《ᠰᠠᠯᠠᠭ᠎ᠠ ᠲᠠᠰᠤᠭ》 ᠤ᠋ᠨ ᠵᠠᠭᠠᠭ ᠬᠢᠵᠠᠭᠠᠷ ᠡᠴᠡ ᠭᠠᠷᠴᠤ᠌ 《ᠪᠦᠬᠦ᠌ ᠲᠠᠯ᠎ᠠ᠎ᠶ᠋ᠢᠨ ᠪᠠᠢᠷᠢ》 ᠳ᠋ᠦ ᠵᠤᠭᠰᠤᠵᠤ 《ᠵᠢᠵᠢᠭᠦᠷ ᠲᠣᠪᠴᠢᠶᠠᠨ ᠳᠠᠷᠤᠭ᠎ᠠ》 ᠎ᠶ᠋ᠢᠨ ᠲᠦᠷᠢᠮ ᠨᠢ ᠺᠠᠳ᠋ᠷ᠎ᠤᠨ ᠨᠢᠭᠡᠳᠦᠯᠲᠡᠶ ᠲᠥᠯᠥᠪᠵᠢᠭᠦᠯᠦᠨ ᠵᠣᠬᠢᠴᠠᠭᠤᠯᠬᠤ ᠴᠢᠳᠠᠪᠤᠷᠢ᠎ᠶ᠋ᠢ ᠪᠣᠯᠪᠠᠰᠤᠷᠠᠭᠤᠯᠪᠠ
2026-01-11 10:25:55
ᠵᠣᠬᠢᠶᠠᠭ᠍ᠴᠢ᠄
ᠪᠥᠸᠧ᠎ᠶ᠋ᠢᠨ ᠹᠸᠩ
ᠣᠩᠱᠢᠭ᠍ᠰᠠᠨ ᠣᠳᠠᠭ᠎ᠠ᠄
★★★☆☆

《ᠬᠥᠮᠦᠵᠢᠯ ᠪᠣᠯᠪᠠᠰᠤᠷᠠᠯ ᠪᠣᠯᠤᠨ ᠦᠢᠯᠡᠳᠦᠯᠭᠡ᠎ᠶ᠋ᠢᠨ ᠪᠣᠯᠪᠠᠰᠤᠷᠠᠯ᠎ᠢ ᠴᠢᠩᠭᠠᠳᠭᠠᠵᠤ᠂ ᠺᠠᠳ᠋ᠷ᠎ᠤᠨ ᠡᠩᠨᠡᠭᠡᠨ᠎ᠦ ᠣᠳᠣᠬᠢᠴᠢᠯᠠᠯᠲᠠ᠎ᠶ᠋ᠢᠨ ᠪᠦᠲᠦᠭᠡᠨ ᠪᠠᠢᠭᠤᠯᠤᠯᠲᠠ᠎ᠶ᠋ᠢᠨ ᠴᠢᠳᠠᠪᠤᠷᠢ᠎ᠶ᠋ᠢ ᠳᠡᠭᠡᠭ᠌ᠰᠢᠯᠡᠭᠦᠯᠦᠨ᠎ᠡ》᠃

— 《ᠤᠯᠤᠰ ᠠᠷᠠᠳ᠎ᠤᠨ ᠠᠵᠤ ᠠᠬᠤᠶ ᠪᠠ ᠨᠡᠢᠭᠡᠮ᠎ᠦᠨ ᠬᠥᠭ᠌ᠵᠢᠯᠲᠡ᠎ᠶ᠋ᠢᠨ ᠠᠷᠪᠠᠨ ᠲᠠᠪᠤᠳᠤᠭᠠᠷ ᠲᠠᠪᠤᠨ ᠵᠢᠯ᠎ᠦᠨ ᠲᠥᠯᠥᠪᠵᠢᠭᠦᠯᠭᠡ᠎ᠶ᠋ᠢ ᠲᠣᠭ᠍ᠲᠠᠭᠠᠬᠤ ᠲᠤᠬᠠᠶ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ᠎ᠵᠢᠨ ᠰᠠᠨᠠᠭᠤᠯᠭ᠎ᠠ》 ᠡᠴᠡ ᠬᠡᠰᠡᠭᠯᠡᠪᠡ᠃


1 ᠰᠠᠷ᠎ᠠ᠎ᠶ᠋ᠢᠨ 5 ᠎ᠤ᠋ ᠡᠳᠦᠷ᠎ᠦᠨ ᠦᠦᠷ᠎ᠢᠶᠡᠷ᠂ ᠳᠡᠭᠷᠢ ᠵᠢᠨ ᠬᠠᠶᠠᠭ᠎ᠠ ᠡᠴᠡ ᠭᠡᠭᠡᠷᠡᠵᠦ ᠡᠬᠢᠯᠡᠬᠦ᠎ᠳᠦ ᠪᠠᠶᠠᠨᠨᠠᠭᠤᠷ ᠬᠣᠲᠠ᠎ᠶ᠋ᠢᠨ ᠤᠷᠠᠳ᠎ᠤᠨ ᠡᠮᠦᠨᠡᠲᠦ ᠬᠣᠱᠢᠭᠤᠨ᠎ᠤ ᠤᠰᠤᠨ ᠠᠱᠢᠭ᠍ᠯᠠᠯᠲᠠ᠎ᠶ᠋ᠢᠨ ᠲᠣᠪᠴᠢᠶ᠎ᠠ᠎ᠶ᠋ᠢᠨ ᠠᠰᠠᠷ᠎ᠤᠨ ᠳ᠋ᠧᠩ ᠨᠢᠭᠡᠨᠲᠡ ᠭᠡᠷᠡᠯᠲᠦᠪᠡ᠃ 《ᠶᠡᠷᠡᠭᠡᠳ ᠣᠨ᠎ᠳ᠋ᠦ ᠲᠥᠷᠥᠭ᠌ᠰᠡᠨ》 ᠬᠠᠤᠯᠢ ᠲᠦᠷᠢᠮ᠎ᠦᠨ ᠲᠠᠰᠤᠭ᠎ᠤᠨ ᠳᠡᠳ᠋ ᠡᠷᠬᠢᠯᠡᠭ᠌ᠴᠢ ᠳ᠋ᠦᠩ ᠶᠠᠨ ᠬᠣᠩ 《ᠵᠢᠵᠢᠭᠦᠷ ᠲᠣᠪᠴᠢᠶᠠᠨ ᠳᠠᠷᠤᠭ᠎ᠠ》 ᠶ᠋ᠢᠨ ᠠᠯᠪᠠᠨ ᠱᠢᠷᠡᠭᠡᠨ᠎ᠦ ᠡᠮᠦᠨ᠎ᠡ ᠰᠠᠭᠤᠵᠤ᠂ ᠢᠷᠡᠭᠡᠳᠦᠶ᠎ᠶ᠋ᠢᠨ ᠨᠢᠭᠡ ᠭᠠᠷᠠᠭ᠎ᠲᠤ ᠲᠡᠷᠡ ᠲᠠᠨᠢᠯ ᠲᠡᠰᠦᠯ ᠤᠰᠤᠨ᠎ᠤ ᠵᠠᠰᠠᠭ ᠵᠠᠬᠢᠷᠭᠠᠨ᠎ᠤ ᠬᠠᠤᠯᠢ ᠬᠡᠷᠡᠭ᠌ᠵᠢᠭᠦᠯᠬᠦ᠌ ᠠᠵᠢᠯ᠎ᠤᠨ ᠪᠠᠢᠷᠢ᠎ᠡᠴᠡ᠎ᠪᠠᠨ ᠲᠦᠷ ᠰᠠᠯᠵᠤ᠂ ᠪᠥᠬᠥ᠌ ᠲᠠᠯ᠎ᠠ᠎ᠶ᠋ᠢᠨ ᠠᠵᠢᠯ᠎ᠢ ᠬᠠᠪᠰᠤᠷᠤᠨ ᠡᠷᠭᠢᠯᠡᠬᠦ᠌ ᠪᠣᠯᠤᠨ᠎ᠠ᠃

ᠲᠡᠮᠳᠡᠭ᠌ᠯᠡᠯ᠎ᠦᠨ ᠳᠡᠪᠲᠡᠷ᠎ᠵᠢᠡᠨ ᠳᠡᠯᠭᠡᠬᠦ᠎ᠳᠤ ᠳᠡᠭᠡᠷ᠎ᠡ ᠨᠢ ᠭᠣᠣᠯ᠎ᠤᠨ ᠵᠠᠮ᠎ᠢ ᠵᠠᠰᠠᠬᠤ᠂ ᠤᠤᠭᠤᠬᠤ ᠤᠰᠤᠨ᠎ᠤ ᠢᠨᠵᠧᠨᠧᠷᠢᠩ᠎ᠢ ᠱᠠᠯᠠᠪᠳᠠᠭᠤᠯᠤᠨ ᠪᠠᠢᠴᠠᠭᠠᠬᠤ ᠵᠡᠷᠭᠡ ᠵᠦᠢᠯᠡᠰ᠎ᠢ ᠵᠢᠭ᠍ᠰᠠᠭᠠᠵᠤ ᠪᠠᠢᠯ᠎ᠠ᠃ 《ᠶᠠᠭ ᠯᠠ ᠤᠯᠠᠨ ᠬᠡᠮᠵᠢᠯᠲᠦ ᠱᠢᠳᠠᠷ᠎ᠠ ᠲᠠᠯᠪᠢᠵᠤ ᠪᠠᠢᠬᠤ ᠱᠢᠭ᠋᠂ ᠠᠯᠬᠤᠮ ᠪᠦᠷᠢ᠎ᠳᠡᠭᠡᠨ ᠪᠦᠬᠦ᠌ ᠲᠠᠯ᠎ᠠ᠎ᠶ᠋ᠢ ᠬᠠᠷᠠᠭᠠᠯᠵᠠᠬᠤ ᠬᠡᠷᠡᠭ᠌ᠲᠡᠢ》 ᠭᠡᠵᠦ᠍ ᠲᠡᠷᠡ ᠬᠡᠯᠡᠨ᠎ᠡ᠃ ᠡᠨᠡ ᠪᠣᠯ ᠤᠷᠠᠳ᠎ᠤᠨ ᠡᠮᠦᠨᠡᠲᠦ ᠬᠣᠱᠢᠭᠤᠨ᠎ᠤ ᠤᠰᠤᠨ ᠠᠱᠢᠭ᠍ᠯᠠᠯᠲᠠ᠎ᠶ᠋ᠢᠨ ᠲᠣᠪᠴᠢᠶ᠎ᠠ᠎ᠶ᠋ᠢᠨ《ᠵᠢᠵᠢᠭᠦᠷ ᠲᠣᠪᠴᠢᠶᠠᠨ ᠳᠠᠷᠤᠭ᠎ᠠ》ᠶ᠋ᠢᠨ ᠲᠦᠷᠢᠮ᠎ᠢ ᠬᠡᠷᠡᠭ᠌ᠵᠢᠭᠦᠯᠦᠭᠰᠡᠨ ᠡᠩ᠎ᠦᠨ ᠨᠢᠭᠡ ᠥᠷᠯᠥᠭᠡ ᠪᠣᠯᠤᠨ᠎ᠠ᠃ ᠭᠠᠷᠠᠭ ᠪᠦᠷᠢ ᠴᠥᠮ ᠳᠤᠮᠳᠠ ᠳᠠᠪᠬᠤᠷᠭ᠎ᠠ᠎ᠶ᠋ᠢᠨ ᠨᠢᠭᠡ ᠺᠠᠳ᠋ᠷ 《ᠭᠦᠢᠴᠡᠳᠭᠡᠭ᠌ᠴᠢ》 ᠪᠠᠢᠭ᠍ᠰᠠᠨ᠎ᠡᠴᠡ᠎ᠪᠠᠨ 《ᠬᠠᠮᠢᠶᠠᠷᠤᠭ᠍ᠴᠢ》 ᠪᠤᠯᠵᠤ ᠬᠤᠪᠢᠷᠠᠳᠠᠭ᠃

9 ᠴᠠᠭ᠎ᠤᠨ ᠦᠶ᠎ᠡ᠎ᠪᠡᠷ᠂ 《ᠵᠢᠵᠢᠭᠦᠷ ᠲᠣᠪᠴᠢᠶᠠᠨ ᠳᠠᠷᠤᠭ᠎ᠠ》 ᠳ᠋ᠦᠩ ᠶᠠᠨ ᠬᠣᠩ ᠲᠣᠪᠴᠢᠶᠠᠨ ᠳᠠᠷᠤᠭ᠎ᠠ ᠵᠠᠩ ᠬᠤᠤ᠎ᠲᠠᠶ ᠬᠠᠮᠲᠤ ᠨᠢᠭᠡᠨ ᠠᠵᠤ ᠠᠬᠤᠢᠯᠠᠯ᠎ᠤᠨ ᠳᠤᠮᠳᠠ ᠤᠰᠤ ᠪᠠ ᠤᠰᠤ ᠭᠠᠳᠠᠭ᠍ᠰᠢᠯᠠᠭᠤᠯᠬᠤ ᠤᠰᠤ ᠬᠠᠩᠭᠠᠬᠤ ᠬᠣᠭᠣᠯᠠᠢ᠎ᠶ᠋ᠢᠨ ᠪᠠᠷᠢᠯᠭ᠎ᠠ᠎ᠶ᠋ᠢᠨ ᠲᠤᠬᠠᠢ᠎ᠶ᠋ᠢᠨ ᠲᠠᠯᠠᠪᠠᠢ᠎ᠳᠤ ᠬᠦᠷᠴᠦ᠍᠂ ᠪᠠᠷᠢᠯᠭ᠎ᠠ᠎ᠶ᠋ᠢᠨ ᠭᠠᠵᠠᠷ᠎ᠢ ᠵᠣᠬᠢᠴᠠᠭᠤᠯᠵᠤ᠂ ᠠᠵᠤ ᠠᠬᠤᠢᠯᠠᠯ᠎ᠤᠨ ᠬᠡᠷᠡᠭ᠌ᠴᠡᠭᠡ᠎ᠶ᠋ᠢ ᠵᠣᠯᠭᠠᠭᠤᠯᠪᠠ᠃ 《ᠡᠷᠬᠡᠪᠰᠢ ᠠᠵᠢᠯ᠎ᠳᠠᠭᠠᠨ ᠲᠦᠷᠭᠡᠨ ᠣᠷᠣᠵᠤ᠂ ᠡᠳᠦᠷ ᠪᠦᠷᠢ ᠲᠣᠪᠴᠢᠶᠠᠨ ᠳᠠᠷᠤᠭ᠎ᠠ᠎ᠲᠠᠶ ᠵᠥᠪᠳᠡᠯᠴᠡᠵᠦ᠍᠂ ᠡᠯ᠎ᠡ ᠬᠤᠪᠢᠳᠠᠨ ᠬᠠᠮᠢᠶᠠᠷᠴᠤ᠌ ᠪᠠᠢᠭ᠎ᠠ ᠤᠳᠤᠷᠢᠳᠤᠯᠭ᠎ᠠ ᠲᠠᠢ ᠪᠠᠨ ᠨᠢᠭᠡᠳᠦᠯᠲᠡᠶ ᠲᠥᠯᠥᠪᠵᠢᠭᠦᠯᠵᠦ᠍ ᠪᠠᠢᠭᠠᠳ ᠭᠤᠤᠯᠳᠠᠯᠭ᠎ᠠ᠎ᠲᠠᠶ ᠠᠵᠢᠯ᠎ᠢ ᠠᠬᠢᠭᠤᠯᠵᠤ᠂ ᠳᠡᠭᠡᠭ᠌ᠰᠢ᠎ᠪᠡᠨ ᠬᠤᠷᠢᠶᠠᠩᠭᠤᠢᠯᠠᠨ ᠮᠡᠳᠡᠭᠦᠯᠵᠦ᠂ ᠳᠣᠷᠣᠭ᠍ᠰᠢ᠎ᠪᠠᠨ ᠱᠠᠯᠠᠪᠳᠠᠨ ᠬᠦᠢᠴᠡᠳᠭᠡᠬᠦ ᠬᠡᠷᠡᠭ᠌ᠲᠡᠶ᠂ ᠡᠨᠡ ᠨᠢᠭᠡ ᠭᠠᠷᠠᠭ ᠪᠣᠯ ᠮᠢᠨᠦ᠍ ᠨᠢᠭᠡᠳᠦᠯᠲᠡᠶ ᠲᠥᠯᠥᠪᠵᠢᠭᠦᠯᠦᠨ ᠵᠣᠬᠢᠴᠠᠭᠤᠯᠬᠤ ᠴᠢᠳᠠᠪᠤᠷᠢ᠎ᠶ᠋ᠢᠨ ᠵᠢᠩᠬᠢᠨᠢ ᠳᠠᠪᠲᠠᠯᠲᠠ ᠪᠣᠯᠤᠨ᠎ᠠ》 ᠭᠡᠵᠦ᠍ ᠳ᠋ᠦᠩ ᠶᠠᠨ ᠬᠣᠩ ᠬᠡᠯᠡᠪᠡ᠃

ᠡᠢᠮᠦᠷᠬᠦᠦ ᠪᠦᠬᠦ᠌ ᠲᠠᠯ᠎ᠠ᠎ᠶ᠋ᠢᠨ ᠰᠡᠳᠭᠢᠬᠦᠶ᠎ᠶ᠋ᠢᠨ ᠬᠠᠷᠠᠭᠠᠰᠤ ᠵᠢᠨ ᠬᠤᠪᠢᠷᠠᠯᠲᠠ ᠨᠢ ᠶᠠᠭ 《ᠵᠢᠵᠢᠭᠦᠷ ᠲᠣᠪᠴᠢᠶᠠᠨ ᠳᠠᠷᠤᠭ᠎ᠠ》 ᠵᠢᠨ ᠳᠦᠷᠢᠮ᠎ᠦᠨ ᠵᠢᠷᠤᠭ ᠲᠥᠯᠥᠪᠯᠡᠭᠡ᠎ᠶ᠋ᠢᠨ ᠤᠭ ᠵᠤᠷᠢᠯᠲᠠ ᠪᠣᠯᠤᠨ᠎ᠠ᠃ ᠵᠢᠵᠢᠭᠦᠷ ᠺᠠᠳ᠋ᠷ ᠨᠢᠭᠡᠪᠦᠷᠢ ᠴᠥᠮ ᠪᠦᠬᠦ᠌ ᠲᠠᠯ᠎ᠠ᠎ᠶ᠋ᠢᠨ ᠭᠣᠣᠯᠳᠠᠯᠭ᠎ᠠ᠎ᠲᠠᠶ ᠠᠵᠢᠯ ᠪᠣᠯᠤᠨ ᠴᠢᠬᠤᠯᠠ ᠶᠡᠬᠡ ᠲᠦᠷᠦᠯ ᠵᠦᠢᠯ᠎ᠦᠨ ᠠᠬᠢᠴᠠ᠎ᠶ᠋ᠢ ᠤᠷᠢᠳᠴᠢᠯᠠᠨ ᠣᠢᠯᠠᠭᠠᠵᠤ᠂ ᠲᠣᠪᠴᠢᠶᠠᠨ ᠳᠠᠷᠤᠭ᠎ᠠ᠎ᠲᠠᠶ ᠬᠠᠮᠲᠤ᠎ᠪᠠᠷ ᠠᠵᠢᠯᠯᠠᠵᠤ᠂ ᠪᠢᠴᠢᠭ ᠮᠠᠲᠧᠷᠢᠶᠠᠯ᠎ᠢ ᠬᠢᠨᠠᠨ ᠦᠵᠡᠵᠦ᠍᠂ ᠠᠯᠪᠠᠨ ᠠᠵᠢᠯᠯᠠᠭ᠎ᠠ᠎ᠳᠤ ᠣᠷᠣᠯᠴᠠᠳᠠᠭ᠃ ᠡᠢᠮᠦᠷᠬᠦᠦ ᠥᠨᠳᠥᠷ ᠵᠣᠭ᠍ᠰᠣᠴᠠ᠎ᠡᠴᠡ ᠣᠷᠣᠯᠴᠠᠬᠤ ᠨᠢ ᠲᠡᠳᠡᠨ᠎ᠢ ᠰᠠᠯᠠᠭ᠎ᠠ ᠲᠠᠰᠤᠭ᠎ᠤᠨ ᠵᠠᠭᠠᠭ᠎ᠡᠴᠡ ᠭᠠᠷᠴᠤ᠌᠂ 《ᠭᠡᠷ᠎ᠦᠨ ᠡᠵᠡᠨ》 ᠱᠢᠭ ᠰᠡᠳᠭᠢᠭᠦ᠎ᠵᠢ ᠰᠤᠷᠤᠯᠴᠠᠭᠤᠯᠳᠠᠭ᠃

《ᠵᠢᠵᠢᠭᠦᠷ ᠲᠣᠪᠴᠢᠶᠠᠨ ᠳᠠᠷᠤᠭ᠎ᠠ》 ᠶ᠋ᠢᠨ ᠠᠵᠢᠯ᠎ᠤᠨ ᠲᠣᠭ᠍ᠲᠡᠴᠡ ᠨᠢ 《ᠲᠥᠯᠥᠪᠯᠡᠬᠦ  —  ᠬᠡᠷᠡᠭ᠌ᠵᠢᠭᠦᠯᠬᠦ — ᠬᠠᠷᠢᠭᠤ ᠲᠤᠰᠭᠠᠬᠤ — ᠱᠢᠯᠢᠳᠡᠭ᠌ᠵᠢᠭᠦᠯᠬᠦ᠌》 ᠪᠦᠷᠢᠨ ᠪᠦᠲᠦᠨ ᠬᠠᠮᠢᠶᠠᠷᠤᠯᠲᠠ᠎ᠶ᠋ᠢᠨ ᠪᠢᠲᠡᠭᠦᠦ ᠭᠣᠭ᠍ᠴᠣᠭ᠎ᠠ᠎ᠶ᠋ᠢ ᠪᠦᠷᠢᠯᠳᠦᠭᠦᠯᠪᠡ᠃ 《ᠡᠨᠡ ᠬᠦ᠌ ᠵᠠᠭ᠍ᠪᠤᠷ ᠨᠢ ᠡᠯ᠎ᠡ ᠵᠦᠢᠯ᠎ᠦᠨ ᠠᠵᠢᠯ᠎ᠢ ᠴᠥᠮ ᠪᠣᠳᠠᠲᠠᠢ ᠨᠠᠢᠳᠠᠪᠤᠷᠢᠵᠢᠭᠤᠯᠬᠤ᠎ᠶ᠋ᠢ ᠦᠨᠡᠨ ᠬᠦ᠌ ᠪᠠᠲᠤᠯᠠᠵᠤ᠂ ᠠᠵᠢᠯ᠎ᠤᠨ ᠦᠷ᠎ᠡ ᠪᠦᠲᠦᠮᠵᠢ᠎ᠶ᠋ᠢ ᠳᠡᠭᠡᠭ᠌ᠰᠢᠯᠡᠭᠦᠯᠬᠦ᠌ ᠪᠦᠲᠦᠮᠵᠢᠲᠡᠢ ᠠᠷᠭ᠎ᠠ ᠪᠣᠯᠤᠨ᠎ᠠ》 ᠭᠡᠵᠦ᠍ ᠮᠠᠯ ᠠᠵᠤ ᠠᠬᠤᠶ᠎ᠲᠠᠷᠢᠶᠠᠯᠠᠩ᠎ᠤᠨ ᠤᠰᠤᠨ ᠠᠱᠢᠭ᠍ᠯᠠᠯᠲᠠ ᠤᠰᠤᠨ ᠬᠠᠮᠠᠭᠠᠯᠠᠯᠲᠠ᠎ᠶ᠋ᠢᠨ ᠲᠠᠰᠤᠭ᠎ᠤᠨ ᠳᠠᠷᠤᠭ᠎ᠠ ᠯᠢᠦ ᠠᠶ ᠫᠢᠩ ᠢᠯᠡᠳᠭᠡᠪᠡ᠃

ᠨᠢᠳᠤᠨᠤᠨ᠎ᠤ ᠦᠶᠡᠷ᠎ᠦᠨ ᠬᠤᠭᠤᠴᠠᠭᠠᠨ᠎ᠳᠤ ᠡᠨᠡ ᠬᠦ᠌ ᠲᠦᠷᠭᠡᠨ ᠴᠤᠤᠷᠢᠶᠠᠲᠤᠨ ᠳᠠᠭᠠᠬᠤ ᠲᠣᠭ᠍ᠲᠡᠴᠡ᠎ᠳᠤ ᠲᠦᠱᠢᠭ᠌ᠯᠡᠨ 《ᠵᠢᠵᠢᠭᠦᠷ ᠲᠣᠪᠴᠢᠶᠠᠨ ᠳᠠᠷᠤᠭ᠎ᠠ》 24 ᠴᠠᠭ᠎ᠤᠨ ᠳᠣᠲᠣᠷ᠎ᠠ ᠣᠯᠠᠨ ᠲᠠᠰᠤᠭ᠎ᠢ ᠵᠣᠬᠢᠴᠠᠭᠤᠯᠵᠤ᠂ ᠰᠡᠷᠡᠮᠵᠢᠯᠡᠭᠦᠯᠬᠦ᠌ ᠮᠡᠳᠡᠭᠡ ᠵᠠᠩᠭᠢ᠎ᠶ᠋ᠢ ᠡᠷᠬᠢ ᠳᠠᠭᠠᠤ᠎ᠶ᠋ᠢᠨ ᠪᠣᠶ ᠪᠥᠬᠥᠶ ᠲᠣᠰᠭᠣᠨ᠎ᠳᠤ ᠠᠮᠵᠢᠯᠲᠠᠲᠠᠶ ᠳᠠᠮᠵᠢᠭᠤᠯᠪᠠ᠃

ᠨᠢᠭᠡᠳᠦᠯᠲᠡᠶ ᠲᠥᠯᠥᠪᠵᠢᠭᠦᠯᠦᠨ ᠵᠣᠬᠢᠴᠠᠭᠤᠯᠬᠤ᠎ᠡᠴᠡ ᠭᠠᠳᠠᠨ᠎ᠠ 《ᠵᠢᠵᠢᠭᠦᠷ ᠲᠣᠪᠴᠢᠶᠠᠨ ᠳᠠᠷᠤᠭ᠎ᠠ》 ᠨᠢ ᠪᠠᠰᠠ 《ᠠᠷᠠᠳ᠎ᠤᠨ ᠰᠠᠨᠠᠭ᠎ᠠ᠎ᠶ᠋ᠢ ᠴᠤᠭ᠍ᠯᠠᠭᠤᠯᠤᠭ᠍ᠴᠢ》 ᠮᠥᠨ᠃ 《ᠲᠦᠷᠢᠮ ᠪᠣᠯ ᠴᠢᠳᠠᠪᠤᠷᠢᠲᠠᠨ᠎ᠢ ᠢᠯᠡᠷᠡᠭᠦᠯᠬᠦ᠌᠎ᠶ᠋ᠢᠨ 〈ᠱᠢᠯᠭᠠᠭᠤᠷ〉 ᠪᠣᠯᠬᠤ ᠪᠥᠭᠡᠳ ᠪᠠᠰᠠ ᠴᠤ᠌ ᠺᠠᠳ᠋ᠷ᠎ᠤᠨ ᠦᠰᠦᠨ ᠪᠣᠢᠵᠢᠬᠤ᠎ᠶ᠋ᠢᠨ〈ᠲᠦᠷᠭᠡᠳᠭᠡᠭᠦᠷ〉 ᠪᠠᠢᠵᠤ᠂ ᠦᠨᠳᠦᠰᠦᠨ ᠱᠠᠲᠤᠨ᠎ᠤ ᠬᠡᠷᠡᠭ᠌ᠴᠡᠭᠡ ᠱᠠᠭᠠᠷᠳᠠᠯᠭ᠎ᠠ᠎ᠶ᠋ᠢ ᠣᠢᠯᠠᠭᠠᠬᠤ ᠤᠰᠤ ᠵᠠᠰᠠᠬᠤ ᠲᠤᠰᠭᠠᠶ ᠮᠡᠷᠭᠡᠵᠢᠯ᠎ᠦᠨ ᠴᠢᠳᠠᠪᠤᠷᠢᠲᠠᠨ᠎ᠢ ᠬᠥᠮᠦᠵᠢᠭᠦᠯᠬᠦ᠌ ᠪᠡᠷ ᠵᠤᠷᠢᠯᠭ᠎ᠠ ᠪᠤᠯᠭᠠᠳᠠᠭ》 ᠭᠡᠵᠦ᠍ ᠵᠠᠩ ᠬᠤᠤ ᠢᠯᠡᠳᠭᠡᠪᠡ᠃

ᠤᠰᠤᠨ᠎ᠤ ᠵᠠᠰᠠᠭ ᠵᠠᠬᠢᠷᠭᠠᠨ᠎ᠤ ᠬᠠᠤᠯᠢ ᠬᠡᠷᠡᠭ᠌ᠵᠢᠭᠦᠯᠬᠦ᠌ ᠨᠢᠭᠡᠳᠦᠭᠡᠷ ᠹᠷᠣᠨᠲ᠎ᠲᠤ 《ᠵᠢᠵᠢᠭᠦᠷ ᠲᠣᠪᠴᠢᠶᠠᠨ ᠳᠠᠷᠤᠭ᠎ᠠ》 ᠣᠯᠠᠨ ᠲᠠᠰᠤᠭ᠎ᠢ ᠵᠣᠬᠢᠴᠠᠭᠤᠯᠤᠨ ᠬᠠᠮᠳᠦ ᠬᠦᠳᠡᠯᠦᠯᠴᠠᠨ᠂ 20 ᠭᠠᠷᠤᠶ ᠤᠳᠠᠭᠠᠨ᠎ᠤ ᠤᠰᠤᠨ᠎ᠳᠤ ᠬᠣᠯᠪᠣᠭ᠍ᠳᠠᠭ᠍ᠰᠠᠨ ᠬᠠᠤᠯᠢ᠎ᠶ᠋ᠢ ᠵᠥᠷᠢᠴᠡᠭ᠌ᠰᠡᠨ ᠬᠡᠷᠡᠭ᠎ᠢ ᠪᠦᠲᠦᠮᠵᠢᠲᠡᠶ ᠪᠠᠢᠴᠠᠭᠠᠨ ᠱᠢᠶ᠋ᠳᠪᠦᠷᠢᠯᠡᠵᠡᠶ᠃ ᠠᠷᠠᠳ᠎ᠤᠨ ᠠᠮᠢᠳᠤᠷᠠᠯ᠎ᠤᠨ ᠬᠦᠷᠢᠶᠡᠨ᠎ᠳᠦ ᠲᠠᠷᠢᠶᠠᠯᠠᠩ᠎ᠤᠨ ᠪᠦᠲᠦᠭᠡᠭ᠌ᠳᠡᠬᠦᠨ᠎ᠢ ᠤᠷᠢᠳᠴᠢᠯᠠᠨ ᠬᠦᠷᠦᠭᠡᠬᠦ᠂ ᠬᠥᠳᠡᠭᠡ ᠲᠣᠰᠭᠣᠨ᠎ᠤ ᠤᠤᠭᠤᠬᠤ ᠤᠰᠤᠨ᠎ᠤ ᠠᠮᠤᠷ ᠲᠦᠪᠱᠢᠨ᠂ ᠭᠣᠣᠯ᠎ᠤᠨ ᠵᠠᠮ᠎ᠤᠨ ᠦᠶᠡᠷ᠎ᠢ ᠰᠡᠷᠭᠡᠢᠯᠡᠵᠦ᠍ ᠵᠠᠰᠠᠬᠤ᠂ ᠵᠢᠵᠢᠭ ᠰᠠᠪᠠ ᠭᠠᠵᠠᠷ᠎ᠢ ᠶᠡᠷᠦᠩᠬᠡᠢᠯᠡᠨ ᠵᠠᠰᠠᠬᠤ ᠵᠡᠷᠭᠡ ᠢᠨᠵᠧᠨᠧᠷᠢᠩ᠎ᠢ ᠦᠷᠭᠦᠯᠵᠢᠯᠡᠨ ᠠᠬᠢᠭᠤᠯᠵᠤ᠂ ᠣᠷᠣᠨ ᠪᠦᠰᠡ᠎ᠶ᠋ᠢᠨ ᠤᠰᠤ ᠬᠠᠩᠭᠠᠬᠤ ᠪᠠᠲᠤᠯᠠᠭ᠎ᠠ᠎ᠶ᠋ᠢᠨ ᠴᠢᠳᠠᠪᠤᠷᠢ ᠪᠠ ᠠᠮᠢ ᠠᠬᠤᠢ ᠣᠷᠴᠢᠨ ᠲᠤᠭᠤᠷᠢᠨ᠎ᠤ ᠶᠠᠰᠤ ᠴᠢᠨᠠᠷ᠎ᠢ ᠦᠨᠡᠨ ᠬᠦ᠌ ᠳᠡᠭᠡᠭ᠌ᠰᠢᠯᠡᠭᠦᠯᠪᠡ᠃

ᠵᠢᠵᠢᠭᠦᠷᠯᠡᠬᠦ᠌ ᠨᠢ ᠶᠤᠰᠤᠨ᠎ᠤ ᠲᠡᠳᠦᠢ ᠥᠩᠭᠡᠷᠡᠭᠦᠯᠬᠦ᠌ ᠶᠠᠪᠤᠳᠠᠯ ᠤᠭᠲᠤ ᠪᠢᠰᠢ᠂ ᠺᠠᠳ᠋ᠷᠴᠤᠳ ᠠᠯᠬᠤᠮ ᠳᠠᠷᠠᠭᠠᠯᠠᠯ ᠶᠣᠰᠣᠭᠠᠷ ᠠᠵᠢᠯᠯᠠᠵᠤ ᠪᠠᠢᠭ᠍ᠰᠠᠨ᠎ᠡᠴᠡ᠎ᠪᠠᠨ ᠠᠯᠬᠤᠮ ᠠᠯᠬᠤᠮ᠎ᠢᠶᠠᠷ ᠰᠠᠨᠠᠭᠠᠴᠢᠯᠠᠭ᠎ᠠ᠎ᠡᠴᠡ᠎ᠪᠠᠨ ᠪᠣᠳᠠᠲᠠᠢ ᠠᠵᠢᠯ᠎ᠢ ᠲᠥᠯᠥᠪᠵᠢᠭᠦᠯᠬᠦ᠌᠂ ᠠᠬᠢᠭᠤᠯᠬᠤ ᠪᠠ ᠬᠢᠨᠠᠯᠲᠠ ᠲᠠᠯᠪᠢᠬᠤ ᠪᠤᠯᠵᠤ ᠬᠤᠪᠢᠷᠠᠪᠠ᠃ ᠵᠢᠵᠢᠭᠦᠷ ᠺᠠᠳ᠋ᠷ ᠴᠧᠨ ᠴᠢ ᠪᠠᠭ᠎ᠠ ᠳ᠋ᠦᠩᠨᠡᠯᠲᠡ᠎ᠳᠡᠭᠡᠨ᠄ 《ᠥᠩᠭᠡᠷᠡᠭ᠌ᠰᠡᠨ᠎ᠳᠦ ᠥᠪᠡᠷ᠎ᠦᠨ ᠬᠤᠪᠢᠳᠠᠨ ᠬᠠᠮᠢᠶᠠᠷᠴᠤ ᠪᠠᠢᠭᠰᠠᠨ ᠠᠵᠢᠯ᠎ᠵᠢᠡᠨ ᠯᠠ ᠮᠡᠳᠡᠳᠡᠭ᠂ ᠤᠳᠤ ᠪᠦᠬᠦ᠌ ᠲᠤᠪᠴᠢᠶᠠᠨ᠎ᠤ ᠲᠠᠯ᠎ᠡ ᠡᠴᠡ ᠶᠠᠭᠤ ᠬᠢᠵᠦ᠍ ᠪᠠᠢᠬᠤ᠎ᠶ᠋ᠢ ᠲᠣᠳᠣᠷᠬᠠᠢ ᠮᠡᠳᠡᠵᠡᠢ᠂ ᠡᠨᠡ ᠬᠦ᠌ ᠬᠠᠷᠢᠭᠤᠴᠠᠯᠭ᠎ᠠ ᠬᠦᠨᠳᠦ ᠶᠡᠬᠡ ᠭᠡᠳᠡᠭ᠎ᠢ ᠭᠦᠨ ᠣᠢᠯᠠᠭᠠᠯ᠎ᠠ》 ᠭᠡᠪᠡ᠃

ᠠᠩᠬᠠᠨ᠎ᠤ ᠡᠭᠡᠯᠵᠢ᠎ᠶ᠋ᠢᠨ ᠦᠶ᠋ᠯᠡᠳᠦᠯᠭᠡ᠎ᠵᠢᠨ ᠳᠠᠷᠠᠭ᠎ᠠ ᠲᠣᠰ ᠲᠣᠪᠴᠢᠶ᠎ᠠ᠎ᠨᠢ ᠣᠲᠣ ᠶᠠᠭ ᠲᠤᠭᠲᠠᠴᠠ ᠪᠠᠨ ᠱᠢᠯᠢᠳᠡᠭ᠌ᠵᠢᠭᠦᠯᠬᠦ᠎ᠵᠢ ᠲᠦᠯᠦᠪᠯᠡᠵᠦ ᠪᠠᠢᠬᠤ ᠪᠥᠭᠡᠳ ᠳᠡᠳ᠋ ᠲᠣᠪᠴᠢᠶᠠᠨ ᠳᠠᠷᠤᠭ᠎ᠠ ᠬᠢᠭᠡᠳ ᠲᠠᠰᠤᠭ᠎ᠤᠨ ᠳᠠᠷᠤᠭ᠎ᠠ᠎ᠶ᠋ᠢᠨ ᠳᠦᠷᠢ᠎ᠵᠢ ᠬᠠᠷᠢᠯᠴᠠᠨ ᠰᠣᠯᠢᠯᠴᠠᠬᠤ᠎ᠶ᠋ᠢ ᠪᠣᠳᠣᠯᠬᠢᠯᠠᠵᠤ᠂ ᠣᠢᠯᠠᠭᠠᠯᠲᠠ᠎ᠪᠠᠨ ᠨᠠᠩ ᠭᠦᠨᠵᠡᠭᠡᠢᠷᠡᠭᠦᠯᠵᠦ᠍᠂ ᠬᠠᠮᠵᠢᠯᠴᠠᠭ᠎ᠠ᠎ᠪᠠᠨ ᠨᠠᠩ ᠱᠢᠯᠤᠭᠤᠳᠭᠠᠬᠤ ᠪᠤᠯᠤᠨ᠎ᠠ᠃ 《ᠵᠣᠷᠢᠯᠭ᠎ᠠ ᠨᠢ ᠤᠯᠠᠨ᠎ᠳᠤ ᠠᠳᠠᠯᠢ ᠪᠤᠰᠤ ᠠᠵᠢᠯ᠎ᠤᠨ ᠪᠠᠢᠷᠢ᠎ᠶ᠋ᠢ ᠤᠢ᠍ᠢᠯᠠᠭᠠᠭᠤᠯᠵᠤ᠂ ᠦᠨᠳᠦᠰᠦᠨ ᠱᠠᠲᠤᠨ᠎ᠤ ᠲᠦᠭ᠌ᠵᠢᠷᠡᠯ᠂ ᠬᠦᠴᠢᠷᠳᠡᠯ᠎ᠢ ᠣᠨᠣᠪᠴᠢᠲᠠᠢ ᠤᠢ᠍ᠢᠯᠠᠭᠠᠭᠤᠯᠬᠤ ᠵᠢᠨ ᠲᠥᠯᠥᠭᠡ ᠶᠤᠮ》 ᠭᠡᠵᠦ᠍ ᠵᠠᠩ ᠬᠤᠤ ᠲᠠᠨᠢᠯᠴᠠᠭᠤᠯᠪᠠ᠃

ᠣᠳᠣᠬᠠᠨ᠎ᠳᠤ ᠤᠷᠠᠳ᠎ᠤᠨ ᠡᠮᠦᠨᠡᠲᠦ ᠬᠣᠱᠢᠭᠤᠨ ᠡᠴᠡ ᠨᠢᠭᠡ ᠪᠦᠯᠦᠭ ᠱᠢᠰᠲ᠋ᠧᠮᠲᠦ ᠰᠡᠳᠭᠢᠬᠦᠶ᠎ᠲᠡᠶ᠂ ᠵᠣᠷᠢᠭ᠍ᠲᠠᠶ᠎ᠪᠠᠷ ᠬᠠᠷᠢᠭᠤᠴᠠᠯᠭ᠎ᠠ ᠡᠭᠦᠷᠭᠡᠯᠡᠵᠦ᠍᠂ ᠨᠠᠢᠳᠠᠪᠤᠷᠢᠵᠢᠭᠤᠯᠤᠯᠲᠠ᠎ᠶ᠋ᠢ ᠠᠳᠭᠤᠬᠤ᠎ᠳᠠᠭᠠᠨ ᠴᠢᠳᠠᠮᠠᠭᠠᠶ ᠺᠠᠳ᠋ᠷ᠎ᠤᠳ ᠴᠣᠯᠭᠣᠷᠠᠨ ᠭᠠᠷᠴᠤ᠌᠂ ᠠᠷᠠᠳ᠎ᠤᠨ ᠠᠮᠢᠳᠤᠷᠠᠯ᠎ᠤᠨ ᠣᠯᠠᠨ ᠵᠦᠶ᠋ᠯ᠎ᠦᠨ ᠤᠰᠤᠨ ᠠᠱᠢᠭ᠍ᠯᠠᠯᠲᠠ᠎ᠶ᠋ᠢᠨ ᠢᠨᠵᠧᠨᠧᠷᠢᠩ᠎ᠢ ᠯᠠᠪᠳᠠᠭᠤᠨ ᠪᠠᠲᠤᠲᠠᠶ ᠨᠠᠢᠳᠠᠪᠤᠷᠢᠵᠢᠭᠤᠯᠪᠠ᠃

ᠣᠢᠷ᠎ᠠ᠎ᠶ᠋ᠢᠨ ᠵᠢᠯ᠎ᠡᠴᠡ ᠤᠷᠠᠳ᠎ᠤᠨ ᠡᠮᠦᠨᠡᠲᠦ ᠬᠣᠱᠢᠭᠤ ᠨᠠᠮ᠎ᠤᠨ ᠭᠡᠱᠢᠭᠦᠨ ᠺᠠᠳ᠋ᠷ᠎ᠤᠨ ᠬᠥᠮᠦᠵᠢᠯ ᠪᠣᠯᠪᠠᠰᠤᠷᠠᠯ᠎ᠢ ᠴᠢᠩᠭᠠᠳᠭᠠᠵᠤ᠂ ᠪᠣᠯᠪᠠᠰᠤᠷᠠᠯ᠎ᠤᠨ ᠵᠢᠭ᠍ᠰᠠᠭᠠᠯ᠎ᠢ ᠪᠠᠢᠭᠤᠯᠬᠤ᠂ ᠵᠢᠭᠠᠨ ᠰᠤᠷᠭᠠᠯᠲᠠ᠎ᠶ᠋ᠢᠨ ᠵᠠᠭ᠍ᠪᠤᠷ᠎ᠤᠨ ᠱᠢᠨ᠎ᠡ᠎ᠶ᠋ᠢ ᠡᠭᠦᠳᠬᠦ᠌᠂ ᠵᠢᠭᠠᠨ ᠰᠤᠷᠭᠠᠯᠲᠠ᠎ᠶ᠋ᠢᠨ ᠡᠬᠢ ᠪᠠᠶᠠᠯᠢᠭ᠎ᠤᠨ 《ᠭᠤᠷᠪᠠᠨ ᠬᠡᠮᠵᠢᠯᠳᠦ ᠪᠡᠷ ᠬᠦᠴᠦᠨ ᠤᠯᠭᠤᠬᠤ》 ᠪᠠᠷ ᠳᠠᠮᠵᠢᠭᠤᠯᠤᠨ ᠦᠨᠳᠦᠰᠦᠨ ᠱᠠᠲᠤᠨ᠎ᠤ ᠨᠠᠮ᠎ᠤᠨ ᠭᠡᠱᠢᠭᠦᠨ᠎ᠦ ᠣᠨᠣᠯ᠎ᠤᠨ ᠬᠡᠪ ᠪᠣᠯᠪᠠᠰᠤᠷᠠᠯ ᠪᠣᠯᠤᠨ ᠡᠭᠦᠷᠭᠡ ᠬᠠᠷᠢᠭᠤᠴᠠᠯᠭ᠎ᠠ᠎ᠪᠠᠨ ᠭᠦᠶ᠋ᠴᠡᠳᠭᠡᠬᠦ᠌ ᠴᠢᠳᠠᠪᠤᠷᠢ᠎ᠶ᠋ᠢ ᠳᠡᠭᠡᠭ᠌ᠰᠢᠯᠡᠭᠦᠯᠪᠡ᠃ ᠲᠤᠰ ᠬᠣᠱᠢᠭᠤ 11 ᠰᠤᠮᠤ ᠪᠠᠯᠭᠠᠰᠤᠨ᠎ᠤ ᠨᠠᠮ᠎ᠤᠨ ᠰᠤᠷᠭᠠᠭᠤᠯᠢ ᠵᠢᠴᠢ ᠬᠤᠪᠢᠰᠭᠠᠯ᠎ᠤᠨ ᠬᠥᠮᠦᠵᠢᠯ᠎ᠦᠨ ᠵᠢᠭᠠᠨ ᠰᠤᠷᠭᠠᠯᠲᠠ᠎ᠶ᠋ᠢᠨ ᠴᠡᠭ᠎ᠲᠡᠶ ᠬᠣᠯᠪᠣᠭᠠᠯᠠᠨ ᠬᠥᠳᠡᠯᠦᠯᠴᠡᠵᠦ᠍᠂ 《ᠵᠠᠬᠢᠶᠠᠯᠠᠬᠤ + ᠵᠠᠬᠢᠶᠠᠯᠠᠭ᠎ᠠ᠎ᠶᠠᠪᠤᠭᠤᠯᠬᠤ》 ᠵᠢᠨ ᠲᠣᠭ᠍ᠲᠠᠭ᠍ᠰᠠᠨ ᠬᠢᠴᠢᠶᠡᠯ᠎ᠢ ᠬᠡᠷᠡᠭ᠌ᠵᠢᠭᠦᠯᠪᠡ; ᠰᠦᠯᠵᠢᠶᠡᠨ ᠳᠡᠭᠡᠷᠡᠬᠢ ᠪᠠ ᠠᠬᠤᠢ ᠲᠠᠯᠠᠪᠠᠢ᠎ᠵᠢᠨ ᠵᠢᠭᠠᠨ ᠰᠤᠷᠭᠠᠯᠲᠠ᠎ᠶ᠋ᠢ ᠠᠭᠤᠰᠤᠯᠴᠠᠭᠤᠯᠵᠤ᠂ 500 ᠭᠠᠷᠤᠶ ᠲᠠᠯᠠᠪᠠᠶ ᠤᠬᠠᠭᠤᠯᠤᠨ ᠲᠠᠢᠯᠪᠤᠷᠢᠯᠠᠯᠲᠠ᠎ᠶ᠋ᠢ ᠵᠣᠬᠢᠶᠠᠨ ᠪᠠᠢᠭᠤᠯᠵᠤ᠂ 1.5 ᠲᠦᠮᠡᠨ ᠬᠥᠮᠦᠨ ᠤᠳᠠᠭ᠎ᠠ᠎ᠶ᠋ᠢ ᠬᠠᠮᠤᠷᠪᠠ; ᠵᠠᠯᠠᠭᠤ ᠺᠠᠳ᠋ᠷᠴᠤᠳ᠎ᠲᠤ ᠴᠢᠭ᠌ᠯᠡᠭᠦᠯᠦᠨ ᠨᠠᠮᠴᠢ ᠴᠢᠨᠠᠷ᠂ ᠲᠤᠰᠭᠠᠶ ᠮᠡᠷᠭᠡᠵᠢᠯ ᠂ ᠦᠶ᠋ᠯᠡᠳᠦᠯᠭᠡ᠎ᠶ᠋ᠢᠨ 《ᠭᠤᠷᠪᠠᠨ ᠬᠢᠴᠢᠶᠡᠯ》 ᠨᠡᠭᠡᠭᠡᠵᠦ᠍᠂ 54 ᠺᠠᠳ᠋ᠷ᠎ᠢ ᠲᠣᠰᠭᠣᠨ᠎ᠳᠤ ᠰᠠᠭᠤᠯᠭᠠᠨ ᠳᠠᠪᠲᠠᠨ ᠪᠣᠯᠪᠠᠰᠤᠷᠠᠭᠤᠯᠵᠤ᠂ 62 ᠺᠠᠳ᠋ᠷ᠎ᠢ ᠲᠤᠰᠭᠠᠶ ᠡᠭᠦᠷᠭᠡ᠎ᠳᠦ ᠣᠷᠣᠯᠴᠠᠭᠤᠯᠤᠨ᠂ ᠵᠠᠯᠠᠭᠤ ᠺᠠᠳ᠋ᠷᠴᠤᠳ᠎ᠤᠨ ᠱᠢᠨ᠎ᠡ ᠪᠠᠢᠳᠠᠯ ᠱᠢᠨ᠎ᠡ ᠬᠥᠭ᠌ᠵᠢᠯᠲᠡ᠎ᠳᠦ ᠵᠣᠬᠢᠴᠠᠬᠤ ᠴᠢᠳᠠᠪᠤᠷᠢ᠎ᠶ᠋ᠢ ᠪᠥᠬᠥ᠌ ᠲᠠᠯ᠎ᠠ᠎ᠪᠠᠷ ᠳᠡᠭᠡᠭ᠌ᠰᠢᠯᠡᠭᠦᠯᠵᠦ᠍᠂ ᠠᠵᠤ ᠠᠬᠤᠶ ᠨᠡᠢᠭᠡᠮ᠎ᠦᠨ ᠴᠢᠨᠠᠷ ᠰᠠᠢᠲᠠᠶ ᠬᠥᠭ᠌ᠵᠢᠯᠲᠡ᠎ᠶ᠋ᠢ  ᠠᠬᠢᠭᠤᠯᠵᠤ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号