ᠭᠤᠷᠪᠠᠨ ᠲᠠᠪᠠᠭᠠᠨ᠎ᠤ ᠴᠠᠰᠤ
2026-01-28 16:11:00
ᠵᠣᠬᠢᠶᠠᠭ᠍ᠴᠢ᠄
ᠢ᠊·ᠨᠤᠮᠢᠨᠭᠤᠪᠢ
ᠣᠩᠱᠢᠭ᠍ᠰᠠᠨ ᠣᠳᠠᠭ᠎ᠠ᠄
★★★☆☆

ᠭᠤᠴᠢᠨ ᠭᠤᠷᠪᠠᠨ ᠲᠡᠭ᠌ᠷᠢ ᠨᠢ ᠲᠡᠷᠡ ᠵᠦᠭ᠎ᠲᠡᠬᠡᠨ ᠪᠦᠦᠳᠡᠢᠭᠡᠳ

ᠭᠤᠷᠪᠠᠨ ᠲᠠᠪᠠᠭᠠᠨ᠎ᠤ ᠴᠠᠭᠠᠨ᠎ᠠ ᠴᠠᠰᠤ ᠬᠠᠶᠠᠯᠠᠵᠤ ᠪᠠᠢᠨ᠎ᠠ

ᠭᠤᠷᠪᠠᠨ ᠨᠠᠷᠠ᠎ᠲᠠᠢ ᠡᠳᠦᠷ ᠨᠢ ᠠᠷᠤ ᠠᠷᠤ᠎ᠠᠴᠠ ᠴᠦᠷᠭᠡᠯᠡᠭᠡᠳ

ᠭᠠᠳᠠᠨ᠎ᠠ ᠭᠠᠷᠴᠤ᠌ ᠠᠯᠬᠤᠬᠤ ᠦᠦ ᠬᠤᠶᠠᠭᠤᠯᠠ ᠬᠠᠢᠷᠠᠳᠤ ᠮᠢᠨᠢ

ᠰᠤᠯᠠᠪᠳᠤᠷ ᠠᠷᠠᠵᠠᠨ᠎ᠤ ᠠᠭᠠᠭ ᠱᠢᠭ᠋ ᠴᠤᠩᠭᠢᠭᠠᠷ ᠨᠠᠷᠠ ᠴᠠᠢᠪᠠᠢᠭ᠍ᠰᠠᠨ

ᠰᠤᠭᠤ᠎ᠶ᠋ᠢᠨ ᠱᠢᠯᠪᠢ ᠱᠢᠭ ᠵᠠᠵᠢᠭᠢᠨᠠᠭ᠍ᠰᠠᠨ ᠬᠦᠢᠳᠡᠨ ᠵᠢᠪᠡᠷ ᠬᠠᠭᠠᠷᠢᠭ᠍ᠰᠠᠨ

ᠰᠦᠵᠢᠭ᠎ᠦᠨ ᠲᠡᠭ᠌ᠷᠢ᠎ᠳᠦᠨᠢ ᠴᠠᠰᠤᠨ ᠴᠡᠴᠡᠭ᠎ᠦᠨ ᠪᠦᠵᠢᠭ᠌ᠯᠡᠭᠡᠨ᠎ᠲᠡᠢ

ᠰᠠᠢᠬᠠᠨ ᠪᠠᠢᠨ᠎ᠠ ᠦᠦ ᠵᠢᠭᠡᠬᠦᠨ ᠪᠠᠢᠨ᠎ᠠ ᠦᠦ

ᠭᠤᠷᠪᠠᠨ ᠲᠠᠪᠠᠭᠠᠨ᠎ᠤ ᠴᠠᠰᠤ ᠭᠤᠳᠤᠯ ᠲᠠᠪᠠᠮ᠎ᠠ ᠤᠷᠤᠵᠠᠢ ᠳ᠋ᠠ

ᠭᠤᠷᠪᠠᠨ ᠨᠤᠬᠠᠢ ᠭᠤᠳᠤᠢᠳᠠᠯ᠎ᠠ ᠤᠯᠠ ᠱᠠᠭ᠍ᠯᠠᠬᠤ ᠤᠷᠳᠤᠬᠠᠨ ᠰᠦᠨᠢ ᠢᠷᠡᠵᠡᠢ

ᠬᠢᠯᠭᠠᠨ᠎ᠠ᠎ᠶ᠋ᠢᠨ ᠨᠠᠮᠠᠭ᠎ᠠ ᠴᠠᠰᠤᠨ᠎ᠤ ᠲᠤᠮᠳᠠ ᠭᠤᠬᠢᠯᠵᠠᠬᠤ ᠨᠢ ᠰᠦᠷ ᠶᠡᠬᠡᠮᠰᠦᠭ

ᠬᠦᠢᠳᠡᠨ᠎ᠦ ᠡᠵᠡᠮᠱᠢᠯ᠎ᠳᠦ ᠲᠡᠯᠡᠬᠡᠢ ᠨᠢᠭᠡ ᠯᠠ ᠲᠤᠭᠤᠢᠷᠠᠭᠠᠳ ᠡᠯᠦᠢ ᠬᠤᠯᠤᠢ

ᠬᠠᠳᠠᠪᠴᠢᠨ᠎ᠳᠤ ᠡᠯᠬᠦᠭᠡᠳᠡᠢ ᠬᠠᠪᠬ᠎ᠠ᠎ᠪᠠᠨ ᠰᠠᠨᠠᠵᠤ ᠪᠠᠢᠨ᠎ᠠ ᠦᠦ

ᠬᠠᠯᠳᠠᠷ ᠬᠦᠯᠦᠭᠡ ᠰᠡᠭᠦᠯ ᠭᠤᠳᠤᠯᠵᠠᠭᠤᠯᠤᠨ ᠠᠩ᠎ᠤᠨ ᠮᠦᠷ ᠲᠠᠭ ᠴᠢᠭ᠋

ᠭᠠᠵᠠᠷ ᠲᠡᠯᠡᠬᠡᠢ᠎ᠶ᠋ᠢᠨ ᠨᠤᠷᠮ᠎ᠠ ᠴᠦᠮ᠎ᠡ ᠲᠡᠢᠰᠢ᠎ᠪᠡᠨ ᠢᠷᠪᠡᠭᠡᠨᠡᠬᠦ

ᠭᠤᠣᠯ᠎ᠳᠠᠭᠠᠨ ᠬᠠᠯᠠᠭᠤᠨ ᠠᠭᠤᠯᠠᠰ ᠬᠦᠳᠦᠰᠭᠢᠨ ᠬᠦᠳᠡᠯᠬᠦ᠌

ᠡᠯᠦ᠍᠎ᠳᠡᠭᠡᠨ ᠤᠨᠳᠠᠭ᠍ᠰᠠᠨ ᠠᠮᠢᠳᠠᠳ᠎ᠢ ᠰᠤᠴᠢᠭᠠᠪᠠᠴᠤ᠌ ᠰᠡᠷᠡᠬᠦ᠌ ᠦᠭᠡᠢ

ᠮᠡᠳᠡᠷᠡᠮᠵᠢ᠎ᠶ᠋ᠢᠨ ᠴᠡᠩᠭᠡᠷ ᠲᠤᠯᠬᠢᠶᠠᠨ ᠨᠢ ᠡᠬᠡ ᠭᠠᠵᠠᠷ᠎ᠲᠠᠢ᠎ᠪᠠᠨ ᠢᠵᠢᠯᠢᠬᠡᠨ

ᠵᠢᠮ᠎ᠢᠶᠡᠨ ᠨᠢᠭᠤᠭ᠍ᠰᠠᠨ ᠲᠠᠦᠯᠠᠢ᠎ᠶ᠋ᠢᠨ ᠬᠤᠢᠨ᠎ᠠ᠎ᠠᠴᠠ

ᠦᠯᠦᠰᠭᠦᠯᠡᠩ ᠦᠨᠡᠭᠡ ᠬᠤᠭᠤᠰᠤᠨ ᠪᠤᠴᠠᠨ᠎ᠠ

ᠵᠢᠭ᠌ᠳᠡ ᠴᠠᠢᠷᠠᠬᠤ ᠠᠭᠤᠯᠠᠰ ᠴᠠᠭᠠᠨ ᠤᠷᠴᠢᠯᠠᠩ ᠡᠴᠢᠭᠡ᠎ᠶ᠋ᠢᠨ ᠮᠢᠨᠢ ᠡᠪᠦᠯ

ᠭᠤᠷᠪᠠᠨ ᠲᠠᠪᠠᠭ᠎ᠠ ᠭᠡᠷ᠎ᠡᠴᠡ᠎ᠪᠡᠨ ᠭᠠᠷᠪᠠᠯ ᠬᠡᠳᠦᠬᠡᠨ ᠭᠠᠵᠠᠷ

ᠭᠤᠨᠢᠭ ᠪᠠᠶᠠᠰᠤᠯ ᠵᠡᠷᠭᠡᠴᠡᠨ ᠠᠭᠤᠰᠤᠭ᠍ᠰᠠᠨ ᠠᠪᠤ᠎ᠶ᠋ᠢᠨ ᠮᠢᠨᠢ ᠭᠤᠪᠢ

ᠴᠠᠰᠤᠨ᠎ᠳᠤ ᠲᠦᠷᠦᠭ᠌ᠰᠡᠨ ᠲᠤᠭᠤᠯ᠎ᠢ ᠲᠠᠬᠤ᠎ᠪᠠᠷ᠎ᠢᠶᠠᠨ

ᠲᠤᠯᠠᠭᠠᠯᠠᠭ᠍ᠰᠠᠨ ᠠᠪᠤ᠎ᠶ᠋ᠢᠨ ᠮᠢᠨᠢ ᠡᠪᠦᠯ

ᠴᠠᠭ ᠴᠠᠭ᠎ᠤᠨ ᠤᠷᠤᠰᠭᠠᠯ᠎ᠳᠤ ᠵᠢᠷᠦᠬᠡ᠎ᠪᠡᠨ ᠵᠢᠩᠳᠡᠭᠦᠯᠦᠭ᠌ᠰᠡᠨ ᠦᠯᠴᠢᠷ ᠡᠪᠦᠯ

ᠭᠤᠷᠪᠠᠨ ᠲᠠᠪᠠᠭᠠᠨ᠎ᠳᠤ ᠴᠠᠰᠤ ᠬᠠᠶᠠᠯᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号