ᠵᠦᠭᠡᠯᠡᠨ ᠱᠢᠷᠭᠠᠯ᠎ᠤᠨ ᠳᠤᠮᠳᠠ᠎ᠠᠴᠠ ᠤᠷᠴᠢᠯᠠᠩ᠎ᠢ ᠬᠠᠷᠠᠬᠤ᠎ᠳᠤ
2026-01-28 16:05:20
ᠵᠣᠬᠢᠶᠠᠭ᠍ᠴᠢ᠄
ᠡ᠊·ᠮᠠᠩᠯᠠᠢ
ᠣᠩᠱᠢᠭ᠍ᠰᠠᠨ ᠣᠳᠠᠭ᠎ᠠ᠄
★★★☆☆

ᠰᠡᠮ ᠰᠡᠮᠬᠡᠨ ᠨᠡᠭᠦᠳᠡᠯᠯᠡᠬᠦ᠌ ᠡᠭᠦᠯᠡᠰ᠎ᠠᠴᠠ ᠤᠷᠴᠢᠯᠠᠩ᠎ᠢ ᠬᠠᠷᠠᠬᠤ᠎ᠳᠤ

ᠰᠦᠷᠦᠭ ᠭᠠᠯᠠᠭᠤ ᠦᠳᠦᠨ ᠳᠡᠭᠡᠷ᠎ᠡ᠎ᠪᠠᠨ ᠮᠥᠷᠦᠭᠡᠳᠦᠯ ᠪᠢᠴᠢᠭ᠌ᠯᠡᠵᠦ᠍

ᠰᠤᠨᠤᠮ᠎ᠠ ᠬᠤᠯᠠ᠎ᠶ᠋ᠢᠨ ᠶᠡᠭᠡ ᠳᠠᠯᠠᠢ᠎ᠶ᠋ᠢᠨ ᠬᠢᠵᠠᠭᠠᠷ ᠴᠢᠭ᠌ᠯᠡᠵᠦ᠍

ᠰᠤᠳᠤᠷ ᠪᠢᠴᠢᠭ᠎ᠤᠨ ᠤᠨᠢᠰᠤᠭ᠎ᠠ ᠮᠡᠲᠦ ᠨᠠᠨᠳᠢᠨ ᠪᠦᠬᠦᠨ᠎ᠢ ᠵᠤᠷᠢᠨᠠᠮ


ᠬᠤᠩᠭᠤᠷᠳᠠᠨ ᠱᠢᠷᠭᠠᠯᠱᠢᠬᠤ ᠨᠠᠪᠴᠢᠰ᠎ᠠᠴᠠ ᠤᠷᠴᠢᠯᠠᠩ᠎ᠢ ᠬᠠᠷᠠᠬᠤ᠎ᠳᠤ

ᠬᠤᠪᠤᠷᠬᠠᠨ ᠡᠳᠦᠷ ᠬᠤᠨᠤᠭ ᠬᠤᠷᠤᠭᠤᠨ᠎ᠤ ᠵᠠᠪᠰᠠᠷ᠎ᠢᠶᠠᠷ ᠭᠤᠭᠤᠵᠢᠵᠤ

ᠬᠤᠷ ᠳᠡᠯ᠎ᠲᠠᠢ ᠠᠳᠤᠭᠤ ᠰᠠᠯᠬᠢ ᠰᠦᠷᠦᠨ ᠲᠠᠪᠬᠢᠯᠳᠤᠵᠤ

ᠬᠠᠢᠷ᠎ᠠ᠎ᠶ᠋ᠢᠨ ᠦᠨᠳᠦᠷ᠎ᠲᠤ ᠡᠵᠢ ᠮᠢᠨᠢ ᠬᠠᠷᠠᠭᠤᠯ ᠪᠤᠯᠤᠨ ᠵᠤᠭ᠍ᠰᠤᠨᠠᠮ


ᠬᠦᠬᠡ ᠠᠭᠤᠯᠠᠰ᠎ᠤᠨ ᠤᠷᠤᠢ᠎ᠠᠴᠠ ᠤᠷᠴᠢᠯᠠᠩ᠎ᠢ ᠬᠠᠷᠠᠬᠤ᠎ᠳᠤ

ᠬᠦᠪᠡᠭᠡ᠎ᠨᠢ ᠬᠠᠷᠠᠭ᠍ᠳᠠᠬᠤ ᠦᠭᠡᠢ ᠨᠡᠯᠦᠭᠡᠷ᠎ᠤᠨ ᠳᠤᠮᠳᠠ ᠭᠠᠭ᠍ᠴᠠᠭᠠᠷ ᠰᠡᠬᠦᠢᠵᠦ᠍

ᠬᠦᠬᠡ ᠴᠢᠨ᠋ᠸ᠎ᠠ᠎ᠶ᠋ᠢᠨ ᠴᠤᠪᠤᠭ᠎ᠠ ᠭᠦᠨ ᠤᠢ ᠵᠦᠭ ᠰᠤᠪᠤᠵᠤ

ᠬᠦᠢ ᠲᠠᠷᠤᠭ᠍ᠰᠠᠨ ᠴᠢᠯᠠᠭᠤᠳ᠎ᠠᠴᠠ ᠤᠳᠤᠮ᠎ᠤᠨ ᠭᠡᠷᠡᠯ ᠰᠠᠴᠤᠷᠠᠨᠠᠮ


ᠨᠠᠮ ᠬᠦᠮ᠎ᠤᠨ ᠳᠤᠮᠳᠠ᠎ᠠᠴᠠ ᠤᠷᠴᠢᠯᠠᠩ᠎ᠢ ᠬᠠᠷᠠᠬᠤ᠎ᠳᠤ

ᠨᠠᠷᠠᠨ᠎ᠤ ᠳᠤᠯᠠᠭᠠᠨ ᠢᠯᠴᠢ ᠡᠯᠡᠰᠦᠨ᠎ᠤ ᠡᠯᠢᠭᠡ᠎ᠶ᠋ᠢ ᠲᠠᠭᠠᠯᠠᠵᠤ

ᠨᠠᠢ᠍ᠮᠠᠨ ᠱᠢᠷᠭ᠎ᠠ᠎ᠶ᠋ᠢᠨ ᠦᠤᠷᠰᠡᠭᠡ ᠬᠤᠭᠤᠷ᠎ᠤᠨ ᠴᠢᠪᠬᠠᠳᠠᠰᠤᠨ᠎ᠳᠤ ᠡᠭᠡᠱᠢᠭ᠌ᠷᠡᠵᠦ᠍

ᠨᠠᠢᠷ᠎ᠤᠨ ᠲᠤᠭᠤᠢ ᠬᠦᠷᠢᠶ᠎ᠡ ᠪᠦᠮᠪᠦᠷᠴᠡᠭ ᠲᠤᠯᠤᠨ ᠬᠦᠭ᠌ᠵᠢᠨᠡᠮ


ᠵᠦᠭᠡᠯᠡᠨ ᠱᠢᠷᠭᠠᠯ᠎ᠤᠨ ᠳᠤᠮᠳᠠ᠎ᠠᠴᠠ ᠤᠷᠴᠢᠯᠠᠩ᠎ᠢ ᠬᠠᠷᠠᠬᠤ᠎ᠳᠤ

ᠵᠢᠰᠦ᠎ᠨᠢ ᠴᠤᠬᠤᠷ ᠢᠨᠵᠠᠭ᠎ᠠ ᠬᠠᠳᠠ ᠳᠠᠮᠵᠢᠨ ᠴᠤᠪᠬᠤᠴᠢᠵᠤ

ᠵᠦᠢᠳᠡᠯ ᠦᠭᠡᠢ ᠲᠤᠷᠳᠤᠩ ᠲᠤᠷᠭ᠎ᠠ ᠱᠢᠭ᠋ ᠪᠤᠳᠤᠯ᠎ᠤᠨ ᠲᠠᠯ᠎ᠠ ᠲᠡᠨᠢᠢᠵᠦ᠍

ᠵᠦᠩ ᠪᠡᠯᠭᠡ᠎ᠶ᠋ᠢᠨ ᠵᠤᠯᠡ ᠵᠢᠷᠦᠬᠡᠨ ᠲᠤᠯᠳᠦ᠍᠎ᠳᠤ ᠭᠡᠷᠡᠯᠳᠦᠨᠡᠮ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号