ᠰᠠᠷᠠᠨ᠎ᠤ ᠲᠤᠶᠠᠭ᠎ᠠ
2026-01-14 11:12:32
ᠵᠣᠬᠢᠶᠠᠭ᠍ᠴᠢ᠄
ᠬᠠᠰᠭᠦᠦ
ᠣᠩᠱᠢᠭ᠍ᠰᠠᠨ ᠣᠳᠠᠭ᠎ᠠ᠄
★★★☆☆

1

ᠱᠢᠨ᠎ᠡ᠎ᠶ᠋ᠢᠨ ᠬᠤᠶᠠᠷᠠᠨ᠎ᠤ ᠰᠠᠷᠠᠨ᠎ᠳᠤ ᠬᠦᠰᠡᠯ᠎ᠢᠶᠠᠨ ᠱᠢᠪᠡᠨᠡᠬᠦ᠌ ᠲᠤᠷ᠎ᠠ᠎ᠲᠠᠢ᠂ ᠬᠠᠯᠳᠤ ᠬᠠᠷᠠᠭ᠍ᠳᠠᠭ᠍ᠰᠠᠨ ᠴᠦ᠍ ᠲᠡᠷᠨ ᠬᠤᠷᠤᠮ᠎ᠤᠨ ᠭᠡᠷᠡᠯ ᠭᠡᠭᠡ᠂ ᠭᠡᠭᠡᠨᠴᠢᠷ᠎ᠨᠢ ᠠᠷᠭ᠎ᠠ ᠦᠭᠡᠢ ᠲᠦᠷᠢ ᠲᠦᠷᠬᠦ᠌᠎ᠨᠢ ᠨᠠᠳᠠᠳᠤ ᠠᠮᠤᠭᠤᠯᠠᠩ᠎ᠤᠨ ᠲᠡᠭᠡᠳᠤ᠎ᠶ᠋ᠢ ᠠᠮᠰᠠᠭᠤᠯᠵᠤ ᠴᠢᠳᠠᠳᠠᠭ᠃

2

ᠰᠠᠷᠠᠨ᠎ᠤ ᠲᠤᠶᠠᠭ᠎ᠠ᠎ᠠᠴᠠ ᠦᠯᠢᠭᠡᠷ ᠤᠷᠤᠰᠳᠠᠭ᠂ ᠪᠢ ᠡᠮᠧ᠎ᠶ᠋ᠢᠨ᠎ᠢᠶᠠᠨ ᠡᠪᠦᠷ᠎ᠲᠤ ᠡᠷᠭᠡᠯᠡᠨ ᠨᠠᠭᠠᠯᠢᠩᠬᠠᠢᠳᠠᠵᠤ᠂ ᠲᠡᠷᠨ ᠦᠯᠢᠭᠡᠷ᠎ᠤᠨ ᠲᠠᠯᠠᠢ᠎ᠳᠤ ᠤᠮᠪᠠᠭ᠍ᠰᠠᠭᠠᠷ ᠠᠮᠳᠠᠳᠤ ᠨᠤᠢᠷ᠎ᠲᠠᠭᠠᠨ ᠤᠷᠤᠳᠠᠭ ᠰᠠᠨ᠃

3

ᠰᠠᠷᠠᠨ᠎ᠤ ᠮᠦᠩᠬᠦᠨ ᠲᠤᠶᠠᠭ᠎ᠠ᠎ᠶ᠋ᠢ ᠨᠦᠮᠦᠷᠴᠦ᠂ ᠮᠦᠩᠬᠦᠷᠡᠨ ᠬᠠᠷᠠᠭ᠍ᠳᠠᠬᠤ ᠨᠤᠳᠤᠭ᠎ᠤᠨ ᠮᠢᠨᠢ ᠡᠯᠢᠭᠡᠨ ᠳᠡᠭᠡᠷ᠎ᠡ ᠵᠤᠷᠠᠢᠨ ᠬᠤᠯᠠᠳᠠᠬᠤ ᠨᠠᠷᠢᠬᠠᠨ ᠵᠦᠷᠢᠭ ᠵᠠᠮ᠎ᠢᠶᠠᠷ᠎ᠢᠶᠠᠨ ᠪᠢ ᠠᠯᠬᠤᠯᠠᠬᠤ ᠲᠤᠷ᠎ᠠ᠎ᠲᠠᠢ᠂ ᠲᠡᠷᠨ ᠠᠯᠤᠰ᠎ᠲᠤ ᠨᠠᠮ ᠵᠢᠮ᠎ᠢ ᠡᠪᠳᠡᠨ ᠨᠤᠬᠠᠢ ᠬᠤᠴᠠᠬᠤ ᠲᠠᠭᠤᠨ ᠰᠤᠨᠤᠰᠳᠠᠵᠤ᠂ 《ᠬᠦᠢ᠂ ᠪᠤᠷᠤᠯᠳᠠᠢ ᠡ᠂ ᠶᠠᠭᠤᠨ᠎ᠳᠠᠭᠠᠨ ᠬᠤᠷᠭᠤᠭᠠᠳ ᠪᠠᠢᠨ᠎ᠠ》 ᠭᠡᠬᠦ᠌ ᠡᠵᠢ᠎ᠶ᠋ᠢᠨ ᠮᠢᠨᠢ ᠲᠠᠭᠤ ᠲᠤᠭᠤᠯᠳᠠᠨ ᠰᠡᠳᠭᠢᠯ᠎ᠢ ᠲᠤᠯᠠᠭᠠᠴᠠᠭᠤᠯᠤᠨ᠎ᠠ᠃

4

ᠰᠠᠷᠠᠨ᠎ᠤ ᠲᠤᠶᠠᠭ᠎ᠠ ᠮᠦᠷᠦᠭᠡᠳᠦᠯ᠎ᠢ ᠴᠢᠪᠬᠠᠳᠠᠳᠠᠭ᠃ ᠲᠡᠷᠨ ᠴᠢᠪᠬᠠᠳᠠᠰᠤᠨ᠎ᠠᠴᠠ ᠲᠡᠯᠡᠷᠡᠭ᠌ᠰᠡᠨ ᠠᠶᠠᠯᠭᠤ᠎ᠶ᠋ᠢ ᠮᠢᠨᠤ ᠬᠠᠢᠷᠠᠳᠤ ᠬᠦᠮᠦᠰ ᠯᠨ ᠠᠯᠳᠠᠯ ᠦᠭᠡᠢ ᠰᠤᠨᠤᠷᠳᠠᠳᠠᠭ ᠰᠠᠨ᠃

5

ᠰᠠᠷᠠᠨ᠎ᠤ ᠲᠤᠶᠠᠭ᠎ᠠ ᠭᠡᠭᠡᠪᠴᠢ᠎ᠪᠠᠷ ᠨᠡᠪᠳᠡᠯᠤᠨ ᠦᠷᠦᠭᠡ ᠲᠦᠬᠦᠷᠡᠩ ᠲᠤᠨᠤᠯᠵᠠᠨ᠎ᠠ᠃ ᠡᠨᠡ ᠦᠶ᠎ᠡ᠎ᠳᠤ ᠪᠢ ᠡᠳᠦᠷ᠎ᠤᠨ ᠦᠵᠡᠭ᠌ᠰᠡᠨ ᠨᠤᠮ᠎ᠤᠨ᠎ᠢᠶᠠᠨ ᠠᠭᠤᠯᠭ᠎ᠠ᠎ᠪᠠᠨ ᠡᠷᠬᠢᠴᠡᠬᠦᠯᠦᠨ ᠪᠤᠳᠤᠵᠤ᠂ ᠤᠷᠠᠯᠢᠭ᠎ᠤᠨ ᠬᠢᠵᠠᠭᠠᠯᠠᠰᠢ ᠦᠭᠡᠢ ᠡᠴᠢᠨ᠎ᠡ ᠬᠦᠨ᠎ᠢ ᠭᠠᠢᠬᠠᠱᠢᠷᠠᠭ᠍ᠰᠠᠨ᠎ᠢ᠎ᠪᠠᠨ ᠢᠰᠪᠡᠯᠵᠡᠨ ᠮᠦᠱᠢᠶᠡᠬᠦ᠌ ᠰᠠᠷᠠᠨ ᠠᠪᠠᠭ᠍ᠠᠢ ᠵᠦᠭ ᠰᠡᠳᠭᠢᠯ᠎ᠢᠶᠠᠷ᠎ᠢᠶᠠᠨ ᠱᠢᠪᠡᠨᠡᠵᠦ᠍ ᠰᠠᠨᠠᠯ᠎ᠢᠶᠠᠨ ᠰᠤᠯᠢᠯᠴᠠᠬᠤ ᠲᠤᠷᠠᠳᠠᠢ᠃

6

ᠰᠠᠷᠠᠨ᠎ᠤ ᠲᠤᠶᠠᠭ᠎ᠠ ᠷᠢᠳᠢ ᠱᠢᠳᠢ᠎ᠲᠠᠢ᠂ ᠲᠦᠢᠯ᠎ᠤᠨ ᠨᠠᠮ ᠰᠡᠯᠡᠬᠦᠦ᠂ ᠡᠷᠭᠡ ᠴᠢᠯᠦᠭᠡ᠎ᠲᠠᠢ᠂ ᠲᠦᠯᠭᠡᠭᠡᠨ ᠠᠳᠠᠯ᠎ᠠ᠎ᠪᠠᠨ ᠬᠢᠵᠠᠭᠠᠷᠬᠦᠢ᠎ᠶ᠋ᠢᠨ ᠰᠡᠳᠭᠢᠯ᠎ᠤᠨ ᠤᠢᠯᠣᠯ᠎ᠢᠶᠠᠷ ᠬᠦᠮᠦᠰ᠎ᠢ ᠲᠤᠭ᠍ᠳᠤᠯᠤᠭᠤᠯᠵᠤ ᠴᠢᠳᠠᠳᠠᠭ᠃

7

ᠰᠠᠷᠠᠨ᠎ᠤ ᠲᠤᠶᠠᠭ᠎ᠠ ᠪᠤᠯ ᠲᠡᠷᠨ ᠴᠢᠭ᠎ᠢᠶᠠᠷ᠎ᠢᠶᠠᠨ ᠪᠧᠲ᠋ᠾᠤᠹᠧᠨ᠎ᠤ ᠨᠠᠢᠷᠠᠯ ᠬᠦᠭ᠌ᠵᠢᠮ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号