ᠬᠥᠯᠴᠦᠭᠡᠬᠦ᠌ᠳᠤ ᠬᠤᠪᠣᠩ ᠲᠣᠭᠤᠭ᠎ᠠ᠎ᠨᠢ ᠨᠠᠷᠠ ᠱᠢᠭ᠋ ᠰᠠᠨᠠᠭ᠍ᠳᠠᠳᠠᠭ
ᠬᠥᠳᠡᠭᠡ᠎ᠶ᠋ᠢᠨ ᠮᠢᠨᠢ ᠡᠪᠦᠯ ᠦᠨᠡᠭᠡᠨ ᠯᠣᠪᠣᠣᠵᠠᠲᠠᠢ ᠢᠷᠡᠳᠡᠭ
ᠬᠥᠷ ᠴᠠᠰᠤ᠎ᠨᠢ ᠭᠠᠵᠠᠷ᠎ᠤᠨ᠎ᠢᠶᠠᠨ ᠢᠯᠴᠢ᠎ᠪᠠᠷ ᠮᠠᠨᠠᠨᠲᠤᠵᠤ
ᠬᠥᠯᠦᠭ ᠮᠣᠷᠢᠳ᠎ᠨᠢ ᠬᠦᠢᠲᠡᠨ ᠠᠮᠠᠭᠠᠢ᠎ᠪᠠᠨ ᠵᠠᠵᠢᠯᠤᠭᠠᠳ ᠰᠦᠷ᠎ᠲᠠᠢ ᠬᠠᠷᠠᠭ᠍ᠳᠠᠳᠠᠭ
ᠨᠠᠮᠤᠷ᠎ᠤᠨ ᠱᠢᠪᠠᠭᠤᠳ᠎ᠢᠶᠠᠨ ᠮᠥᠷᠦᠭᠡᠳᠦᠭ᠌ᠰᠡᠨ ᠨᠠᠭᠤᠷ᠎ᠨᠢ ᠬᠠᠷᠠᠵᠠ᠎ᠲᠠᠢ ᠮᠡᠯᠲᠡᠷᠡᠵᠦ᠍
ᠨᠠᠢᠭᠤᠭᠠᠯ ᠵᠡᠭᠡᠰᠦ᠎ᠶ᠋ᠢ ᠰᠠᠯᠬᠢᠨ᠎ᠢ ᠵᠢᠩᠭᠢᠨᠡᠲᠡᠯ᠎ᠡ ᠬᠤᠭᠤᠷᠳᠠᠵᠤ ᠬᠥᠭ᠌ᠯᠡᠯᠳᠦᠭ᠌ᠰᠡᠨ
ᠨᠠᠪᠴᠢᠨ᠎ᠤ ᠣᠷᠣᠨ᠎ᠳᠤ ᠪᠣᠯᠵᠣᠮᠣᠷ᠎ᠤᠳ ᠳᠠᠭᠤᠯᠠᠵᠤ ᠮᠣᠳᠣᠳᠢ ᠠᠷᠭᠠᠳᠠᠵᠤ
ᠨᠠᠷᠠ ᠡᠷᠭᠢᠬᠦ᠌ ᠬᠠᠪᠤᠷ᠎ᠢ ᠳᠠᠯᠠᠯᠵᠤ ᠪᠡᠭᠡᠷᠡᠭ᠌ᠰᠡᠨ ᠬᠤᠱᠢᠭᠤᠳ ᠱᠣᠯᠣᠭᠠᠨᠠᠯᠳᠤᠨᠠ
ᠦᠯᠢᠭᠡᠷ ᠬᠡᠯᠡᠬᠦ᠌ ᠶᠤᠮ ᠱᠢᠭ ᠴᠠᠰᠤ᠎ᠲᠠᠢ ᠲᠣᠯᠤᠭᠠᠳ ᠵᠠᠪᠢᠯᠠᠨ ᠨᠡᠮᠦᠢᠵᠦ᠍
ᠥᠴᠦᠭᠡᠳᠦᠷᠬᠡᠨ ᠶᠤᠮ ᠱᠢᠭ ᠨᠠᠮᠤᠷᠵᠢᠶ᠎ᠠ ᠪᠠᠭᠤᠴᠠ ᠢᠯᠴᠢ ᠲᠦᠦᠭᠡᠨ ᠬᠠᠯᠲᠠᠷᠲᠤᠵᠤ
ᠥᠯᠢᠶ᠋ᠢᠨ ᠬᠥᠲᠥᠯ ᠲᠡᠮᠡᠭᠡᠨ ᠵᠢᠩ ᠱᠢᠭ᠋ ᠬᠤᠯᠠᠳᠠᠵᠤ ᠬᠠᠷᠠᠭ᠍ᠳᠠᠵᠤ
ᠥᠪᠦᠢᠭ᠌ᠰᠡᠨ ᠨᠠᠷᠠ ᠱᠠᠭᠠᠨᠲᠤ᠎ᠶ᠋ᠢᠨ ᠲᠣᠯᠤᠭᠠᠢ ᠱᠢᠭ᠋ ᠵᠥᠪ ᠡᠷᠭᠢᠵᠦ᠍ ᠶᠣᠯᠲᠤᠯᠵᠠᠨᠠ
ᠮᠠᠯ᠎ᠤᠨ ᠴᠣᠪᠤᠭ᠎ᠠ ᠨᠠᠷᠠᠨ᠎ᠤ ᠰᠠᠴᠤᠷᠠᠯ ᠱᠢᠭ᠋ ᠳᠥᠷᠪᠡᠨ ᠵᠦᠭ ᠰᠤᠨᠤᠯᠵᠠᠵᠤ
ᠮᠠᠨ᠎ᠤ᠎ᠳᠤ ᠢᠷᠡᠬᠦ᠌ ᠬᠠᠳᠠᠭ᠎ᠲᠠᠢ ᠭᠡᠢᠴᠢᠨ ᠱᠢᠭ ᠰᠡᠯᠡᠮᠡᠨ ᠡᠪᠡᠷ ᠭᠢᠯᠲᠠᠯᠵᠠᠨᠠ
ᠮᠠᠯᠠᠭᠠᠢᠯᠠᠭ᠍ᠰᠠᠨ ᠴᠠᠰᠤ ᠦᠷ᠎ᠢᠶᠠᠷ ᠪᠠᠭᠤᠵᠤ ᠰᠡᠮᠡᠵᠡᠨ ᠥᠭᠡᠬᠦ᠌ ᠱᠢᠭ ᠴᠡᠴᠡᠷᠬᠡᠨᠡᠵᠦ᠍
ᠮᠠᠷᠲᠠᠵᠤ ᠬᠤᠨᠣᠭ᠍ᠰᠠᠨ ᠦᠯᠢᠭᠡᠷ᠎ᠤᠨ ᠵᠠᠯᠭᠠᠮᠵᠢ ᠱᠢᠭ᠋ ᠬᠠᠷᠠᠭ᠍ᠳᠠᠨ᠎ᠠ
ᠴᠠᠰᠤ᠎ᠲᠠᠢ ᠬᠥᠨᠳᠡᠢ᠎ᠶ᠋ᠢᠨ ᠢᠰᠭᠡᠷᠦᠭ᠌ᠰᠡᠨ ᠰᠠᠯᠬᠢ ᠴᠠᠳᠤᠨ ᠪᠦᠷᠢᠶ᠎ᠡ ᠱᠢᠭ ᠣᠷᠬᠢᠷᠠᠵᠤ
ᠴᠠᠭᠠᠮᠠᠯ ᠠᠷᠠᠰᠤᠨ ᠳᠡᠪᠡᠯ᠎ᠲᠠᠢ ᠮᠣᠷᠢᠲᠠᠨᠤ ᠳᠣᠮᠤᠭ᠎ᠢ ᠬᠥᠭᠡᠷᠬᠦ᠌ ᠱᠢᠭ ᠰᠠᠨᠠᠭ᠍ᠳᠠᠵᠤ
ᠴᠠᠢᠳᠠᠮ ᠵᠦᠰᠦᠭ᠌ᠰᠡᠨ ᠬᠠᠰᠠᠭ᠎ᠤᠨ ᠵᠠᠮ ᠭᠤᠲᠤᠯ᠎ᠤᠨ ᠲᠠᠰᠤᠮ ᠱᠢᠭ᠋ ᠬᠠᠯᠲᠠᠷᠲᠣᠵᠤ
ᠴᠠᠩ᠎ᠲᠠᠢ ᠡᠪᠦᠯ ᠱᠢᠯᠢ᠎ᠶ᠋ᠢ ᠳᠠᠪᠠᠵᠤ ᠡᠪᠦᠯᠵᠢᠶ᠎ᠡ ᠵᠣᠷᠢᠭ᠍ᠰᠠᠨ ᠪᠣᠳᠣᠭ᠍ᠳᠠᠨᠠ
ᠠᠯᠤᠰ᠎ᠢ ᠵᠣᠷᠢᠭ᠍ᠰᠠᠨ ᠵᠠᠮ ᠪᠡᠭᠡᠷᠡᠭ᠌ᠰᠡᠨ ᠱᠢᠭ ᠴᠠᠰᠤᠨ ᠳᠠᠬᠤᠨᠳᠤ ᠱᠢᠷᠭᠤᠵᠤ
ᠠᠶᠠᠨ᠎ᠤ ᠬᠦᠮᠦᠨ᠎ᠤ ᠬᠥᠭᠡᠷᠦᠭ᠌ᠰᠡᠨ ᠵᠣᠭᠤᠭ ᠭᠠᠷᠤᠩᠭᠤᠲᠠ ᠬᠥᠯᠳᠡᠭ᠌ᠰᠡᠨ ᠱᠢᠭ ᠵᠢᠩᠭᠢᠨᠡᠵᠦ᠍
ᠠᠢᠯ᠎ᠤᠨ ᠨᠣᠬᠠᠳ᠎ᠤᠨ ᠬᠤᠴᠠᠬᠤ ᠳᠠᠭᠤᠨ ᠲᠡᠷᠲᠡᠭᠡ᠎ᠳᠤ ᠬᠥᠨᠳᠡᠢ ᠬᠦᠩᠭᠢᠨᠡᠵᠦ᠍
ᠠᠷᠠᠰᠤᠨ ᠳᠡᠪᠡᠯᠢ ᠬᠥᠮᠦᠷᠢᠭᠡᠳ ᠲᠠᠯᠪᠢᠭ᠍ᠰᠠᠨ ᠱᠢᠭ᠋ ᠴᠠᠩ᠎ᠢᠶᠠᠷ ᠪᠤᠷᠠᠭ᠍ᠰᠠᠨ ᠬᠥᠳᠡᠭᠡ
ᠮᠦᠩᠭᠦᠨ ᠰᠠᠬᠠᠯ᠎ᠳᠠᠭᠠᠨ ᠭᠢᠯᠮᠠᠭᠠ ᠭᠢᠯᠲᠦᠭᠡᠨᠡᠭᠦᠯᠦᠭ᠌ᠰᠡᠨ ᠭᠠᠵᠠᠷ᠎ᠤᠨ ᠡᠪᠦᠭᠡ ᠱᠢᠭ ᠣᠪᠣᠭ᠎ᠠ
ᠮᠥᠨᠲᠥᠯ ᠲᠠᠷᠪᠠᠭ᠎ᠠ᠎ᠪᠠᠨ ᠭᠠᠵᠠᠷ᠎ᠲᠠᠭᠠᠨ ᠨᠢᠭᠤᠭ᠍ᠰᠠᠨ ᠬᠦᠯᠡᠮᠵᠢ ᠳᠤᠯᠠᠭᠠᠨ ᠬᠥᠷᠥᠰᠥ᠍
ᠮᠥᠷᠢᠶᠠᠷᠢᠶᠠᠨ ᠴᠣᠭᠤᠴᠢᠵᠤ ᠴᠠᠰᠤ ᠴᠣᠬᠤᠷᠯᠠᠭ᠍ᠰᠠᠨ ᠢᠯᠴᠢ᠎ᠪᠠᠷ ᠲᠦᠦᠭᠡᠭ᠌ᠰᠡᠨ ᠰᠦᠷᠦᠭ
ᠮᠥᠰᠦᠲᠦ ᠬᠡᠭᠡᠷ᠎ᠡ᠎ᠶ᠋ᠢᠨ ᠣᠷᠢ᠎ᠪᠠᠨ ᠵᠡᠭᠦᠳᠦᠯᠡᠭ᠌ᠰᠡᠨ ᠨᠠᠮ ᠵᠢᠮᠬᠡᠨ ᠳᠣᠭ᠍ᠳᠣᠯᠣᠯ
ᠳᠡᠪᠡᠯ᠎ᠤᠨ ᠬᠠᠪᠤᠭ᠍ᠰᠠᠨ ᠤᠷᠠᠨ ᠣᠷᠣᠮ᠎ᠢᠶᠠᠷ ᠬᠦᠢᠲᠡᠨ᠎ᠤ ᠢᠯᠴᠢ ᠪᠣᠭ᠍ᠵᠣᠷᠠᠵᠤ
ᠳᠡᠭᠡᠪᠦᠷ᠎ᠲᠤ ᠵᠠᠭᠤᠷᠠᠭ᠍ᠰᠠᠨ ᠱᠢᠯ᠎ᠦᠨ ᠬᠥᠯᠮᠦᠭ ᠴᠠᠢ᠎ᠶ᠋ᠢᠨ ᠰᠠᠪᠰᠠᠯᠭᠠᠨᠳᠤ ᠬᠥᠯᠦᠷᠡᠨᠡ
ᠳᠡᠯᠪᠢᠭᠡᠯᠡᠵᠦ᠍ ᠪᠠᠭᠤᠭ᠍ᠰᠠᠨ ᠲᠡᠭ᠌ᠷᠢ᠎ᠶ᠋ᠢᠨ ᠴᠡᠴᠡᠭᠡᠰ ᠬᠤᠯᠠᠩ᠎ᠢᠶᠠᠷ ᠱᠢᠯᠦᠰᠦ ᠱᠢᠭ ᠰᠠᠪᠢᠷᠠᠵᠤ
ᠳᠠᠷᠭᠢᠯᠲᠠᠯᠠ ᠪᠣᠴᠠᠯᠤᠭ᠍ᠰᠠᠨ ᠲᠣᠭᠤᠭ᠎ᠠ᠎ᠲᠠᠢ ᠱᠥᠯᠥᠨ᠎ᠳᠤ ᠶᠢᠰᠦ᠎ᠶ᠋ᠢᠨ ᠡᠷᠴᠢᠮ ᠰᠤᠯᠠᠷᠠᠨ᠎ᠠ
ᠱᠢᠪᠡᠭᠡᠨ ᠳᠡᠭᠡᠷ᠎ᠡ ᠰᠠᠭᠤᠭ᠍ᠰᠠᠨ ᠱᠠᠭᠠᠵᠠᠭᠠᠢ ᠴᠥᠪᠦᠳᠡᠯ ᠥᠭᠡᠬᠦᠨ᠎ᠳᠤ ᠱᠠᠭ᠍ᠰᠢᠵᠤ
ᠱᠢᠨᠡᠬᠡᠨ ᠵᠠᠷᠤᠭ᠍ᠰᠠᠨ ᠦᠬᠦᠴᠡᠨᠤ ᠳᠡᠭᠡᠵᠢ ᠨᠠᠪᠳᠠᠭ ᠰᠠᠪᠲᠠᠬᠢ ᠪᠠᠶᠠᠰᠭᠠᠨ᠎ᠠ
ᠱᠢᠩᠭᠡᠨ ᠬᠤᠭᠤᠯᠠᠢ᠎ᠪᠠᠷ ᠵᠢᠷᠤᠭ᠎ᠠ᠎ᠶ᠋ᠢᠨ ᠵᠢᠷᠤᠭ᠎ᠠ᠎ᠶ᠋ᠢ ᠣᠳᠣᠳ ᠭᠡᠭᠢᠯᠵᠡᠲᠡᠯᠡ ᠴᠢᠮᠴᠢᠭᠢᠨᠠᠭᠦᠯᠬᠦ᠌ᠳᠤ
ᠱᠢᠨᠡᠳᠤᠨ ᠰᠠᠷ᠎ᠠ ᠱᠢᠭ᠋ ᠬᠥᠭᠡᠷᠦᠬᠦᠨ ᠠᠮᠠᠷᠠᠭ ᠰᠡᠳᠭᠢᠯ ᠰᠡᠨᠵᠡᠷᠡᠭᠦᠯᠦᠨ ᠡᠪᠦᠯᠵᠢᠨ᠎ᠡ
ᠬᠥᠳᠡᠭᠡ ᠨᠤᠲᠤᠭ᠎ᠤᠨ ᠮᠢᠨᠢ ᠡᠪᠦᠯ ᠬᠤᠪᠣᠩ ᠳᠡᠭᠡᠷ᠎ᠡ ᠬᠠᠭ᠍ᠰᠠᠭᠠᠭ᠍ᠰᠠᠨ ᠥᠷᠦᠮ᠎ᠡ
ᠬᠦᠷᠵᠡᠩ᠎ᠲᠠᠢ ᠥᠶᠦᠭ᠌ᠬᠡᠨ ᠡᠪᠦᠯᠵᠢᠶᠡᠨᠤ ᠴᠠᠭᠠᠨ ᠰᠦᠨ᠎ᠤ ᠢᠵᠠᠮᠠᠭ
ᠬᠦᠷᠦᠭᠡᠳ ᠣᠴᠢᠬᠤ᠎ᠳᠤ ᠨᠥᠮᠵᠦᠭ᠌ᠬᠡᠨ ᠪᠣᠷᠤᠭ᠍ᠵᠢᠭᠤᠨ ᠠᠮᠢᠳᠤᠷᠠᠯ᠎ᠤᠨ ᠦᠨᠦᠷ
ᠬᠥᠨᠦᠭᠲᠠᠢ ᠰᠦ᠎ᠪᠠᠷ᠎ᠢᠶᠠᠨ ᠳᠠᠯᠠᠯᠤᠭ᠍ᠰᠠᠨ ᠬᠦᠮᠦᠨ ᠬᠠᠢᠷ᠎ᠠ᠎ᠶ᠋ᠢᠨ ᠢᠪᠢᠯᠦᠯ᠃