᠲᠦᠬᠦᠬᠡᠷᠤᠮᠵᠢ ᠵᠢ ᠨᠢᠬᠡᠳᠤᠯᠳᠠᠢ ᠪᠤᠯᠭᠠᠭᠰᠠᠨ ᠵᠢᠡᠷ ᠪᠠᠷᠠᠬᠤ ᠦᠬᠡᠢ ᠬᠡᠪᠴᠢᠶᠡᠵᠢᠭᠦᠯᠬᠦ᠌ ᠪᠠ ᠪᠠᠷᠢᠮᠵᠢᠶᠠᠵᠢᠭᠤᠯᠬᠤ ᠠᠵᠢᠯ ᠢ᠋ ᠴᠦ᠍ ᠨᠢᠭᠡᠳᠦᠯᠲᠡᠶ ᠪᠣᠯᠭᠠᠭᠰᠠᠨ ᠨᠢ ᠠᠮᠤ ᠪᠤᠳᠠᠭᠠᠨ ᠤ᠋ ᠲᠠᠷᠢᠮᠠᠯ ᠤ᠋ᠨ ᠮᠦ᠍ ᠨᠢᠭᠡᠴᠢ ᠢ᠋ᠢᠨ ᠤᠨᠠᠯᠲᠠ ᠢ᠋ᠢ ᠮᠡᠳᠡᠭᠳᠡᠮ᠎ᠠ ᠳᠡᠭᠡᠭ᠌ᠰᠢᠯᠡᠭᠦᠯᠪᠠ᠃ 2025 ᠣᠨ ᠳ᠋ᠤ ᠵᠠᠭᠦᠨ ᠰᠢᠪᠠᠭᠡ ᠠᠢᠯ ᠲᠤᠰᠬᠤᠨ ᠤ᠋ ᠲᠦᠮᠡᠨ ᠮᠦ᠍ ᠢ᠋ᠢᠨ ᠲᠥᠷᠥᠯ ᠵᠦᠢᠯ ᠤ᠋ᠨ ᠤᠷᠤᠨ ᠤ᠋ ᠮᠦ᠍ ᠪᠦᠷᠢ ᠢ᠋ᠢᠨ ᠤᠨᠠᠯᠲᠠ1265.06 ᠺᠢᠯᠣᠭ᠌ᠷᠠᠮ ᠳ᠋ᠤ ᠬᠦᠷᠴᠤ᠂ ᠵᠡᠭᠦᠨ ᠬᠣᠢᠲᠤ ᠢ᠋ᠢᠨ ᠬᠠᠪᠤᠷ ᠤ᠋ᠨ ᠡᠷᠳᠡᠨᠢ ᠱᠢᠰᠢ ᠢ᠋ᠢᠨ ᠲᠠᠷᠢᠮᠠᠯ ᠤ᠋ᠨ ᠤᠷᠤᠨ ᠤ᠋ ᠲᠦᠮᠡᠨ ᠮᠦ᠍ ᠢ᠋ᠢᠨ ᠬᠡᠪᠴᠢᠶᠡᠵᠢᠭᠰᠡᠨ ᠲᠠᠷᠢᠶᠠᠨ ᠤ᠋ ᠤᠨᠠᠯᠲᠠ ᠢ᠋ᠢᠨ ᠲᠡᠮᠳᠡᠭ᠌ᠯᠡᠯ ᠢ᠋ ᠳᠠᠬᠢᠨᠲᠠ ᠱᠢᠨᠡᠳᠭᠡᠪᠡ᠃

ᠲᠦᠩᠯᠢᠶᠣᠤ ᠬᠤᠳᠠ ᠳ᠋ᠤ ᠳ᠋ᠸ ᠨᠦᠸᠸ ᠲᠠᠷᠢᠶᠠᠯᠠᠩ ᠤ᠋ᠨ ᠺᠣᠮᠫᠠᠨᠢ ᠱᠢᠭ᠋ ᠡᠢᠮᠦᠷᠬᠦᠦ ᠲᠠᠷᠢᠶᠠᠯᠠᠩ ᠤ᠋ᠨ ᠨᠡᠢᠭᠡᠮᠴᠢᠯᠡᠭ᠌ᠰᠡᠨ ᠦᠶ᠋ᠯᠡᠴᠢᠯᠡᠭᠡᠨ ᠤ᠋ ᠵᠣᠬᠢᠶᠠᠨ ᠪᠠᠢᠭᠤᠯᠤᠯᠲᠠ 1000 ᠭᠠᠷᠤᠶ ᠪᠠᠢᠵᠤ᠂ ᠦᠶ᠋ᠯᠡᠴᠢᠯᠡᠭᠡᠨ ᠤ᠋ ᠲᠠᠷᠢᠶᠠᠨ ᠭᠠᠵᠠᠷ ᠤ᠋ᠨ ᠲᠠᠯᠠᠪᠠᠶ ᠨᠢ 1225.7 ᠲᠦᠮᠡᠨ ᠮᠤ᠌ ᠳ᠋ᠤ ᠬᠦᠷᠴᠦ᠍᠂ ᠲᠦᠩᠯᠢᠶᠣᠤ ᠬᠣᠲᠠ ᠢ᠋ᠢᠨ ᠲᠠᠷᠢᠶᠠᠨ ᠭᠠᠵᠠᠷ ᠤ᠋ᠨ ᠲᠠᠯᠠᠪᠠᠶ ᠢ᠋ᠢᠨ ᠭᠤᠷᠪᠠᠨ ᠤ᠋ ᠨᠢᠭᠡ ᠡᠴᠡ ᠳᠡᠭᠡᠭ᠌ᠰᠢ ᠢ᠋ᠢ ᠡᠵᠡᠯᠡᠨ᠂ 25.9 ᠲᠦᠮᠡᠨ ᠡᠷᠦᠬᠡ ᠳ᠋ᠤ ᠠᠱᠢᠭ ᠬᠦᠷᠲᠡᠭᠡᠪᠡ᠃

ᠲᠦᠩᠯᠢᠶᠣᠤ ᠪᠣᠯ ᠤᠯᠤᠰ ᠤ᠋ᠨ ᠴᠢᠬᠤᠯᠠ ᠲᠠᠸᠠᠷ ᠤ᠋ᠨ ᠠᠮᠤ ᠪᠤᠳᠠᠭᠠᠨ ᠤ᠋ ᠰᠠᠭᠤᠷᠢᠨ ᠪᠣᠯᠤᠨ᠎ᠠ᠃ ᠨᠢᠭᠡ ᠲᠠᠯ᠎ᠠ ᠪᠡᠷ ᠬᠣᠲᠠ ᠪᠠᠯᠭᠠᠰᠤᠵᠢᠯᠲᠠ ᠢ᠋ᠢᠨ ᠠᠬᠢᠴᠠ ᠢ᠋ᠢ ᠳᠠᠭᠠᠯᠳᠤᠨ 《ᠬᠡᠨ ᠲᠠᠷᠢᠶ᠎ᠠ ᠲᠠᠷᠢᠬᠤ》 ᠠᠰᠠᠭᠤᠳᠠᠯ ᠡᠳᠦᠷ ᠢᠷᠡᠬᠦᠶ᠎ᠡ ᠲᠣᠪᠣᠢᠮ᠎ᠠ ᠪᠣᠯᠵᠣ᠂ ᠨᠥᠭᠥᠭᠡ ᠲᠠᠯ᠎ᠠ ᠪᠡᠷ ᠤᠯᠠᠮᠵᠢᠯᠠᠯᠲᠤ ᠲᠠᠷᠢᠶᠠᠯᠠᠬᠤ ᠡᠷᠦᠬᠡ ᠨᠢ ᠭᠠᠵᠠᠷ ᠲᠠᠷᠢᠶ᠎ᠠ ᠢ᠋ᠢ ᠲᠡᠷᠠᠬᠠᠢ ᠪᠤᠲᠠᠷᠬᠠᠢ ᠪᠡᠷ ᠡᠵᠡᠩᠨᠡᠵᠤ᠂ ᠤᠨᠠᠯᠳᠠ ᠢ᠋ᠢᠨ ᠦᠷ᠎ᠡ ᠠᠱᠢᠭ ᠨᠢ ᠳᠤᠤᠷ᠎ᠠ᠂ ᠮᠡᠷᠭᠡᠵᠢᠯ ᠨᠢ ᠬᠣᠴᠣᠷᠤᠩᠭᠤᠶ ᠪᠠᠢᠵᠤ᠂ ᠠᠮᠤ ᠪᠤᠳᠠᠭᠠᠨ ᠤ᠋ ᠦᠶ᠋ᠯᠡᠳᠪᠦᠷᠢᠯᠡᠯ ᠤ᠋ᠨ ᠳᠠᠯᠳᠠ ᠬᠦᠴᠦᠨ ᠢ᠋ ᠪᠠᠳᠠᠷᠠᠭᠤᠯᠬᠤ ᠪᠣᠭᠣᠮᠢ ᠪᠤᠯᠵᠤ᠂ 《ᠬᠡᠷᠬᠢᠨ ᠲᠠᠷᠢᠶᠠᠯᠠᠬᠤ》 ᠠᠰᠠᠭᠤᠳᠠᠯ ᠳ᠋ᠤ ᠲᠤᠯᠭᠠᠷᠠᠭᠰᠠᠨ ᠠᠵᠢ᠃

ᠠᠰᠠᠭᠤᠳᠠᠯ ᠢ᠋ ᠱᠢᠢᠳᠪᠦᠷᠢᠯᠡᠬᠦ᠌ ᠤᠶᠤᠨ ᠤᠬᠠᠭᠠᠨ ᠨᠢ ᠥᠭᠡᠷᠡᠴᠢᠯᠡᠯᠳᠡ ᠬᠢᠭᠰᠡᠳ ᠤ᠋ᠨ ᠰᠥᠰᠥ᠍ ᠵᠣᠷᠢᠭ ᠢ᠋ ᠢᠯᠡᠷᠡᠭᠦᠯᠵᠡᠢ᠃ ᠲᠦᠩᠯᠢᠶᠣᠤ ᠬᠣᠲᠠ ᠲᠠᠷᠢᠶᠠᠯᠠᠩ ᠤ᠋ᠨ ᠨᠡᠢᠭᠡᠮᠴᠢᠯᠡᠭ᠌ᠰᠡᠨ ᠦᠶ᠋ᠯᠡᠴᠢᠯᠡᠭᠡ ᠢ᠋ᠢ ᠶᠡᠬᠡ ᠪᠡᠷ ᠬᠠᠢᠨ ᠰᠦᠪᠡᠭ᠌ᠴᠢᠯᠡᠵᠦ᠍᠂ ᠦᠶ᠋ᠯᠡᠴᠢᠯᠡᠭᠡᠨ ᠤ᠋ ᠵᠠᠭ᠍ᠪᠤᠷ ᠤ᠋ᠨ ᠱᠢᠨ᠎ᠡ ᠢ᠋ᠢ ᠡᠭᠦᠳᠬᠦ᠌᠂ ᠣᠯᠠᠨ ᠡᠱᠢᠲᠦ ᠦᠶ᠋ᠯᠡᠴᠢᠯᠡᠭᠡᠨ ᠤ᠋ ᠭᠤᠤᠯ ᠴᠣᠭ᠍ᠴᠠ ᠢ᠋ᠢ ᠪᠣᠢᠵᠢᠭᠤᠯᠬᠤ᠂ ᠠᠱᠢᠭ ᠲᠤᠰᠠ ᠢ᠋ᠢᠨ ᠬᠣᠯᠪᠣᠭᠠᠨ ᠤ᠋ ᠲᠣᠭ᠍ᠲᠠᠴᠠ ᠢ᠋ᠢ ᠲᠡᠭᠦᠯᠳᠡᠷᠵᠢᠭᠦᠯᠬᠦ᠌ ᠵᠡᠷᠭᠡ ᠠᠷᠭ᠎ᠠ ᠬᠡᠮᠵᠢᠶ᠎ᠡ ᠪᠡᠷ ᠳᠠᠮᠵᠢᠨ ᠬᠦᠴᠢᠷ ᠠᠰᠠᠭᠤᠳᠠᠯ ᠢ᠋ ᠱᠢᠶ᠋ᠳᠪᠦᠷᠢᠯᠡᠪᠡ᠃

ᠲᠣᠰᠭᠣᠨ ᠤ᠋ ᠬᠠᠮᠲᠤ ᠢ᠋ᠢᠨ ᠭᠠᠵᠠᠷ ᠱᠢᠷᠣᠢ ᠢ᠋ᠢ ᠨᠡᠢᠳᠬᠡᠨ᠂ ᠲᠤᠰᠭᠠᠢ ᠬᠤᠷᠱᠢᠶ᠎ᠠ ᠡᠴᠡ ᠬᠡᠪᠴᠢᠶᠡᠵᠢᠭᠦᠯᠦᠨ ᠡᠵᠡᠡᠭᠨᠡᠵᠤ᠂ ᠲᠠᠷᠢᠶᠠᠯᠠᠡᠭ ᠤ᠋ᠨ ᠠᠵᠤ ᠠᠬᠤᠢᠯᠠᠯ ᠢ᠋ ᠨᠢᠭ᠍ᠲᠠ ᠬᠣᠯᠪᠣᠨ᠂ ᠦᠢᠯᠡᠴᠢᠯᠡᠭᠡᠨ ᠤ᠋ ᠵᠣᠬᠢᠶᠠᠨ ᠪᠠᠢᠭᠤᠯᠤᠯᠲᠠ ᠪᠦᠬᠦ᠌ ᠶᠠᠪᠤᠴᠠ ᠳ᠋ᠤ ᠦᠢᠯᠡᠴᠢᠯᠡᠵᠦ᠍᠂ ᠲᠠᠷᠢᠶᠠᠯᠠᠡᠭ ᠤ᠋ᠨ ᠦᠢᠯᠡᠳᠪᠦᠷᠢᠯᠡᠯ ᠤ᠋ᠨ ᠠᠷᠭ᠎ᠠ ᠬᠡᠯᠪᠡᠷᠢ ᠢ᠋ᠢᠨ ᠬᠤᠪᠢᠰᠤᠯᠲᠠ ᠢ᠋ᠢ ᠪᠦᠬᠦ᠌ ᠲᠠᠯ᠎ᠠ ᠪᠡᠷ ᠠᠬᠢᠭᠤᠯᠪᠠ —

112 ᠰᠤᠮᠤ ᠪᠠᠯᠭᠠᠰᠤ ᠲᠠᠯᠠᠪᠠᠢ ᠢ᠋ᠢᠨ 1908 ᠭᠠᠴᠠᠭ᠎ᠠ ᠲᠣᠰᠭᠣᠨ ᠤ᠋ ᠬᠠᠮᠲᠤ ᠢ᠋ᠢᠨ ᠭᠠᠵᠠᠷ ᠱᠢᠷᠣᠢ ᠢ᠋ᠢ ᠰᠠᠨᠠᠭᠠᠴᠢᠯᠠᠭ᠎ᠠ ᠡᠴᠡ ᠪᠠᠨ ᠨᠡᠢᠳᠭᠡᠨ 《ᠭᠠᠵᠠᠷ ᠲᠠᠷᠢᠶ᠎ᠠ ᠲᠠᠷᠠᠬᠠᠢ ᠪᠤᠲᠠᠷᠬᠠᠢ》 ᠪᠠᠢᠬᠤ ᠬᠦᠴᠢᠷ ᠠᠰᠠᠭᠤᠳᠠᠯ ᠢ᠋ ᠱᠢᠢᠳᠪᠦᠷᠢᠯᠡᠵᠦ᠍᠂ ᠲᠠᠷᠢᠶᠠᠯᠠᠡᠭ ᠤ᠋ᠨ ᠦᠢᠯᠡᠳᠪᠦᠷᠢᠯᠡᠯ ᠤ᠋ᠨ ᠬᠡᠪᠴᠢᠶᠡᠵᠢᠯᠲᠡ ᠪᠠ ᠮᠠᠱᠢᠨᠴᠢᠯᠠᠯᠲᠠ ᠢ᠋ᠢᠨ ᠲᠦᠪᠰᠢᠨ ᠢ᠋ ᠲᠠᠬᠡᠭᠰᠢᠯᠡᠬᠦᠯᠬᠦ ᠳ᠋ᠤ ᠰᠠᠭᠤᠷᠢ ᠲᠠᠯᠪᠢᠪᠠ; ᠨᠠᠮ ᠤ᠋ᠨ ᠡᠭᠦᠷ᠂ ᠲᠣᠰᠭᠣᠨ ᠤ᠋ ᠬᠠᠮᠲᠤ ᠨᠡᠢᠲᠡ᠂ ᠲᠤᠰᠬᠠᠢ ᠬᠣᠷᠱᠢᠶ᠎ᠠ᠂ ᠬᠣᠯᠪᠣᠭᠠᠲᠤ ᠬᠣᠷᠱᠢᠶ᠎ᠠ᠂ ᠠᠵᠤ ᠠᠬᠤᠢᠯᠠᠯ᠂ ᠬᠡᠷ ᠪᠦᠯᠢ ᠢ᠋ᠢᠨ ᠲᠠᠷᠢᠶᠠᠯᠠᠩ ᠤ᠋ᠨ ᠲᠠᠯᠠᠪᠠᠶ᠂ ᠲᠠᠷᠢᠮᠠᠯ ᠤ᠋ᠨ ᠲᠣᠮᠣ ᠡᠷᠦᠬᠡ ᠵᠡᠷᠭᠡ 7 ᠲᠥᠷᠥᠯ ᠤ᠋ᠨ ᠭᠤᠤᠯ ᠴᠣᠭ᠍ᠴᠠ ᠲᠦᠷᠦᠭᠦᠯᠡᠨ 《ᠤᠨᠠᠯᠲᠠ ᠢ᠋ᠢ ᠪᠠᠲᠤᠯᠠᠬᠤ ᠦᠶ᠋ᠯᠡᠴᠢᠯᠡᠭᠡ᠂ ᠤᠨᠠᠯᠲᠠ ᠢ᠋ᠢ ᠨᠡᠮᠡᠭ᠌ᠳᠡᠭᠦᠯᠵᠦ᠍ ᠠᠱᠢᠭ ᠬᠤᠪᠢᠶᠠᠬᠤ》 ᠵᠡᠷᠭᠡ ᠲᠠᠷᠢᠶᠠᠯᠠᠩ ᠤ᠋ᠨ ᠬᠤᠯᠪᠤᠭᠠᠯᠠᠨ ᠳᠠᠢᠴᠢᠯᠠᠬᠤ ᠵᠠᠭ᠍ᠪᠤᠷ ᠢ᠋ ᠬᠡᠷᠡᠭ᠌ᠵᠢᠭᠦᠯᠵᠦ᠍᠂ ᠡᠵᠡᠩᠨᠡᠯᠲᠡ ᠢ᠋ᠢᠨ ᠭᠤᠤᠯ ᠴᠣᠭ᠍ᠴᠠ ᠪᠠ ᠲᠠᠷᠢᠶᠠᠴᠢᠳ ᠤ᠋ᠨ ᠣᠷᠣᠯᠭ᠎ᠠ᠎ᠪᠠᠨ ᠨᠡᠮᠡᠭ᠌ᠳᠡᠭᠦᠯᠵᠦ᠍ ᠬᠠᠮᠲᠤ ᠪᠡᠷ ᠠᠱᠢᠭ ᠭᠥᠷᠳᠡᠬᠦ᠌ ᠢ᠋ᠢ ᠳᠠᠢᠴᠢᠯᠠᠪᠠ; ᠲᠠᠷᠢᠶᠠᠯᠠᠩ ᠳ᠋ᠤ ᠬᠣᠯᠪᠣᠭ᠍ᠳᠠᠭ᠍ᠰᠠᠨ 416 ᠠᠵᠤ ᠠᠬᠤᠢᠯᠠᠯ ᠢ᠋ᠢᠡᠷ ᠪᠦᠷᠢᠯᠳᠦᠭ᠌ᠰᠡᠨ ᠨᠡᠢᠭᠡᠮᠴᠢᠯᠡᠭ᠌ᠰᠡᠨ ᠦᠶ᠋ᠯᠡᠴᠢᠯᠡᠭᠡᠨ ᠤ᠋ ᠬᠣᠯᠪᠣᠭ᠎ᠠ ᠢ᠋ᠢ ᠪᠠᠢᠭᠤᠯᠵᠤ᠂ 1600 ᠭᠠᠷᠤᠶ ᠨᠡᠢᠭᠡᠮᠴᠢᠯᠡᠭ᠌ᠰᠡᠨ ᠦᠶ᠋ᠯᠡᠴᠢᠯᠡᠭᠡᠨ ᠤ᠋ ᠵᠣᠬᠢᠶᠠᠨ ᠪᠠᠢᠭᠤᠯᠤᠯᠲᠠ ᠢ᠋ᠢ ᠳᠠᠢᠴᠢᠯᠠᠨ᠂ ᠲᠠᠷᠢᠶᠠᠯᠠᠩ ᠤ᠋ᠨ ᠬᠡᠷᠡᠭ᠌ᠰᠡᠯ ᠬᠤᠳᠠᠯᠳᠤᠨ ᠠᠪᠬᠤ᠂ ᠲᠠᠷᠢᠶᠠᠯᠠᠬᠤ ᠠᠵᠢᠯ ᠬᠢᠬᠦ᠌᠂ ᠡᠪᠡᠳᠴᠢᠨ ᠬᠣᠷᠣᠬᠠᠶ ᠢ᠋ᠢᠨ ᠬᠥᠨᠥᠭᠡᠯ ᠢ᠋ ᠰᠡᠷᠭᠡᠢᠯᠡᠨ ᠵᠠᠰᠠᠬᠤ᠂ ᠤᠰᠤ ᠪᠣᠷᠲᠣᠭᠣᠷ ᠤ᠋ᠨ ᠬᠠᠮᠢᠶᠠᠷᠤᠯᠲᠠ ᠬᠢᠬᠦ᠂ ᠮᠠᠱᠢᠨ ᠢ᠋ᠢᠡᠷ ᠬᠤᠷᠢᠶᠠᠬᠤ᠂ ᠵᠠᠬ᠎ᠠ ᠳᠡᠯᠭᠡᠭᠦᠷ ᠲᠤ᠌ ᠪᠣᠷᠣᠯᠠᠭᠤᠯᠬᠤ 《ᠵᠢᠷᠭᠤᠭ᠎ᠠ ᠢ᠋ᠢ ᠨᠢᠭᠡᠳᠭᠡᠬᠦ᠌》 ᠬᠠᠮᠢᠶᠠᠷᠤᠯᠲᠠ ᠢ᠋ᠢ ᠠᠬᠢᠭᠤᠯᠪᠠ᠃

ᠲᠠᠷᠢᠶᠠᠨ ᠭᠠᠵᠠᠷ 《ᠲᠠᠷᠠᠬᠠᠢ ᠪᠤᠲᠠᠷᠬᠠᠢ》 ᠪᠠᠢᠭᠰᠠᠨ ᠡᠴᠡ 《ᠲᠥᠪᠯᠡᠷᠡᠨ ᠵᠠᠯᠭᠠᠯᠳᠤᠭ᠍ᠤ》 ᠬᠦᠷᠲᠡᠯ᠎ᠡ᠂ ᠲᠠᠷᠢᠶᠠᠯᠠᠡᠭ ᠤ᠋ᠨ ᠦᠢᠯᠡᠳᠪᠤᠷᠢᠯᠡᠯ ᠳ᠋ᠤ 《ᠪᠠᠭ᠎ᠠ ᠬᠡᠪᠴᠢᠶ᠎ᠡ ᠪᠡᠷ ᠲᠠᠷᠢᠵᠤ》 ᠪᠠᠢᠭᠰᠠᠨ ᠡᠴᠡ 《ᠬᠡᠪᠴᠢᠶ᠎ᠡ ᠢ᠋ᠢ ᠥᠷᠭᠡᠳᠭᠡᠨ ᠶᠠᠰᠤ ᠴᠢᠨᠠᠷ ᠢ᠋ ᠳᠡᠭᠡᠭ᠌ᠰᠢᠯᠡᠭᠦᠯᠬᠦ》 ᠬᠦᠷᠲᠡᠯ᠎ᠡ᠂ ᠲᠦᠩᠯᠢᠶᠤᠤ ᠵᠢᠨ ᠨᠡᠢᠭᠡᠮᠴᠢᠯᠡᠭ᠌ᠰᠡᠨ ᠦᠢᠯᠡᠴᠢᠯᠡᠭᠡ ᠨᠢ 《ᠬᠡᠨ ᠲᠠᠷᠢᠶ᠎ᠠ ᠲᠠᠷᠢᠬᠤ》᠂ 《ᠬᠡᠷᠬᠢᠨ ᠲᠠᠷᠢᠶᠠᠯᠠᠬᠤ》 ᠬᠦᠴᠢᠷ ᠠᠰᠠᠭᠤᠳᠠᠯ ᠢ᠋ ᠱᠢᠢᠳᠪᠦᠷᠢᠯᠡᠵᠦ᠍᠂ ᠤᠯᠠᠮᠵᠢᠯᠠᠯᠲᠤ ᠲᠠᠷᠢᠶᠠᠯᠠᠡᠭ ᠤ᠋ᠨ ᠪᠠᠷᠢᠮᠵᠢᠶᠠᠵᠢᠯᠲᠠ᠂ ᠡᠷᠴᠢᠮᠵᠢᠯᠲᠡ᠂ ᠠᠵᠤ ᠦᠢᠯᠡᠰᠵᠢᠯᠲᠡ ᠲᠡᠢᠰᠢ ᠬᠡᠯᠪᠡᠷᠢ ᠪᠡᠨ ᠬᠤᠪᠢᠷᠠᠭᠤᠯᠬᠤ ᠢ᠋ᠢ ᠠᠬᠢᠭᠤᠯᠵᠤ᠂ ᠠᠮᠤ ᠪᠤᠳᠠᠭᠠᠨ ᠤ᠋ ᠤᠨᠠᠯᠲᠠ ᠢ᠋ᠢ ᠲᠣᠭ᠍ᠲᠠᠭᠤᠨ ᠢ᠋ᠢᠡᠷ ᠨᠡᠮᠡᠭᠳᠡᠬᠦᠯᠦᠭᠰᠡᠨ ᠵᠢᠡᠷ ᠪᠠᠷᠠᠬᠤ ᠦᠭᠡᠢ ᠨᠡᠩ ᠴᠤ᠌ ᠲᠠᠷᠢᠶᠠᠯᠠᠬᠤ ᠡᠷᠦᠬᠡ ᠢ᠋ᠢᠨ ᠣᠷᠣᠯᠭ᠎ᠠ ᠢ᠋ᠢ ᠨᠡᠮᠡᠭ᠌ᠳᠡᠭᠦᠯᠵᠦ᠍᠂ ᠠᠮᠤ ᠪᠤᠳᠠᠭᠠᠨ ᠤ᠋ ᠠᠮᠤᠷ ᠲᠦᠪᠱᠢᠨ ᠪᠣᠯᠤᠨ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠳ᠋ᠤ ᠪᠠᠲᠤ ᠪᠡᠬᠢ ᠬᠠᠯᠬᠠᠪᠴᠢ ᠢ᠋ᠢ ᠴᠤᠭᠴᠠᠯᠠᠬᠰᠠᠨ ᠪᠠᠢᠨ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号