ᠠᠪᠤᠷᠠᠯ᠎ᠤᠨ ᠳᠡᠭ᠌ᠷᠢ ᠡᠮᠡᠭᠡ ᠡᠵᠢ ᠮᠢᠨᠢ
2026-01-14 11:10:32
ᠵᠣᠬᠢᠶᠠᠭ᠍ᠴᠢ᠄
ᠦᠷᠡᠳᠡᠯᠭᠡᠷ
ᠣᠩᠱᠢᠭ᠍ᠰᠠᠨ ᠣᠳᠠᠭ᠎ᠠ᠄
★★★☆☆

ᠮᠢᠨᠦ᠍ ᠡᠮᠡᠭᠡ ᠡᠵᠢ᠎ᠶ᠋ᠢᠨ ᠠᠯᠳᠠᠷ᠎ᠨᠢ ᠠᠯᠳᠠᠨᠴᠡᠴᠡᠭ᠂ ᠶᠡᠷᠦ᠍᠎ᠳᠡᠭᠡᠨ ᠦᠬᠢᠨᠪᠠᠢ ᠭᠡᠵᠦ ᠲᠠᠭᠣᠲᠠᠲᠠᠬ᠃ ᠴᠢᠩ ᠭᠦᠷᠦᠨ᠎ᠤ ᠪᠠᠳᠠᠷᠠᠭᠤᠯᠳᠦ ᠲᠦᠷᠦ᠍᠎ᠶ᠋ᠢᠨ ᠬᠤᠷᠢᠨ ᠬᠤᠶᠠᠳᠤᠭᠠᠷ ᠤᠨ (1897 ᠤᠨ) ᠳ᠋ᠦ ᠮᠡᠨᠳᠦᠯᠡᠵᠦ᠂1987 ᠤᠨ᠎ᠤ ᠨᠠᠮᠤᠷ᠎ᠤᠨ ᠰᠡᠭᠦᠯ ᠰᠠᠷ᠎ᠠ᠎ᠶ᠋ᠢᠨ ᠱᠢᠨ᠎ᠡ᠎ᠶ᠋ᠢᠨ ᠵᠢᠷᠭᠤᠭᠠᠨ᠎ᠤ ᠨᠠᠷᠠᠨ ᠲᠤᠩᠭᠠᠯᠠᠭ᠂ ᠲᠡᠭᠷᠢ ᠴᠡᠯᠮᠡᠭ ᠲᠡᠷᠡ ᠡᠳᠦᠷ ᠬᠦᠪᠦᠨ ᠤᠳᠭᠤ ᠴᠠᠭᠠᠨ ᠡᠭᠦᠯᠡ᠎ᠶ᠋ᠢ ᠬᠦᠯᠭᠡᠯᠡᠵᠦ᠍ ᠪᠤᠷᠬᠠᠨ᠎ᠤ ᠤᠷᠤᠨ᠎ᠢ ᠵᠣᠷᠢᠬᠰᠠᠨ ᠪᠢᠯᠡ᠃ ᠳᠡᠭᠦᠨ᠎ᠠᠴᠠ ᠬᠣᠢᠰᠢ ᠨᠠᠪᠴᠢ ᠴᠡᠴᠡᠭ ᠱᠢᠷᠠᠯᠠᠵᠤ ᠨᠠᠮᠣᠷ ᠪᠣᠯᠬᠣ ᠪᠦᠷᠢ ᠡᠮᠡᠭᠡ ᠡᠵᠢ᠎ᠶ᠋ᠢᠨ ᠮᠢᠨᠢ ᠡᠶᠡᠯᠰᠡᠭ ᠳᠤᠳᠤᠨᠤ ᠲᠦᠷᠢ ᠰᠠᠨᠠᠬᠲᠠᠵᠦ᠂ ᠡᠭᠦᠯᠡᠨ᠎ᠤ ᠴᠠᠭᠠᠨ᠎ᠠ ᠡᠴᠡ ᠮᠦᠱᠢᠶᠡᠵᠦ ᠪᠠᠢᠮᠠᠷ ᠪᠤᠳᠤᠭᠳᠠᠳᠠᠭ᠃

ᠠᠴᠢᠯᠠᠯ  ᠤ᠋ᠨ ᠳᠡᠭᠡᠲᠦ ᠡᠮᠡᠭᠡ ᠡᠵᠢ ᠮᠢᠨᠢ

ᠡᠵᠢ ᠮᠢᠨᠢ ᠨᠠᠳᠠ᠎ᠶ᠋ᠢ ᠬᠦᠡᠭ᠌ᠭᠡᠵᠢᠭᠡᠳ ᠠᠷᠠᠢ ᠠᠷᠪᠠ ᠬᠤᠨᠤᠭ᠍ᠰᠠᠨ ᠦᠭᠡᠢ ᠬᠠᠯᠠᠭᠤᠨ᠎ᠳᠤ ᠨᠠᠷᠠᠱᠢᠵᠦ ᠡᠪᠡᠳᠴᠢᠯᠡᠭᠡᠳ ᠬᠦᠮᠦᠨ᠎ᠤ ᠭᠠᠷ ᠬᠠᠷᠠᠬᠣ ᠪᠣᠯᠣᠬᠰᠠᠨ ᠲᠣᠯᠠ ᠡᠮᠡᠭᠡ ᠡᠵᠢ ᠮᠢᠨᠢ ᠨᠠᠮᠠᠶ᠋ᠢ ᠦᠨᠢᠶᠡᠨ ᠰᠦ᠎ᠪᠠᠷ ᠤᠬ᠍ᠵᠢᠵᠦ ᠦᠰᠭᠡᠭᠰᠡᠨ ᠶᠤᠮ᠃ ᠬᠤᠵᠢᠮ᠎ᠨᠢ ᠡᠵᠢ᠎ᠶ᠋ᠢᠨ ᠪᠡᠶ᠎ᠡ ᠡᠷᠡᠭᠦᠯᠵᠢᠭ᠌ᠰᠡᠨ ᠪᠤᠯᠪᠠᠴᠤ᠌ ᠪᠢ ᠡᠮᠡᠭᠡ ᠡᠵᠢ᠎ᠠᠴᠠ ᠪᠠᠨ ᠰᠠᠯᠬᠣ ᠲᠣᠷ᠎ᠠ ᠦᠭᠡᠢ ᠪᠣᠯᠵᠠᠢ᠃ ᠳᠡᠨᠳᠦᠷ ᠮᠦᠨᠳᠦᠷ ᠠᠯᠬᠤᠬᠤ ᠪᠤᠯᠤᠭ᠍ᠰᠠᠨ ᠲᠡᠷᠡ ᠴᠠᠬ ᠡᠴᠡ ᠡᠮᠡᠭᠡ ᠡᠵᠢ ᠮᠢᠨᠢ ᠮᠢᠨᠦ ᠬᠣᠢᠨ᠎ᠠ ᠡᠴᠡ ᠲᠦᠭᠡ ᠰᠠᠯᠬᠤ ᠦᠭᠡᠢ ᠲᠠᠭᠠᠵᠦ᠂ ᠢᠳᠡᠭᠦ᠌ ᠶᠠᠭᠤᠮ᠎ᠠ᠎ᠶ᠋ᠢ ᠠᠮᠠᠨ᠎ᠳᠠᠭᠠᠨ ᠵᠠᠵᠢᠯᠵᠤ ᠳᠡᠵᠢᠭᠡᠵᠦ᠍ ᠪᠠᠢᠬ᠍ᠰᠠᠨ ᠭᠡᠵᠦ᠍ ᠠᠪᠤ ᠡᠵᠢ ᠮᠢᠨᠢ ᠬᠠᠭᠤᠴᠢᠯᠠᠵᠦ᠍ ᠶᠠᠷᠢᠲᠠᠬ᠃

ᠪᠠᠭ᠎ᠠ ᠪᠠᠯᠴᠢᠷ ᠨᠠᠰᠤᠨ᠎ᠳᠠᠭᠠᠨ ᠪᠢ ᠡᠮᠡᠭᠡ ᠡᠵᠢ᠎ᠪᠠᠨ ᠠᠮᠢ᠎ᠶ᠋ᠢ ᠠᠪᠤᠷᠠᠭ᠍ᠴᠢ ᠠᠮᠢᠳᠦ ᠪᠤᠷᠬᠠᠨ᠂ ᠠᠯᠢᠪᠠ᠎ᠶᠢ ᠬᠠᠮᠢᠶᠠᠷᠴᠤ᠌ ᠱᠢᠢᠳᠪᠦᠷᠢᠯᠡᠬᠦ ᠠᠪᠤᠷᠭᠤ ᠵᠠᠩᠵᠤᠨ ᠪᠠᠭᠠᠳᠤᠷ ᠬᠡᠮᠡᠨ ᠰᠠᠨᠠᠵᠦ ᠪᠠᠢᠵᠠᠢ᠃ ᠰᠦᠨᠢ ᠤᠷᠤᠢ ᠭᠠᠳᠠᠨ᠎ᠠ ᠴᠢᠨ᠋ᠸ᠎ᠠ ᠤᠯᠢᠵᠦ᠂ ᠲᠡᠭ᠌ᠷᠢ ᠳᠤᠤᠭᠠᠷᠴᠤ᠌ ᠠᠶᠤᠩᠭ᠎ᠠ ᠨᠢᠵᠢᠬᠢᠨᠡᠪᠡᠯ ᠪᠢ ᠪᠠᠯᠠᠭ ᠠᠯᠳᠠᠨ ᠠᠶᠣᠨ ᠰᠠᠮᠠᠭᠠᠷᠲᠠᠵᠦ ᠡᠮᠡᠭᠡ ᠡᠵᠢ᠎ᠶ᠋ᠢᠨ᠎ᠢᠶᠠᠨ ᠡᠪᠦᠷ᠎ᠲᠤ ᠡᠪᠴᠢᠭᠦᠨ᠎ᠳᠤᠨᠢ ᠳᠤᠯᠤᠭᠠᠢ᠎ᠪᠠᠨ ᠨᠠᠭᠠᠯᠳᠤᠭᠤᠯᠣᠨ ᠰᠢᠷᠭᠣᠲᠠᠬ᠃ ᠳᠤᠮᠤᠭᠣ ᠲᠠᠭ᠍ᠰᠢᠭᠤᠷ᠎ᠲᠤ ᠨᠡᠷᠪᠡᠭ᠌ᠳᠡᠵᠦ᠍᠂ ᠮᠤᠩᠭᠤᠯ ᠡᠮᠴᠢ᠎ᠶ᠋ᠢᠨ ᠭᠠᠱᠢᠭᠤᠨ ᠳᠠᠩ᠎ᠢ ᠤᠤᠭᠤᠬᠤ ᠳᠤᠷ᠎ᠠ ᠦᠭᠡᠢ ᠪᠤᠯ ᠡᠮᠡᠭᠡ ᠡᠵᠢ ᠨᠠᠳᠠ᠎ᠳᠤ ᠰᠡᠮᠡᠬᠡᠷᠬᠡᠨ᠎ᠢᠶᠠᠷ ᠱᠢᠬᠢᠷ ᠢᠳᠡᠭᠦᠯᠵᠦ᠍ ᠠᠷᠭᠠᠲᠠᠳᠠᠭ᠃

ᠴᠡᠭᠡᠵᠢᠯᠡᠵᠦ᠍ ᠪᠠᠢᠬᠤ᠎ᠪᠠᠷ ᠵᠢᠷᠭᠤᠭᠠᠨ ᠨᠠᠰᠤᠨ᠎ᠤ ᠲᠡᠷᠡ ᠵᠢᠯ ᠬᠢᠵᠢᠭ᠎ᠰᠡᠷᠭᠡᠢᠯᠡᠬᠦ᠌ ᠡᠮᠨᠡᠯᠭᠡ᠎ᠶ᠋ᠢᠨ ᠠᠩᠭᠢ ᠮᠠᠨ᠎ᠤ ᠨᠤᠲᠤᠭ᠎ᠲᠤ ᠢᠷᠡᠵᠦ᠍᠂ ᠶᠡᠭᠡ ᠪᠠᠭ᠎ᠠ ᠭᠡᠵᠦ ᠢᠯᠭᠠᠯ ᠦᠭᠡᠢ ᠠᠢᠯ᠎ᠤᠨ ᠬᠦᠮᠦᠰ᠎ᠤᠨ ᠴᠢᠰᠦ᠎ᠶ᠋ᠢ᠎ᠨᠢ ᠪᠠᠢᠴᠠᠭᠠᠬᠤ ᠭᠡᠳ ᠵᠡᠭᠦᠦ ᠬᠠᠳᠬᠣᠬᠣ᠎ᠳᠤ ᠪᠢ ᠠᠶᠤᠵᠤ ᠬᠣᠢᠰᠢ ᠣᠬᠣᠷᠢᠬᠣ ᠳ᠋ᠦ ᠡᠮᠡᠭᠡ ᠡᠵᠢ᠄《ᠡᠮᠴᠢ ᠮᠠᠮᠠ ᠡ᠂ ᠮᠢᠨᠦ᠍ ᠬᠦᠦ᠍᠎ᠶ᠋ᠢ ᠬᠦᠡᠭ᠌ᠭᠡᠨ ᠬᠠᠳᠭᠤᠭᠠᠷᠠᠢ》 ᠭᠡᠵᠦ᠍ ᠭᠤᠶᠤᠬᠤ᠎ᠶ᠋ᠢᠨ ᠲᠠᠭᠠᠣ ᠴᠠᠮᠴᠠ᠎ᠶ᠋ᠢᠨ ᠶ᠋ᠢᠡᠨ ᠬᠤᠷᠮᠤᠢ᠎ᠪᠠᠷ ᠨᠢᠭᠤᠷ᠎ᠢ ᠬᠠᠯᠬᠠᠯᠠᠵᠤ ᠪᠢᠳᠡᠭᠡᠢ ᠠᠶᠤ ᠭᠡᠵᠦ᠍ ᠠᠷᠭᠠᠲᠠᠵᠦ ᠠᠬᠣᠢ ᠳᠠᠯᠠᠪᠠᠢ ᠳ᠋ᠦ ᠪᠠᠢᠬᠰᠠᠨ ᠤᠯᠠᠨ ᠬᠦᠮᠦᠨ᠎ᠢ ᠢᠨᠢᠶᠡᠯᠭᠡᠵᠦ᠍ ᠪᠢᠯᠡ᠃

ᠪᠠᠭ᠎ᠠ ᠳ᠋ᠠᠭᠠᠨ ᠪᠢ ᠡᠮᠡᠭᠡ ᠡᠵᠢ᠎ᠶᠢᠨ ᠠᠷᠣ ᠡᠴᠡ ᠰᠡᠭᠦᠳᠡᠷ ᠮᠡᠳᠦ ᠲᠠᠭᠠᠲᠠᠬ᠃ ᠵᠠᠷᠢᠮ ᠳ᠋ᠠᠭᠠᠨ ᠠᠢᠯ᠎ᠤᠨ ᠭᠡᠤᠭᠡᠳ᠎ᠲᠠᠢ ᠨᠠᠭᠠᠳᠤᠭᠠᠳ ᠬᠠᠷᠢᠵᠦ ᠢᠷᠡᠪᠡᠯ ᠡᠮᠡᠭᠡ ᠡᠵᠢ ᠪᠠᠢᠬᠤ ᠦᠭᠡᠢ ᠪᠤᠯ ᠡᠷᠢᠭᠡᠳ ᠤᠬᠢᠯᠠᠳᠠᠭ ᠶᠤᠮ᠃ ᠬᠦᠷᠰᠢ ᠰᠠᠭᠠᠬᠠᠯᠲᠠ᠎ᠶᠢᠨ ᠬᠢᠨ ᠡᠮᠡᠭᠡ ᠡᠵᠢ᠎ᠶᠢ ᠴᠢᠨᠢ ᠦᠭᠡᠷ᠎ᠡ ᠬᠦᠮᠦᠨ ᠠᠪᠤᠭᠠᠳ ᠶᠠᠪᠤᠵᠠᠢ ᠭᠡᠪᠡᠯ ᠨᠠᠭᠠᠳᠤᠨ ᠱᠤᠭᠯᠠᠪᠠᠯ ᠨᠡᠩ ᠵᠢᠷᠦᠬᠡ᠎ᠪᠠᠨ ᠬᠠᠭᠠᠷᠠᠳᠠᠯ᠎ᠠ ᠠᠶᠤᠳᠠᠭ᠃

ᠡᠮᠡᠭᠡ ᠡᠵᠢ ᠮᠢᠨᠢ ᠳᠤᠯᠤᠭᠠᠢ ᠡᠪᠡᠳᠭᠦ᠌ ᠬᠠᠭᠤᠴᠢᠨ ᠠᠷᠬᠠᠭ᠎ᠲᠠᠢ ᠳᠤᠯᠠ ᠳᠤᠯᠤᠭᠠᠢ ᠨᠢ ᠡᠪᠡᠳᠦᠪᠡᠯ ᠪᠢ ᠪᠠᠰᠠ ᠰᠠᠨᠳᠤᠷᠴᠤ᠌᠂  ᠡᠮᠡᠭᠡ ᠡᠵᠢ᠎ᠠᠴᠠ᠎ᠪᠠᠨ ᠰᠠᠯᠬᠤ ᠦᠭᠡᠢ ᠵᠢᠭᠣᠷᠠᠵᠦ ᠤᠬᠢᠯᠠᠳᠠᠭ᠃ ᠨᠠᠮᠠᠶ᠋ᠢ ᠡᠮᠡᠭᠡ ᠡᠵᠢ ᠲᠠᠢ᠎ᠪᠠᠨ ᠢᠡᠭ᠌ᠭᠢᠵᠦ᠍ ᠠᠮᠢ ᠨᠠᠰᠤ᠎ᠪᠠᠨ ᠬᠤᠯᠪᠤᠵᠤ ᠠᠮᠢᠳᠤᠷᠠᠬᠣ᠎ᠶᠢ ᠬᠠᠷᠠᠬᠰᠠᠨ ᠠᠢᠯ᠎ᠤᠨ ᠬᠦᠮᠦᠰ ᠪᠢᠱᠢᠷᠡᠨ ᠪᠠᠭ᠍ᠠᠷᠬᠠᠵᠦ᠂ ᠵᠠᠷᠢᠮ᠎ᠨᠢ ᠣᠮᠪᠣᠯᠣ ᠪᠠᠨ ᠬᠡᠳᠦᠷᠬᠡᠢ ᠰᠠᠨᠠᠵᠤ ᠪᠠᠢᠨ᠎ᠠ᠂  ᠬᠤᠵᠢᠮ ᠴᠢᠮ᠎ᠡ ᠳ᠋ᠦ ᠬᠦᠱᠢᠶ᠎ᠡ ᠪᠤᠰᠭᠠᠵᠤ ᠦᠭ᠌ᠭᠦᠨ᠎ᠡ ᠤᠤ? ᠭᠡᠵᠦ᠍ ᠬᠡᠯᠡᠭᠦ᠎ᠶ᠋ᠢ ᠨᠢ ᠰᠤᠨᠤᠰᠴᠤ᠌ ᠪᠠᠢᠬᠰᠠᠨ ᠪᠣᠯᠪᠠᠴᠣ ᠲᠡᠷᠡ ᠦᠶ᠎ᠡ ᠳ᠋ᠦ ᠣᠴᠢᠷ ᠣᠬᠠᠭᠠᠨ᠎ᠢ ᠣᠢᠯᠠᠭᠠᠬᠣ ᠦᠭᠡᠢ ᠪᠠᠢᠵᠠᠢ᠃

ᠠᠯᠤᠰ ᠤ᠋ᠨ ᠵᠠᠮ ᠢ᠋ ᠵᠢᠭᠠᠵᠦ ᠦᠭᠭᠦᠭᠰᠡᠨ ᠠᠭᠤᠦ ᠶᠡᠬᠡ ᠡᠮᠡᠭᠡ ᠡᠵᠢ ᠮᠢᠨᠢ

1956 ᠤᠨ᠎ᠤ ᠨᠠᠮᠤᠷ ᠡᠮᠡᠭᠡ ᠡᠵᠢ ᠮᠢᠨᠢ ᠨᠠᠮᠠᠶ᠋ᠢ ᠳᠠᠭᠠᠭᠤᠯᠵᠤ ᠰᠤᠷᠭᠠᠭᠤᠯᠢ᠎ᠳᠤ ᠬᠦᠷᠭᠡᠨ ᠪᠢᠴᠢᠭ ᠦᠵᠡᠭᠦᠯᠵᠡᠢ᠃

ᠪᠢ ᠰᠤᠷᠭᠠᠭᠤᠯᠢ᠎ᠶᠢᠨ ᠪᠣᠱᠣᠭ᠎ᠠ᠎ᠶᠢ ᠠᠯᠬᠣᠬᠰᠠᠨ ᠪᠤᠯᠪᠠᠴᠤ᠌ ᠪᠡᠶ᠎ᠡ ᠪᠢᠯᠳᠠᠷ ᠮᠠᠷᠢᠶ᠎ᠠ ᠮᠢᠬ᠎ᠠ᠎ᠲᠠᠢ ᠳᠤᠯᠠ ᠡᠳᠦᠷ᠎ᠲᠤ ᠨᠠᠭᠠᠰᠢ ᠴᠠᠭᠠᠰᠢ ᠨᠠᠢ᠍ᠮᠠᠨ ᠭᠠᠵᠠᠷ ᠵᠠᠮᠨᠠᠬᠣ ᠭᠡᠵᠦ ᠳᠡᠩᠭᠡᠭᠡ᠎ᠳᠤ ᠳᠤᠯᠲᠠᠬ᠃ ᠲᠡᠭᠡᠬᠦ ᠳ᠋ᠦ ᠡᠮᠡᠭᠡ ᠡᠵᠢ ᠮᠢᠨᠢ ᠵᠠᠮ᠎ᠤᠨ ᠬᠠᠵᠠᠭᠤᠳᠡᠬᠢ ᠬᠤᠨᠭ᠌ᠱᠢᠶᠠᠷ᠎ᠤᠨ ᠮᠤᠳᠤᠨ᠎ᠤ ᠰᠡᠭᠦᠳᠡᠷ᠎ᠲᠤ ᠤᠰᠤ ᠪᠤᠯᠤᠨ ᠭᠤᠸᠠ ᠪᠠᠨ ᠠᠪᠴᠤ᠌ ᠲᠣᠰᠣᠨ ᠬᠦᠯᠢᠶᠡᠲᠡᠭ᠃ ᠨᠠᠮᠠᠶ᠋ᠢ ᠣᠬᠲᠣᠨ ᠲᠣᠰᠣᠭᠠᠳ ᠤᠰᠤ ᠤᠤᠭᠤᠯᠭᠠᠨ᠂ ᠭᠤᠸᠠ ᠪᠠᠨ ᠢᠳᠡᠭᠦᠯᠵᠦ᠍ ᠪᠠᠷᠠᠪᠠᠯ ᠠᠢᠯ᠎ᠤᠨ ᠪᠠᠷᠠᠭᠤᠨ ᠳᠠᠯ᠎ᠠ ᠪᠡᠷ ᠣᠷᠣᠰᠬᠣ ᠵᠢᠵᠢᠬᠭᠡᠨ ᠭᠤᠷᠤᠬ᠎ᠠ᠎ᠶ᠋ᠢ ᠳᠤᠭᠤᠯᠵᠤ ᠭᠡᠷ ᠲᠡᠭᠡᠨ ᠬᠠᠷᠢᠲᠠᠬ ᠶᠣᠮ᠃ 70 ᠵᠢᠯ᠎ᠤᠨ ᠡᠮᠦᠨ᠎ᠡ ᠪᠢ ᠴᠢᠨᠢ ᠤᠳᠤᠬᠢ ᠬᠤᠳᠠ᠎ᠶ᠋ᠢᠨ ᠭᠡᠤᠭᠡᠳ᠎ᠤᠨ ᠠᠲᠠᠯᠢ ᠠᠰᠠᠷᠠᠮᠵᠢ ᠬᠠᠷᠠᠭᠠᠯᠵᠠᠯ᠎ᠢ ᠬᠦᠷᠳᠡᠵᠦ᠍ ᠪᠠᠢᠬ᠍ᠰᠠᠨ ᠰᠢᠦ ᠳ᠋ᠠ᠃

ᠳᠡᠭᠡᠷ᠎ᠡ ᠠᠩᠭᠢ᠎ᠶ᠋ᠢᠨ ᠰᠤᠷᠤᠭ᠍ᠴᠢᠳ ᠤᠯᠠᠭᠠᠨ ᠪᠦᠴᠡ ᠵᠡᠭᠦᠵᠦ᠍ ᠪᠠᠢᠬᠤ᠎ᠶ᠋ᠢ ᠦᠵᠡᠭᠡᠳ ᠡᠮᠡᠭᠡ ᠡᠵᠢ ᠮᠢᠨᠢ ᠰᠤᠷᠭᠠᠭᠤᠯᠢ᠎ᠳᠤ ᠬᠦᠷᠴᠤ᠌ ᠪᠠᠭ᠍ᠰᠢ ᠨᠠᠷ᠎ᠢ ᠡᠷᠢᠵᠦ᠄《ᠲᠠ ᠨᠠᠷ ᠮᠢᠨᠦ᠍ ᠬᠦᠦ᠍᠎ᠳᠤ ᠪᠠᠰᠠ ᠳᠡᠷᠡ ᠤᠯᠠᠭᠠᠨ ᠵᠠᠩᠭᠢᠶ᠎ᠠ᠎ᠪᠠᠨ ᠦᠭ᠌ᠭᠦ ᠪᠤᠯᠪᠠ ᠤᠤ?》 ᠭᠡᠳ ᠤᠯᠠᠨ᠎ᠢ ᠢᠨᠢᠶᠡᠯᠭᠡᠵᠦ᠍ ᠪᠠᠢᠬ᠍ᠰᠠᠨ ᠶᠤᠮ᠃

ᠬᠤᠵᠢᠮ᠎ᠨᠢ ᠪᠢ ᠡᠨᠡ ᠭᠦ᠌ 《ᠤᠯᠠᠭᠠᠨ ᠵᠠᠩᠭᠢᠶ᠎ᠠ》 — ᠤᠯᠠᠭᠠᠨ ᠪᠦᠴᠡ᠎ᠶ᠋ᠢ ᠤᠯᠵᠤ ᠵᠡᠭᠦᠭ᠌ᠰᠡᠨ ᠡᠳᠦᠷ ᠬᠦᠯ ᠭᠠᠵᠠᠷ ᠬᠦᠷᠬᠦ ᠦᠭᠡᠢ ᠬᠦᠭᠰᠡᠨ ᠪᠠᠶᠠᠷᠯᠠᠵᠦ᠂ ᠡᠮᠡᠭᠡ ᠡᠵᠢ᠎ᠳᠡᠭᠡᠨ ᠪᠠᠶᠠᠷ᠎ᠤᠨ ᠴᠢᠮᠡᠭᠡ ᠪᠠᠨ ᠣᠯᠠᠮᠵᠢᠯᠠᠵᠠᠢ᠃ ᠵᠠᠯᠭᠠᠭᠠᠳ ᠪᠢ ᠪᠠᠭᠠᠴᠤᠳ᠎ᠤᠨ ᠬᠤᠱᠢᠭᠤᠴᠢ ᠠᠩᠭᠢ᠎ᠶ᠋ᠢᠨ ᠶᠡᠭᠡ ᠠᠩᠭᠢ᠎ᠶ᠋ᠢᠨ ᠳᠠᠷᠤᠭ᠎ᠠ ᠪᠤᠯᠵᠤ᠂ ᠭᠤᠷᠪᠠᠨ ᠵᠢᠷᠤᠭᠠᠰᠤ᠎ᠲᠠᠢ ᠳᠡᠮᠳᠡᠭ ᠵᠡᠭᠦᠭ᠌ᠰᠡᠨ᠎ᠳᠤ ᠡᠮᠡᠭᠡ ᠡᠵᠢ ᠮᠢᠨᠢ ᠬᠦᠮᠦᠨ ᠦᠵᠡᠪᠡᠯ ᠬᠡᠯᠡᠵᠦ᠍᠂ 《ᠮᠢᠨᠦ᠍ ᠬᠦᠦ ᠳᠠᠷᠤᠭ᠎ᠠ ᠪᠤᠯᠴᠢᠬᠠᠬ᠍ᠰᠠᠨ ᠱᠢᠤ》 ᠭᠡᠵᠦ᠍ ᠠᠢᠯ ᠠᠢᠮᠠᠭ᠎ᠲᠠᠭᠠᠨ ᠦᠯᠢᠭᠡᠷ ᠪᠤᠯᠵᠤ ᠪᠠᠢᠬ᠍ᠰᠠᠨ᠃

ᠭᠤᠷᠪᠠᠨ ᠵᠢᠯ᠎ᠤᠨ ᠭᠠᠴᠢᠬ ᠴᠠᠭ ᠲᠦ᠍᠂ ᠮᠠᠨ᠎ᠤ ᠵᠢᠷᠭᠤᠭᠠᠨ ᠠᠮᠠ ᠪᠦᠯᠢ ᠡᠳᠦᠷ᠎ᠲᠤ ᠭᠤᠷᠪᠠᠨ ᠯᠠᠩ ᠬᠠᠷ᠎ᠠ ᠪᠤᠳᠠᠭ᠎ᠠ ᠢᠳᠡᠭᠦ᠌ ᠳᠤᠭ᠍ᠳᠠᠭᠠᠯ ᠲᠠᠢ᠃ ᠲᠡᠭᠡᠬᠦ ᠳ᠋ᠦ ᠡᠮᠡᠭᠡ ᠡᠵᠢ ᠮᠢᠨᠢ ᠦᠰᠬᠦ ᠨᠠᠰᠣᠨ ᠳ᠋ᠠᠭᠠᠨ ᠪᠠᠢᠭ᠎ᠠ ᠭᠣᠷᠪᠠᠨ ᠣᠮᠪᠣᠯᠣ ᠪᠠᠨ ᠢᠯᠡᠭᠦᠦ ᠢᠳᠡᠭᠦᠯᠦᠨ᠎ᠡ ᠭᠡᠵᠦ᠍ ᠪᠠᠢᠭᠠᠳ ᠦᠯᠦᠰᠦᠭᠡᠳ ᠬᠠᠷᠠᠩᠭᠤᠰᠴᠤ ᠮᠠᠨᠠᠷᠠᠭ᠍ᠰᠠᠨ ᠣᠲᠠᠭ᠎ᠠ ᠲᠠᠢ᠃ ᠦᠪᠡᠷ᠎ᠢ᠎ᠪᠠᠨ ᠴᠦᠯᠡᠵᠦ᠍᠂ ᠦᠷ᠎ᠡ ᠭᠡᠤᠭᠡᠳ᠎ᠢᠶᠠᠨ ᠠᠮᠢᠳᠤᠷᠠᠭᠤᠯᠤᠨ᠎ᠠ ᠭᠡᠰᠡᠨ ᠠᠭᠤᠤ ᠶᠡᠭᠡ ᠡᠮᠡᠭᠡ ᠡᠵᠢ᠎ᠶᠢᠨ ᠦᠷᠦᠱᠢᠶᠡᠯ ᠬᠠᠢᠷ᠎ᠠ ᠡᠨᠡ ᠪᠣᠶᠣ᠃

ᠨᠠᠮᠠᠶ᠋ᠢ ᠶᠡᠬᠡᠳᠠᠯ᠎ᠠ ᠳᠤᠮᠳᠠᠳᠤ ᠰᠤᠷᠭᠠᠭᠤᠯᠢ᠎ᠳᠤ ᠰᠣᠷᠣᠯᠴᠠᠵᠦ ᠪᠠᠢᠬᠤ᠎ᠳᠤ᠂ ᠡᠮᠡᠭᠡ ᠡᠵᠢ ᠮᠢᠨᠢ ᠵᠢᠷᠠᠨ ᠭᠠᠵᠠᠷ᠎ᠤᠨ ᠵᠠᠮ᠎ᠢ ᠠᠯᠵᠢᠶᠠᠯ ᠦᠭᠡᠢ ᠳᠠᠶᠠᠭ ᠳᠤᠯᠵᠦ᠂ ᠡᠷᠳᠡᠨᠢ ᠱᠢᠰᠢ᠎ᠶ᠋ᠢᠨ ᠵᠠᠷᠮ᠎ᠠ ᠪᠠᠨ ᠡᠭᠦᠷᠦᠭᠡᠳ ᠦᠵᠡᠭᠦ᠎ᠪᠠᠷ ᠢᠷᠡᠲᠡᠭ᠃ ᠲᠦᠡᠭ᠌ᠯᠢᠶᠤᠤ᠎ᠳᠠᠬᠢ ᠬᠤᠶᠠᠳᠤᠭᠠᠷ ᠳᠤᠮᠳᠠᠳᠤ ᠰᠤᠷᠭᠠᠭᠤᠯᠢ᠎ᠳᠤ ᠰᠤᠷᠤᠯᠴᠠᠵᠦ ᠪᠠᠢᠬᠰᠠᠨ ᠲᠡᠷᠡ ᠦᠶ᠎ᠡ ᠳ᠋ᠦ᠂ ᠬᠢᠳᠠᠳ ᠦᠭᠡ ᠲᠦᠬᠦᠭᠡᠷᠬᠦ ᠦᠭᠡᠢ ᠡᠮᠡᠭᠡ ᠡᠵᠢ ᠮᠢᠨᠢ ᠬᠣᠢᠨ᠎ᠠ ᠡᠴᠡ ᠡᠷᠬᠢᠵᠦ ᠦᠵᠡᠬᠦ ᠪᠠᠨ ᠪᠠᠷᠢᠮᠲᠠᠯᠠᠬᠰᠠᠭᠠᠷ ᠢᠷᠡᠵᠡᠢ᠃ ᠴᠢᠩᠬᠢᠭᠡᠳ ᠪᠢ ᠬᠠᠮᠳᠤ ᠰᠤᠷᠤᠭ᠍ᠴᠢ᠎ᠲᠠᠢ᠎ᠪᠠᠨ ᠴᠣᠬ ᠡᠮᠡᠭᠡ ᠡᠵᠢ᠎ᠪᠠᠨ ᠣᠬᠲᠣᠨ ᠠᠪᠴᠣ᠂ ᠡᠮᠡᠭᠡ ᠡᠵᠢ᠎ᠶᠢᠨ ᠶ᠋ᠢᠡᠨ ᠡᠨᠡ ᠨᠠᠰᠣᠨ ᠳ᠋ᠡᠬᠢ ᠠᠩᠬ᠎ᠠ ᠤᠳᠠᠭ᠎ᠠ ᠭᠡᠷᠡᠯ ᠵᠢᠷᠤᠭ ᠳᠠᠳᠠᠭᠣᠯᠵᠤ ᠡᠭᠦᠷᠢᠳᠡ᠎ᠶ᠋ᠢᠨ ᠳᠤᠷᠠᠰᠭᠠᠯ ᠪᠤᠯᠭᠠᠭ᠍ᠰᠠᠨ ᠪᠢᠯᠡ᠃

ᠮᠢᠨᠦ᠍ ᠨᠢᠭᠡ ᠨᠠᠰᠤᠨ᠎ᠳᠤ ᠠᠯᠢ ᠤᠯᠠᠨ ᠪᠠᠭ᠍ᠰᠢ ᠨᠠᠷ ᠪᠠᠢᠬᠰᠠᠨ ᠭᠡᠲᠡᠭ ᠪᠣᠯᠪᠠᠴᠣ ᠬᠦᠮᠦᠨ ᠪᠤᠯᠵᠤ ᠬᠦᠯᠦᠭ᠎ᠤᠨ ᠨᠢᠷᠤᠭᠤᠨ ᠳ᠋ᠦ ᠮᠣᠷᠲᠠᠬᠣ ᠬᠠᠮᠤᠭ᠎ᠤᠨ ᠠᠩᠬᠠᠨ᠎ᠤ ᠪᠠᠭ᠍ᠰᠢ ᠭᠡᠪᠡᠯ ᠡᠮᠡᠭᠡ ᠡᠵᠢ ᠪᠤᠯᠬᠤ ᠶᠤᠮ᠃

ᠤᠷᠲᠦ ᠨᠠᠰᠤᠯᠠᠵᠦ ᠤᠳᠠᠭᠠᠨ ᠵᠢᠷᠭᠠᠬᠰᠠᠨ ᠡᠮᠡᠭᠡ ᠡᠵᠢ ᠮᠢᠨᠢ

1968 ᠤᠨ᠎ᠳᠤ᠂ ᠪᠢ ᠦᠨᠳᠦᠷ ᠳᠤᠮᠳᠠᠳᠤ᠎ᠪᠠᠨ ᠳᠡᠭᠦᠰᠦᠭᠡᠳ ᠨᠣᠲᠣᠬ ᠲᠠᠭᠠᠨ ᠬᠠᠷᠢᠵᠦ ᠳᠠᠷᠢᠶᠠᠨ ᠠᠵᠢᠯ ᠬᠢᠵᠦ᠂ ᠡᠮᠡᠭᠡ ᠡᠵᠢ ᠪᠣᠯᠣᠨ ᠠᠪᠤ ᠡᠵᠢ᠎ᠳᠡᠭᠡᠨ ᠬᠦᠴᠦ᠍᠎ᠪᠠᠨ ᠡᠷᠭᠦᠵᠦ᠍ ᠠᠴᠢ᠎ᠶ᠋ᠢ᠎ᠨᠢ ᠬᠠᠷᠢᠭᠤᠯᠬᠤ ᠨᠦᠭᠦᠴᠡᠯ᠎ᠲᠠᠢ ᠪᠤᠯᠤᠭᠰᠠᠨ ᠪᠦᠭᠡᠳ ᠲᠠᠷᠠᠭ᠎ᠠ ᠵᠢᠯ ᠨᠢ ᠠᠢᠯ ᠭᠡᠷ ᠵᠢᠨᠨ ᠪᠤᠰᠬᠠᠵᠠᠢ᠃ ᠮᠢᠨᠦ ᠡᠭᠡᠨᠡᠷ᠎ᠢ ᠯᠢ ᠮᠸᠢ ᠷᠦᠡᠭ ᠭᠡᠳᠡᠭ᠃ ᠲᠡᠭᠡᠬᠦ ᠳ᠋ᠦ ᠡᠮᠡᠭᠡ ᠡᠵᠢ ᠮᠢᠨᠢ ᠮᠠᠰᠢ ᠰᠡᠳᠭᠢᠯ ᠬᠠᠨᠤᠮᠵᠢᠳᠠᠢ ᠪᠠᠢᠵᠤ᠄《 ᠮᠢᠨᠦ᠍ ᠬᠦᠦ ᠰᠠᠢᠨ ᠪᠡᠷᠢ ᠤᠯᠵᠠᠢ᠃ ᠡᠨᠡ ᠪᠡᠷᠢ᠎ᠶ᠋ᠢᠨ ᠬᠦᠮᠦᠨ ᠴᠢᠨᠠᠷ ᠰᠠᠢᠨ᠂ ᠠᠴᠢᠯᠠᠯ ᠵᠢᠷᠤᠮᠳᠠᠢ᠂ ᠪᠢᠴᠢᠭ ᠦᠰᠦᠭ᠎ᠲᠠᠢ᠂ ᠦᠡᠭ᠌ᠭᠡ ᠵᠢᠰᠦ᠎ᠨᠢ ᠰᠠᠢᠬᠠᠨ᠂ ᠠᠵᠢᠯ ᠠᠮᠢᠳᠤᠷᠠᠯ᠎ᠳᠠᠭᠠᠨ ᠤᠨᠴᠠ ᠰᠠᠢᠨ》 ᠭᠡᠵᠦ᠍ ᠦᠷᠭᠦᠯᠵᠢ ᠮᠠᠭ᠍ᠳᠠᠳᠠᠭ ᠪᠢᠯᠡ᠃

ᠪᠢᠳᠡᠨ᠎ᠢ ᠭᠡᠤᠭᠡᠳ᠎ᠲᠠᠢ ᠪᠣᠯᠣᠬᠰᠠᠨ᠎ᠤ ᠬᠣᠢᠨ᠎ᠠ ᠡᠮᠡᠭᠡ ᠡᠵᠢ ᠮᠢᠨᠢ ᠶᠠᠭ ᠪᠠᠭ᠎ᠠ ᠳ᠋ᠦ ᠨᠠᠮᠠᠶ᠋ᠢ ᠠᠰᠠᠷᠠᠵᠤ ᠬᠠᠷᠠᠭᠠᠯᠵᠠᠵᠦ ᠪᠠᠢᠬ᠍ᠰᠠᠨ ᠱᠢᠭ᠋ ᠣᠮᠪᠣᠯᠣ ᠪᠠᠷᠢ ᠪᠠᠨ ᠠᠰᠠᠷᠠᠵᠦ ᠬᠠᠷᠠᠭᠠᠯᠵᠠᠨ᠂ ᠦᠪᠡᠷ᠎ᠤᠨ ᠳᠦᠷᠦᠭ᠌ᠰᠡᠨ ᠦᠬᠢᠨ᠎ᠢᠶᠠᠨ ᠱᠢᠭ ᠰᠠᠨᠠᠵᠤ ᠬᠠᠢᠷᠠᠯᠠᠵᠤ ᠶᠠᠪᠤᠵᠠᠢ᠃

ᠪᠢᠳᠡ ᠴᠤ᠌ ᠡᠮᠡᠭᠡ ᠡᠵᠢ᠎ᠪᠠᠨ ᠠᠴᠢᠯᠠᠨ ᠬᠦᠨᠳᠦᠳᠭᠡᠵᠦ᠂ ᠠᠴᠢ ᠭᠠᠪᠢᠶ᠎ᠠ᠎ᠶ᠋ᠢ᠎ᠨᠢ ᠬᠠᠷᠢᠭᠤᠯᠠᠵᠤ᠂ ᠤᠷᠳᠤ ᠨᠠᠰᠤᠯᠠᠭᠤᠯᠵᠤ ᠤᠳᠠᠭᠠᠨ ᠵᠢᠷᠭᠠᠭᠤᠯᠤᠶ᠎ᠠ ᠭᠡᠵᠦ᠍ ᠰᠠᠨᠠᠵᠦ ᠵᠢᠳᠬᠦᠭᠰᠡᠭᠡᠷ ᠢᠷᠡᠭᠰᠡᠨ ᠶᠤᠮ᠃

ᠬᠣᠵᠢᠮ ᠨᠢ ᠪᠢ ᠨᠤᠭᠤᠰᠤᠳᠠᠢ ᠨᠢᠭᠡᠳᠦᠯ᠎ᠳᠤ ᠤᠯᠤᠰ᠎ᠤᠨ ᠺᠠᠳ᠋ᠷ ᠪᠤᠯᠵᠤ ᠶᠠᠪᠤᠬᠤ᠎ᠳᠤ ᠡᠮᠡᠭᠡ ᠡᠵᠢ ᠮᠢᠨᠢ ᠦᠲᠡᠨ ᠮᠤᠷᠳᠠᠭᠤᠯᠵᠦ᠄《ᠭᠡᠷ᠎ᠤᠨ᠎ᠢᠶᠠᠨ ᠲᠦᠯᠦᠭᠡ᠂ ᠪᠡᠷᠢ ᠪᠤᠯᠤᠨ ᠭᠡᠤᠭᠡᠳ᠎ᠤᠨ᠎ᠢᠶᠠᠨ ᠲᠦᠯᠦᠭᠡ ᠪᠢᠳᠡᠭᠡᠢ ᠰᠠᠨᠠᠭ᠎ᠠ ᠵᠤᠪᠠ᠂ ᠡᠮᠡᠭᠡ ᠡᠵᠢ ᠴᠢᠨᠢ ᠪᠠᠢᠬᠤ ᠦᠭᠡᠢ ᠤᠤ ᠳ᠋ᠠ》 ᠭᠡᠵᠦ᠍ ᠵᠤᠷᠢᠬ᠍ᠵᠢᠭᠤᠯᠵᠤ ᠪᠠᠢᠬ᠍ᠰᠠᠨ ᠪᠢᠯᠡ᠃

ᠲᠡᠷᠡ ᠵᠢᠯ ᠪᠢ ᠡᠮᠡᠭᠡ ᠡᠵᠢ᠎ᠳᠡᠭᠡᠨ ᠱᠠᠩᠬᠠᠢ ᠬᠢᠴᠡᠳᠡᠢ ᠪᠠᠨᠳᠤᠤᠲ᠋ᠢ ᠠᠪᠴᠤ᠌ ᠦᠭ᠌ᠭᠦᠨ ᠦᠯᠢᠭᠡᠷ ᠰᠤᠨᠤᠰᠭᠤ ᠭᠡᠰᠡᠨ ᠬᠦᠰᠡᠯ᠎ᠢ᠎ᠨᠢ ᠪᠡᠶᠡᠯᠡᠭᠦᠯᠦᠯ᠎ᠡ᠃

ᠪᠢᠳᠡ ᠡᠷ᠎ᠡ ᠡᠮ᠎ᠡ ᠬᠤᠶᠠᠭᠤᠯᠠ᠎ᠪᠠᠨ ᠭᠠᠳᠠᠭ᠍ᠰᠢ ᠭᠠᠷᠬᠤ ᠪᠤᠶᠤ ᠬᠠᠨᠭ᠌ᠭᠠᠨ ᠪᠤᠷᠤᠯᠠᠭᠤᠯᠬᠤ ᠬᠤᠷᠱᠢᠶ᠎ᠠ᠎ᠠᠴᠠ ᠪᠠᠭ᠎ᠠ ᠰᠠᠭ᠎ᠠ ᠠᠮᠳᠠᠳᠠᠢ ᠪᠤᠤᠪᠤ ᠪᠤᠭᠤᠷᠰᠤᠭ ᠠᠪᠴᠤ᠌ ᠡᠮᠡᠭᠡ ᠡᠵᠢ᠎ᠳᠤ ᠢᠳᠡᠭᠦᠯᠭᠦ᠌ ᠭᠡᠪᠡᠯ ᠠᠮᠠ ᠰᠢᠮ᠎ᠡ ᠲᠡᠳᠦᠢ ᠢᠳᠡᠭᠡᠳ ᠬᠤᠷᠢᠶᠠᠵᠤ ᠳᠠᠯᠪᠢᠲᠠᠬ᠃ ᠲᠡᠭᠡᠭᠡᠳ ᠪᠢᠳᠡᠨ᠎ᠢ ᠭᠠᠷᠴᠤ᠌ ᠶᠠᠪᠣᠬᠰᠠᠨ ᠬᠣᠭᠣᠷᠣᠨᠲᠣ ᠮᠢᠨᠦ ᠭᠤᠷᠪᠠᠨ ᠬᠡᠦᠬᠡᠳ᠎ᠢ ᠲᠠᠭᠣᠲᠠᠵᠦ᠄ 《ᠠᠪᠤ ᠮᠦᠮᠦ᠍ ᠴᠢᠨᠢ ᠦᠭᠡᠢ ᠪᠠᠢᠨ᠎ᠠ᠂ ᠬᠤᠷᠳᠤᠨ ᠢᠷᠡᠵᠦ᠍ ᠢᠳᠡᠭᠡᠷᠡᠢ》 ᠭᠡᠳ ᠤᠯᠠᠨ᠎ᠢ ᠢᠨᠢᠶᠡᠯᠭᠡᠨ ᠰᠡᠳᠭᠢᠯ ᠬᠦᠳᠡᠯᠭᠡᠵᠦ᠍ ᠪᠠᠢᠬ᠍ᠰᠠᠨ᠎ᠨᠢ ᠶᠠᠭ ᠦᠴᠦᠭᠡᠳᠦᠷ ᠱᠢᠭ ᠰᠠᠨᠠᠭ᠍ᠳᠠᠨ᠎ᠠ᠃

ᠬᠠᠪᠤᠷ᠎ᠤᠨ ᠬᠠᠪᠰᠠᠷᠭ᠎ᠠ ᠰᠠᠯᠬᠢᠨ᠎ᠳᠤ ᠬᠦᠷᠢᠶ᠎ᠡ ᠬᠠᠱᠢᠶᠠᠨ᠎ᠤ ᠬᠡᠷᠡᠮ᠎ᠤᠨ ᠪᠣᠯᠣᠩ ᠳ᠋ᠦ ᠡᠯᠡᠰᠦ ᠬᠤᠮᠠᠭ ᠴᠤᠭ᠍ᠯᠠᠷᠠᠪᠠᠯ ᠨᠠᠶᠠ ᠭᠠᠷᠤᠭ᠍ᠰᠠᠨ ᠡᠮᠡᠭᠡ ᠡᠵᠢ ᠮᠢᠨᠢ ᠬᠦᠷᠵᠡ ᠡᠬᠦᠷᠦᠨ ᠬᠠᠭᠤᠷᠠᠢ ᠬᠤᠮᠠᠭ᠎ᠢ ᠪᠠᠭ᠎ᠠ ᠪᠠᠭ᠎ᠠ ᠪᠡᠷ ᠭᠠᠳᠠᠭ᠍ᠰᠢ ᠬᠠᠶᠠᠲᠠᠬ᠃ ᠡᠬᠦᠨ᠎ᠢ ᠨᠢᠭᠡᠳᠦᠯ᠎ᠤᠨ ᠺᠠᠳ᠋ᠷᠴᠤᠳ ᠦᠵᠡᠭᠡᠳ᠄《 ᠦ᠊ ᠳᠠᠷᠤᠭ᠎ᠠ᠎ᠶ᠋ᠢᠨ 〈ᠵᠠᠯᠠᠭᠤ〉 ᠬᠦᠳᠡᠯᠮᠦᠷᠢᠴᠢᠨ᠎ᠨᠢ ᠦᠨᠳᠦᠰᠦᠨ ᠪᠦᠳᠦᠭᠡᠨ ᠪᠠᠢᠭᠤᠯᠤᠯᠳᠠ ᠬᠢᠵᠦ᠍ ᠪᠠᠢᠨ᠎ᠠ》 ᠭᠡᠵᠦ᠍ ᠱᠤᠭ᠍ᠯᠠᠨ ᠶᠠᠷᠢᠲᠠᠬ᠃ ᠬᠠᠶᠠ ᠵᠠᠷᠢᠮ ᠳ᠋ᠠᠭᠠᠨ ᠪᠢᠳᠡ ᠭᠡᠷ ᠵᠠᠭᠣᠷ᠎ᠠ᠎ᠶᠢᠨ ᠠᠵᠢᠯ ᠳ᠋ᠦ ᠶᠠᠭᠠᠷᠠᠪᠠᠯ ᠡᠮᠡᠭᠡ ᠡᠵᠢ ᠮᠢᠨᠢ ᠪᠠᠰᠠ ᠵᠦᠭᠡᠷ ᠰᠠᠭᠣᠬᠣ ᠦᠭᠡᠢ ᠪᠢᠳᠡᠨ ᠳ᠋ᠦ ᠲᠣᠰᠠ ᠲᠡᠮ ᠪᠣᠯᠬᠣ ᠭᠡᠵᠦ ᠵᠢᠳᠬᠦᠯᠡᠲᠡᠭ᠃ ᠪᠢᠳᠡ ᠲᠡᠬᠦᠨ᠎ᠢ ᠢᠳᠬᠠᠨ ᠬᠣᠷᠢᠬᠯᠠᠬᠣ ᠳ᠋ᠦ᠄ 《 ᠪᠦᠭᠦᠳᠡᠭᠡᠷ᠎ᠢᠶᠠᠨ ᠬᠢᠬᠦ᠌ ᠴᠢᠨᠢ ᠪᠠ ᠯᠤ᠌᠎ᠶ᠋ᠢᠨ ᠶᠤᠰᠤ》 ᠭᠡᠵᠦ᠍ ᠶᠡᠭᠡ 《ᠤᠨᠤᠯ》 ᠶᠠᠷᠢᠵᠦ᠍ ᠮᠠᠨ᠎ᠢ ᠰᠤᠷᠭᠠᠳᠠᠭ ᠶᠣᠮ᠃

ᠨᠤᠭᠤᠰᠤᠳᠠᠢ᠎ᠠᠴᠠ ᠴᠢᠯᠠᠭᠤᠳᠤ᠎ᠳᠤ ᠨᠡᠭᠦᠭᠦ᠌ ᠦᠶ᠎ᠡ ᠨᠠᠮᠤᠷ᠎ᠤᠨ ᠪᠤᠷᠤᠭᠠᠨ ᠵᠦᠰᠡᠷᠡᠵᠦ᠍᠂ ᠱᠢᠷᠤᠢ᠎ᠶ᠋ᠢᠨ ᠵᠠᠮ ᠱᠢᠪᠠᠷ ᠱᠠᠯᠴᠢᠬ ᠶᠡᠭᠡ ᠪᠠᠢᠵᠤ ᠮᠠᠱᠢᠨ ᠳᠡᠷᠭᠡ ᠱᠢᠪᠠᠷᠳᠠᠵᠤ ᠶᠠᠪᠤᠵᠤ ᠳᠡᠢᠯᠬᠦ᠌ ᠦᠭᠡᠢ ᠪᠠᠢᠯ᠎ᠠ᠃ ᠪᠢ ᠨᠠᠶᠠᠨ ᠨᠠᠢ᠍ᠮᠠᠲᠠᠢ ᠡᠮᠡᠭᠡ ᠡᠵᠢ᠎ᠪᠠᠨ ᠳᠡᠷᠭᠡᠨ᠎ᠠᠴᠠ ᠪᠠᠭᠤᠯᠭᠠᠵᠤ ᠬᠡᠳᠦ ᠤᠳᠠᠭ᠎ᠠ ᠤᠰᠤᠨ ᠳᠤᠮᠳᠠᠭᠤᠷ ᠡᠭᠦᠷᠴᠤ᠌ ᠤᠰᠤ ᠭᠡᠳᠦᠯᠬᠦ᠌᠎ᠳᠤ ᠬᠦᠷᠭᠡᠵᠦ᠍ ᠪᠠᠢᠭ᠎ᠠ ᠬᠦᠮᠦᠰ ᠪᠦᠷ᠄ 《 ᠬᠦᠡᠭ᠌ᠱᠧ᠎ᠶ᠋ᠢᠨ ᠱᠦᠵᠢ ᠡᠮᠡᠭᠡ ᠡᠵᠢ᠎ᠪᠠᠨ ᠡᠭᠦᠷᠴᠤ᠌ ᠪᠠᠢᠬᠤ ᠴᠢᠨᠢ ᠦᠨᠡᠬᠡᠷ ᠭᠤᠶᠤ ᠪᠠᠢᠨ᠎ᠠ》 ᠭᠡᠵᠦ᠍ ᠶᠠᠷᠢᠵᠠᠭᠠᠵᠤ ᠪᠠᠢᠯ᠎ᠠ᠃

ᠮᠢᠨᠦ᠍ ᠭᠤᠷᠪᠠᠨ ᠬᠡᠦᠬᠡᠳ ᠴᠤ᠌ ᠡᠯᠦᠨᠴᠡ ᠡᠮᠡᠭᠡ ᠳ᠋ᠡᠭᠡᠨ ᠠᠷᠭ᠎ᠠ ᠦᠭᠡᠢ ᠬᠠᠢᠷᠠᠲᠠᠢ᠃ ᠲᠣᠬᠯᠠᠵᠦ ᠬᠦᠶᠦᠯᠲᠦᠭᠰᠡᠨ ᠲᠣᠮᠣᠭ᠎ᠠ ᠦᠭᠡᠢ ᠵᠢᠭᠠᠯ ᠪᠠᠢᠬᠣ ᠡᠴᠡ ᠪᠠᠨ ᠳᠡᠮᠦᠷ ᠳᠡᠭᠦᠬᠦ ᠪᠣᠶᠣ ᠬᠡᠳᠦᠨ ᠳᠠᠬᠢᠶᠠᠨ ᠦᠨᠳᠡᠭᠡ᠎ᠪᠠᠨ ᠠᠪᠴᠣ ᠬᠠᠨᠭ᠌ᠭᠠᠨ ᠪᠤᠷᠤᠯᠠᠭᠤᠯᠬᠤ ᠬᠤᠷᠱᠢᠶ᠎ᠠ᠎ᠳᠤ ᠬᠤᠳᠠᠯᠳᠤᠨ ᠡᠯᠦᠨᠴᠡ ᠡᠮᠡᠭᠡ᠎ᠳᠡᠭᠡᠨ ᠱᠢᠬᠢᠷ ᠪᠤᠭᠤᠷᠰᠤᠭ ᠠᠪᠴᠤ᠌ ᠢᠳᠡᠭᠦᠯᠳᠡᠭ᠃

ᠬᠠᠨ ᠠᠭᠤᠯᠠ᠎ᠶ᠋ᠢ ᠴᠠᠰᠤ ᠳᠠᠷᠤᠵᠦ᠂ ᠬᠠᠢᠷᠠᠨ ᠪᠡᠶ᠎ᠡ᠎ᠶ᠋ᠢ ᠨᠠᠰᠤ ᠳᠠᠷᠤᠲᠠᠬ᠃ ᠴᠢᠯᠠᠭᠤᠳᠤ᠎ᠳᠤ ᠢᠷᠡᠭ᠌ᠰᠡᠨ᠎ᠤ ᠲᠠᠷᠠᠭ᠎ᠠ ᠡᠮᠡᠭᠡ ᠡᠵᠢ ᠬᠦᠨᠳᠦ ᠡᠪᠡᠳᠴᠢᠯᠡᠭ᠌ᠰᠡᠨ᠎ᠠᠴᠠ ᠲᠠᠮᠢᠷ ᠳᠡᠩᠭᠡᠭᠡ᠎ᠨᠢ ᠢᠯᠡᠳᠲᠡ ᠮᠠᠭᠣᠵᠢᠷᠠᠵᠠᠢ᠃ ᠲᠡᠷᠡ ᠦᠶ᠎ᠡ ᠳ᠋ᠦ ᠪᠢ ᠠᠯᠪᠠᠨ ᠠᠵᠢᠯ ᠶ᠋ᠢᠡᠷ ᠦᠷᠭᠦᠯᠵᠢ ᠬᠦᠳᠡᠭᠡ ᠪᠠᠭᠤᠵᠤ ᠭᠠᠳᠠᠭ᠍ᠰᠢ ᠶᠠᠪᠣᠵᠦ᠂ ᠬᠡᠳᠦᠨ ᠵᠢᠯ ᠳᠠᠷᠠᠭᠠᠯᠠᠨ ᠬᠦᠭᠡᠬᠤᠳᠠ ᠪᠡᠭᠡᠵᠢᠩ ᠳ᠋ᠦ ᠬᠦᠷᠴᠦ ᠰᠤᠷᠣᠯᠴᠠᠵᠦ ᠶᠠᠪᠣᠬᠰᠠᠨ ᠲᠣᠯᠠ ᠭᠡᠷ᠎ᠲᠡᠭᠡᠨ ᠦᠴᠦᠬᠡᠨ ᠴᠤ᠌ ᠳᠤᠰᠠ ᠲᠡᠮ ᠪᠣᠯᠵᠦ ᠴᠢᠲᠠᠬᠰᠠᠨ ᠦᠭᠡᠢ᠃ ᠡᠮᠡᠭᠡ ᠡᠵᠢ ᠮᠢᠨᠢ ᠨᠠᠮᠠᠶ᠋ᠢ ᠪᠡᠶ᠎ᠡ ᠡᠴᠡ ᠪᠠᠨ ᠵᠠᠢᠲᠠᠭᠣᠯᠬᠣ ᠳᠤᠷ᠎ᠠ ᠦᠭᠡᠢ᠄ 《ᠡᠨᠡ ᠭᠦᠡᠭ᠌ᠱᠧ᠎ᠶ᠋ᠢᠨ ᠬᠦᠮᠦᠰ ᠪᠦᠷ ᠤᠬᠠᠭᠠᠨ᠎ᠲᠠᠢ ᠪᠣᠯᠬᠣᠷ ᠭᠡᠷ᠎ᠲᠡᠭᠡᠨ ᠰᠠᠭᠤᠭᠠᠳ᠂ ᠮᠢᠨᠦ᠍ ᠬᠦᠦ᠍᠎ᠶ᠋ᠢ ᠯᠠ ᠳᠠᠬᠢᠨ ᠳᠠᠬᠢᠨ ᠭᠠᠳᠠᠭ᠍ᠰᠢ ᠶᠠᠪᠣᠭᠣᠯᠤᠨ᠎ᠠ》 ᠭᠡᠵᠦ᠍ ᠶᠠᠷᠢᠳᠠᠭ ᠪᠦᠭᠡᠳ ᠮᠢᠨᠦ᠍ ᠬᠦᠦ ᠪᠡᠭᠡᠵᠢᠩ᠎ᠠᠴᠠ ᠴᠠᠭᠠᠰᠢ ᠪᠢᠳᠡᠭᠡᠢ ᠶᠠᠪᠤᠭᠠᠷᠠᠢ ᠭᠡᠵᠦ᠍ ᠵᠠᠬᠢᠲᠠᠬ ᠪᠠᠢᠯ᠎ᠠ᠃

1984 ᠤᠨ᠎ᠤ ᠨᠠᠮᠤᠷ᠎ᠤᠨ ᠰᠡᠭᠦᠯᠴᠢ ᠪᠡᠷ ᠪᠦᠰᠡᠬᠦᠢ ᠮᠢᠨᠢ ᠬᠦᠨᠳᠦ ᠡᠪᠡᠳᠴᠢᠯᠡᠭᠡᠳ ᠬᠦᠭᠡᠬᠤᠳᠠ᠎ᠳᠤ ᠬᠦᠷᠴᠦ ᠡᠮᠨᠡᠭᠦᠯᠵᠦ᠍ ᠪᠠᠢᠲᠠᠯ᠎ᠠ ᠡᠮᠡᠭᠡ ᠡᠵᠢ᠎ᠶᠢᠨ ᠬᠦᠨᠳᠤ ᠡᠪᠡᠳᠴᠢᠯᠡᠭᠰᠡᠨ ᠮᠡᠳᠡᠭᠡ᠎ᠶ᠋ᠢ ᠲᠣᠰᠪᠠ᠃ ᠪᠢ ᠡᠭᠡᠨᠡᠷ᠎ᠤᠨ ᠵᠢᠡᠨ ᠡᠪᠡᠳᠴᠢᠨ᠎ᠢ ᠳᠤᠢᠯᠪᠤᠷᠢᠳᠠᠢ ᠡᠮᠨᠡᠵᠦ ᠵᠠᠰᠠᠬᠰᠠᠨ ᠦᠭᠡᠢ᠎ᠪᠠᠷ ᠠᠷᠣ ᠭᠡᠷ᠎ᠲᠡᠭᠡᠨ ᠢᠷᠡᠵᠦ ᠡᠮᠡᠭᠡ ᠡᠵᠢ ᠪᠠᠨ ᠠᠰᠠᠷᠠᠨ ᠰᠤᠪᠢᠯᠠᠭ᠍ᠰᠠᠨ ᠶᠤᠮ᠃ ᠲᠡᠷᠡ ᠤᠳᠠᠭ᠎ᠠ ᠵᠢᠨ ᠬᠦᠨᠳᠦ ᠡᠪᠡᠳᠴᠢᠨ ᠡᠴᠡ ᠪᠤᠯᠵᠦ ᠡᠮᠡᠭᠡ ᠡᠵᠢ ᠮᠢᠨᠢ ᠬᠦᠮᠦᠨ᠎ᠤ ᠭᠠᠷ ᠲᠦ᠍ ᠤᠷᠤᠵᠠᠢ᠃ ᠪᠢ ᠪᠡᠭᠡᠵᠢᠩ᠎ᠳᠤ ᠰᠣᠷᠣᠯᠴᠠᠵᠦ᠂ ᠡᠬᠡᠨᠡᠷ ᠮᠢᠨᠢ ᠲᠦᠡᠭ᠌ᠯᠢᠶᠤᠤ᠎ᠳᠤ ᠵᠠᠬᠢᠳᠠᠯ᠎ᠢᠶᠠᠷ  ᠰᠤᠷᠤᠯᠴᠠᠬᠤ ᠶᠡᠭᠡ ᠰᠤᠷᠭᠠᠭᠤᠯᠢ᠎ᠳᠤ ᠰᠤᠷᠤᠯᠴᠠᠵᠤ ᠪᠠᠢᠬ᠍ᠰᠠᠨ ᠪᠤᠯᠪᠠᠴᠤ᠌ ᠬᠦᠴᠢᠷ ᠪᠡᠷᠬᠡ᠎ᠶᠢ ᠳᠡᠰᠪᠦᠷᠢᠯᠡᠵᠦ᠍ ᠨᠠᠰᠤᠳᠠᠢ ᠡᠮᠡᠭᠡ ᠡᠵᠢ᠎ᠪᠠᠨ ᠠᠰᠠᠷᠠᠵᠦ ᠰᠤᠪᠢᠯᠠᠬᠤ ᠠᠵᠢᠯ ᠳ᠋ᠦ ᠶᠡᠷᠦ᠍ ᠡᠴᠡ ᠤᠰᠤᠯᠳᠠᠭ᠍ᠰᠠᠨ ᠦᠭᠡᠢ ᠪᠢᠯᠡ᠃

ᠬᠠᠢᠷᠠᠲᠣ ᠡᠮᠡᠭᠡ ᠡᠵᠢ ᠮᠢᠨᠢ 1987 ᠤᠨ᠎ᠤ ᠨᠠᠮᠤᠷ᠎ᠤᠨ ᠰᠡᠭᠦᠯᠴᠢ ᠰᠠᠷ᠎ᠠ᠂ ᠡᠨᠡᠷᠢᠵᠦ ᠬᠠᠢᠷᠠᠯᠠᠭ᠍ᠰᠠᠨ ᠦᠷ᠎ᠡ ᠭᠡᠤᠭᠡᠳ᠂ ᠲᠦᠷᠦᠯ ᠰᠠᠳᠤᠨ᠎ᠢᠶᠠᠨ ᠬᠠᠶᠠᠵᠤ᠂ ᠡᠨᠡ ᠶᠢᠷᠳᠢᠨᠴᠤ᠎ᠳᠤ ᠶᠡᠷᠡᠨ ᠨᠢᠭᠡᠨ ᠵᠢᠯ ᠠᠮᠢᠳᠤᠷᠠᠭᠠᠳ ᠪᠤᠷᠬᠠᠨ ᠪᠤᠯᠵᠠᠢ᠃

ᠡᠮᠡᠭᠡ ᠡᠵᠢ ᠮᠢᠨᠢ ᠪᠤᠷᠬᠠᠨ ᠪᠤᠯᠤᠭ᠍ᠰᠠᠨ᠎ᠤ ᠲᠠᠷᠠᠭ᠎ᠠ᠂ ᠪᠢ ᠳᠡᠭᠦᠨ᠎ᠢ ᠠᠮᠢᠲᠣ ᠰᠡᠷᠡᠬᠦᠨ ᠪᠠᠢᠬᠣ ᠳ᠋ᠣᠨᠢ ᠠᠮᠠᠯᠳᠠᠭ᠍ᠰᠠᠨ ᠦᠭᠡ᠎ᠪᠠᠨ ᠭᠦᠢᠴᠡᠳᠭᠡᠵᠦ᠍᠂ ᠡᠮᠡᠭᠡ ᠡᠵᠢ᠎ᠶᠢᠨ ᠶ᠋ᠢᠡᠨ ᠮᠡᠨᠳᠦᠯᠡᠭ᠌ᠰᠡᠨ ᠵᠠᠭᠤᠨ ᠵᠢᠯ᠎ᠤᠨ ᠤᠢ᠎ᠶᠢ ᠲᠣᠬᠢᠶᠠᠯᠲᠣᠭᠣᠯᠵᠦ ᠤᠡᠭ᠌ᠭᠤᠨ ᠭᠡᠭᠦᠷ᠎ᠢ᠎ᠨᠢ ᠰᠢᠨᠡᠳᠭᠡᠨ ᠵᠠᠰᠠᠵᠦ᠂ 《ᠠᠴᠢ ᠭᠠᠪᠢᠶ᠎ᠠ ᠦᠨᠢ ᠮᠦᠡᠭ᠌ᠭᠡ》 ᠭᠡᠰᠡᠨ ᠴᠢᠯᠠᠭᠤᠨ ᠬᠦᠱᠢᠶ᠎ᠡ ᠪᠤᠰᠭᠠᠨ ᠮᠦᠡᠭ᠌ᠭᠡ᠎ᠶ᠋ᠢᠨ ᠳᠤᠷᠠᠰᠭᠠᠯ ᠪᠤᠯᠭᠠᠵᠠᠢ᠃

ᠡᠨᠡ᠎ᠬᠦ ᠦᠴᠦᠭᠡᠨ ᠲᠣᠷᠠᠳᠬᠠᠯ ᠶ᠋ᠢᠡᠨ ᠪᠢ ᠪᠤᠷᠬᠠᠨ᠎ᠤ ᠤᠷᠤᠨ᠎ᠢ ᠵᠣᠷᠢᠬᠰᠠᠨ ᠡᠮᠡᠭᠡ ᠡᠵᠢ᠎ᠳᠡᠭᠡᠨ ᠦᠷᠦᠴᠡᠨ᠎ᠤ ᠬᠠᠢᠷ᠎ᠠ᠎ᠪᠠᠨ ᠢᠯᠡᠳᠭᠡᠵᠦ᠍᠂ ᠮᠦᠷᠦᠭᠡᠳᠦᠨ ᠰᠠᠨᠠᠵᠤ ᠪᠠᠢᠭ᠎ᠠ ᠰᠡᠳᠭᠢᠯ᠎ᠢᠶᠠᠨ ᠢᠯᠡᠷᠭᠡᠢᠯᠡᠵᠦ᠍᠂ ᠦᠷ᠎ᠡ ᠬᠤᠢᠴᠢᠰ᠎ᠲᠠᠭᠠᠨ ᠣᠯᠠᠮᠵᠢᠯᠠᠨ ᠵᠠᠬᠢᠬᠣ ᠳᠡᠤᠭᠡ ᠪᠤᠯᠭᠠᠨ ᠦᠯᠡᠳᠡᠭᠡᠬᠦ᠎ᠶᠢ ᠵᠣᠷᠢᠬᠰᠠᠨ᠎ᠪᠢᠯᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号