ᠠᠳᠤᠭᠤᠨ ᠵᠢᠷᠤᠭ — ᠤᠯᠠᠭᠠᠨ ᠮᠤᠷᠢᠨ ᠵᠢᠯ ᠎ᠤᠨ ᠴᠠᠭᠠᠨ ᠰᠠᠷ᠎ᠠ᠎ᠳᠤ ᠵᠤᠷᠢᠭᠤᠯᠤᠭᠰᠠᠨ ᠤᠨᠴᠠ ᠤᠬᠠᠭᠠᠯᠠᠯ ( ᠬᠤᠶᠠᠷ )
2026-01-28 16:47:03
ᠵᠣᠬᠢᠶᠠᠭ᠍ᠴᠢ᠄
ᠭᠤᠤ ᠬᠤᠩ ᠯᠢᠶᠠᠨ
ᠣᠩᠱᠢᠭ᠍ᠰᠠᠨ ᠣᠳᠠᠭ᠎ᠠ᠄
★★★☆☆

ᠮᠣᠷᠢᠨ᠎ᠤ ᠲᠦᠷᠤᠯᠬᠢ ᠣᠨᠴᠠᠯᠢᠭ ᠱᠢᠨᠵᠢ᠎ᠡᠴᠡ ᠪᠣᠯᠤᠭ᠍ᠰᠠᠨ ᠡᠯ᠎ᠡ ᠵᠦᠢᠯ᠎ᠦᠨ  ᠭᠤᠤ᠎ᠠ ᠰᠠᠢᠬᠠᠨ᠎ᠤ ᠮᠡᠳᠡᠷᠡᠮᠵᠢ ᠨᠢ ᠬᠥᠮᠦᠨ ᠲᠥᠷᠥᠯᠬᠢᠲᠡᠨ᠎ᠦ ᠣᠶᠤᠨ ᠰᠠᠨᠠᠭᠠᠨ᠎ᠤ ᠬᠥᠭᠡᠭᠡᠴᠡᠯᠳᠦᠯ ᠪᠠ ᠤᠷᠠᠯᠢᠭ᠎ᠤᠨ ᠬᠦᠰᠡᠯᠡᠩ᠎ᠯᠦᠭᠡ ᠵᠦᠢᠷᠯᠡᠰᠢ ᠦᠭᠡᠶ ᠨᠢᠭ᠍ᠲᠠ ᠬᠣᠯᠪᠣᠭ᠎ᠠ᠎ᠲᠠᠶ ᠪᠤᠯᠵᠤ᠂  ᠬᠥᠮᠦᠨᠴᠢᠯᠡᠭ᠌ᠰᠡᠨ ᠶᠣᠰᠣ ᠰᠤᠷᠲᠠᠬᠤᠨ᠎ᠤ ᠵᠣᠷᠢᠭ ᠰᠠᠨᠠᠭ᠎ᠠ ᠪᠠ ᠬᠦᠳᠡᠷ ᠴᠢᠬᠢᠷᠠᠭ ᠪᠡᠶ᠎ᠠ ᠪᠢᠯᠳᠠᠷ ᠨᠢ ᠥᠨᠢ ᠡᠭᠦᠷᠢᠳᠡ ᠬᠥᠮᠦᠨ ᠲᠥᠷᠥᠯᠬᠢᠲᠡᠨ᠎ᠦ ᠮᠣᠷᠢ᠎ᠶ᠋ᠢ ᠵᠢᠷᠤᠬᠤ ᠵᠣᠬᠢᠶᠠᠨ ᠪᠦᠲᠦᠭᠡᠬᠦ᠌ ᠬᠥᠳᠡᠯᠭᠡᠬᠦ᠌ ᠬᠦᠴᠦᠨ ᠪᠤᠯᠤᠨ᠎ᠠ ᠃


QQ20260128-162518.png


ᠭᠠᠨᠰᠦ ᠮᠤᠵᠢ ᠎ᠶ᠋ᠢᠨ ᠮᠦᠽᠧᠶ᠎ᠳᠤ ᠬᠠᠳᠠᠭᠠᠯᠠᠵᠤ ᠪᠠᠢᠭ᠎ᠠ ᠬᠠᠳᠠᠨ ᠵᠢᠷᠤᠭ  《ᠥᠷᠲᠡᠭᠡᠨ ᠎ᠦ  ᠡᠯᠴᠢᠨ 》


ᠲᠤᠮᠳᠠᠳᠤ ᠵᠢᠨ ᠡᠷᠳᠡᠨ᠎ᠤ  ᠮᠤᠷᠢᠨ ᠎ᠤ  ᠰᠡᠳᠦᠪᠳᠤ ᠤᠷᠠᠨ ᠵᠢᠷᠤᠭ᠎ᠤᠨ ᠤᠷᠠᠯᠢᠭ᠎ᠢ ᠬᠠᠳᠠᠨ ᠵᠢᠷᠤᠭ ᠡᠴᠡ ᠡᠬᠢᠯᠡᠵᠦ ᠶᠠᠷᠢᠨ᠎ᠠ᠃ ᠮᠤᠨᠢ ᠠᠭᠤᠯᠠ ᠵᠢᠨ ᠬᠠᠳᠠᠨ ᠵᠢᠷᠤᠭ ᠪᠠ ᠮᠠᠨᠳᠤᠯ ᠠᠭᠤᠯᠠ ᠵᠢᠨ ᠬᠠᠳᠠᠨ ᠵᠢᠷᠤᠭ ᠲᠦ᠍  ᠪᠦᠷ ᠨᠡᠯᠢᠶᠡᠳ ᠤᠯᠠᠨ ᠮᠤᠷᠢᠨ᠎ᠤ ᠲᠦᠷᠰᠦᠳᠤ ᠬᠠᠳᠠᠨ ᠵᠢᠷᠤᠭ ᠪᠠᠢᠳᠠᠭ᠃ ᠰᠤᠷᠪᠤᠯᠵᠢ ᠪᠢᠴᠢᠭ᠎ᠲᠦ ᠳᠡᠮᠳᠡᠭᠯᠡᠭᠰᠡᠨ᠎ᠢ  ᠦᠨᠳᠦᠰᠦᠯᠡᠪᠡᠯ᠂ ᠰᠢᠶᠠ ᠱᠠᠩ ᠵᠧᠦ᠎ᠶᠢᠨ ᠦᠶ᠎ᠠ᠎ᠤᠷᠠᠨ ᠵᠢᠷᠤᠭᠴᠢᠳ ᠮᠤᠷᠢ ᠵᠢ ᠤᠯᠠᠨ ᠵᠢᠷᠤᠳᠠᠭ ᠪᠤᠯᠵᠠᠢ᠃ 《ᠲᠠᠩ ᠤᠯᠤᠰ᠎ᠤᠨ ᠨᠡᠷᠡᠳᠤ ᠵᠢᠷᠤᠭ᠎ᠤᠨ ᠲᠡᠬᠦᠪᠤᠷᠢ》 ᠳ᠋ᠦ᠄ 《ᠡᠷᠲᠡᠨ᠎ᠦ ᠮᠤᠷᠢᠨ᠎ᠤ ᠵᠢᠷᠤᠭ᠎ᠤᠨ ᠲᠤᠬᠠᠢ ᠶᠠᠷᠢᠪᠡᠯ᠂ ᠮᠸ᠋ ᠸᠠᠩ᠎ᠤᠨ 〈ᠨᠠᠢ᠍ᠮᠠᠨ ᠠᠬᠳᠠ ᠵᠢᠨ ᠵᠢᠷᠤᠭ〉 ᠪᠤᠶ 》᠃  《ᠵᠢᠷᠤᠭᠳᠦ ᠰᠤᠯᠠ ᠲᠡᠮᠳᠡᠭ᠌ᠯᠡᠯ》 ᠳ᠋ᠤ᠄ 《ᠤᠯᠠᠮᠵᠢᠯᠠᠯ ᠶᠠᠷᠢᠶᠠᠨ᠎ᠳᠤ ᠵᠸᠤ ᠤᠯᠤᠰ᠎ᠤᠨ ᠮᠥ᠍ ᠸᠠᠩ᠎ᠤᠨ ᠨᠠᠢ᠍ᠮᠠᠨ ᠪᠢᠯᠢᠭ᠎ᠤᠨ ᠭᠡᠭᠡᠷ ᠨᠢ ᠡᠳᠤᠷ ᠲᠸ᠋ ᠭᠤᠷᠪᠡᠨ ᠲᠦᠮᠡᠨ ᠭᠠᠵᠠᠷ ᠠᠶᠠᠯᠠᠳᠠᠭ ᠬᠡᠳᠡᠭ᠃ ᠶᠢᠨ ᠤᠯᠤᠰ ᠵᠧᠸ᠋ ᠤᠯᠤᠰ᠎ᠤᠨ ᠦᠶ᠎ᠡ᠎ᠶ᠋ᠢᠨ ᠶᠠᠰᠤᠨ ᠪᠢᠴᠢᠭ᠂ ᠬᠦᠷᠡᠯ ᠵᠡᠪᠰᠡᠭ ᠲᠸ᠋ ᠪᠠᠰᠠ ᠮᠣᠷᠢᠨ᠎ᠤ ᠳᠦᠷᠢ ᠪᠠᠢᠳᠠᠯ ᠢᠯᠡᠷᠡᠳᠡᠭ᠃ ᠴᠦᠨ ᠴᠢᠦ ᠪᠠᠢᠯᠳᠤᠭᠠᠨᠲᠤ ᠤᠯᠤᠰ᠎ᠤᠨ ᠦᠶ᠎ᠡ᠎ᠳᠦ ᠮᠣᠷᠢ ᠵᠢᠷᠤᠭ᠍ᠰᠠᠨ ᠲᠡᠮᠳᠡᠭ᠌ᠯᠡᠯ ᠨᠡᠯᠢᠶᠡᠳ ᠪᠤᠶ᠃ ᠬᠠᠨ ᠤᠯᠤᠰ᠎ᠤᠨ ᠦᠶ᠎ᠡ᠎ᠳᠦ ᠮᠤᠷᠢ ᠵᠢᠷᠤᠬᠤ ᠤᠷᠠᠯᠢᠭ ᠨᠡᠯᠢᠶᠡᠳ ᠶᠡᠬᠡ ᠬᠥᠭ᠌ᠵᠢᠯᠲᠡ᠎ᠲᠡᠶ ᠪᠣᠯᠵᠤ᠂ ᠲᠣᠷᠭ᠎ᠠ ᠳᠤᠷᠳᠤᠩ᠎ᠤᠨ ᠵᠢᠷᠤᠭ᠂ ᠱᠢᠷᠳᠡᠮᠡᠯ ᠵᠢᠷᠤᠭ᠂ ᠬᠠᠨ᠎ᠠ ᠵᠢᠨ ᠵᠢᠷᠤᠭ ᠵᠡᠷᠭᠡ᠎ᠳᠤ ᠪᠦᠷ ᠮᠤᠷᠢ ᠰᠠᠢᠨ ᠵᠢᠷᠤᠳᠠᠭ ᠵᠢᠷᠤᠭᠴᠢᠨ ᠴᠤᠯᠭᠤᠷᠠᠵᠠᠢ᠃ ᠭᠤᠷᠪᠠᠨ ᠤᠯᠤᠰ᠎ᠤᠨ ᠦᠶ᠎ᠡ᠎ᠳᠦ᠂ ᠡᠦ ᠤᠯᠤᠰ᠎ᠤᠨ ᠼᠤᠤ ᠪᠦ ᠰᠢᠡᠭ ᠬᠡᠳᠡᠭ ᠮᠣᠷᠢ ᠵᠢᠷᠤᠳᠠᠭ ᠨᠡᠷᠡᠳᠤ ᠵᠢᠷᠤᠬᠴᠢᠨ ᠪᠠᠢᠵᠠᠶ᠃ ᠵᠢᠨ ᠤᠯᠤᠰ᠎ᠤᠨ ᠦᠶ᠎ᠡ᠎ᠳᠦ ᠮᠣᠷᠢ ᠵᠢᠷᠤᠬᠤ ᠤᠷᠠᠯᠢᠬ ᠨᠢᠭᠡᠨᠳᠡ ᠲᠤᠰᠭᠠᠶ ᠰᠠᠯᠪᠤᠷᠢ ᠪᠣᠯᠵᠤ᠂ ᠡᠮᠦᠨᠡᠲᠦ ᠤᠮᠠᠷᠠᠲᠤ ᠲᠥᠷᠥ᠎ᠶ᠋ᠢᠨ ᠦᠶ᠎ᠡ᠎ᠳᠦ ᠮᠣᠷᠢᠨ᠎ᠤ ᠵᠢᠷᠤᠭ᠎ᠤᠨ ᠲᠤᠬᠠᠶ ᠦᠨᠡᠯᠡᠯᠲᠡ ᠬᠢᠵᠤ ᠡᠬᠢᠯᠡᠭᠰᠡᠨ ᠪᠦᠭᠡᠳ ᠮᠣᠷᠢ ᠵᠢᠷᠤᠬᠤ ᠨᠢ  ᠨᠢᠭᠡᠨᠳᠡ ᠨᠢᠭᠡᠨ ᠤᠷᠠᠯᠢᠭ᠎ᠤᠨ ᠰᠠᠯᠠᠭ᠎ᠠ ᠪᠤᠯᠤᠨ ᠬᠦᠭᠵᠢᠪᠡ᠃


QQ20260128-162528.png


ᠲᠠᠢᠪᠸᠢ ᠵᠢᠨ ᠬᠠᠭᠠᠨ᠎ᠤ ᠤᠷᠳᠤᠨ᠎ᠤ ᠮᠦᠽᠸᠢ᠎ᠳᠦ ᠬᠠᠳᠠᠭᠠᠯᠠᠵᠤ ᠪᠠᠢᠭ᠎ᠠ ᠴᠢᠡᠭ ᠤᠯᠤᠰ᠎ᠤᠨ ᠯᠠᠡᠭ ᠱᠢ ᠨᠢᠡᠭ᠎ᠤᠨ ᠵᠢᠷᠤᠭ 《 ᠵᠢᠷᠭᠠᠯᠠᠡᠭᠳᠤ ᠨᠢ᠋ᠮᠠᠨ ᠮᠤᠷᠢ 》



QQ20260128-162538.png


 ᠠᠮᠧᠷᠢᠺᠠ ᠎ᠶ᠋ᠢᠨ ᠳᠠ ᠳᠦ  ᠬᠤᠢ ᠮᠦᠽᠸᠢ᠎ᠳᠤ ᠬᠠᠳᠠᠭᠠᠯᠠᠵᠤ ᠪᠠᠢᠭ᠎ᠠ ᠲᠠᠩ ᠤᠯᠤᠰ ᠎ᠤᠨ ᠬᠠᠨ  ᠭᠠᠨ ᠤ᠋  ᠵᠢᠷᠤᠭ 《ᠰᠤᠪᠤᠳᠤᠨ ᠴᠠᠭᠠᠨ》  


ᠳᠤᠮᠳᠠᠳᠤ ᠵᠢᠨ ᠤᠯᠠᠮᠵᠢᠯᠠᠯᠲᠤ ᠮᠤᠷᠢ ᠵᠢᠷᠤᠬᠤ ᠤᠷᠠᠯᠢᠭ᠎ᠤᠨ ᠣᠯᠠᠩᠬᠢ ᠨᠢ ᠰᠡᠯᠡᠬᠦᠨ ᠳᠠᠭᠠᠯᠠᠮᠵᠢᠳᠦ ᠦᠩᠭᠡ ᠠᠶᠠᠰ ᠪᠤᠶᠤ ᠤᠷᠮ᠎ᠠ ᠰᠡᠳᠭᠢᠯᠭᠡ᠎ᠢᠯᠡᠷᠡᠵᠦ᠂ ᠤᠷᠮ᠎ᠠ ᠰᠡᠳᠭᠢᠯᠭᠡ ᠎ᠶ᠋ᠢᠨ  ᠪᠤᠰᠤᠳᠴᠢ ᠢᠯᠡᠷᠬᠡᠢᠯᠡᠯ ᠪᠤᠯᠵᠦ  ᠪᠠᠢᠵᠠᠢ᠃ ᠬᠠᠷᠢᠨ  ᠣᠷᠴᠢᠨ ᠤᠳᠤ ᠦᠶ᠎ᠡ᠎ᠡᠴᠡ ᠨᠠᠭᠠᠰᠢ ᠮᠣᠷᠢ ᠵᠢᠷᠤᠬᠤ᠎ᠳᠤ᠂ ᠤᠳᠭᠠᠴᠢᠯᠠᠨ ᠵᠢᠷᠤᠬᠤ᠎ᠪᠠᠷ ᠰᠡᠳᠭᠢᠯᠭᠡ᠎ᠪᠡᠨ ᠢᠯᠡᠳᠭᠡᠨ᠂ ᠬᠤᠪᠢ ᠬᠥᠮᠦᠨ᠎ᠤ ᠤᠷᠮ᠎ᠠ ᠰᠡᠳᠭᠢᠯᠭᠡ ᠎ᠪᠡᠨ  ᠢᠯᠡᠷᠡᠬᠦᠯᠳᠡᠭ ᠃


QQ20260128-163814.png


 ᠶᠠᠫᠤᠨ᠎ᠤ ᠤᠤᠰᠠᠺᠠ ᠬᠤᠳᠠ ᠵᠢᠨ ᠤᠷᠠᠨ ᠵᠢᠷᠤᠭ᠎ᠤᠨ ᠤᠷᠳᠤᠨ᠎ᠳᠤ ᠬᠠᠳᠠᠭᠠᠯᠠᠵᠤ ᠪᠠᠢᠭ᠎ᠠ ᠰᠦᠡᠭ ᠤᠯᠤᠰ᠎ᠤᠨ ᠰᠡᠬᠦᠯᠴᠢ᠂ ᠶᠤᠸᠠᠨ ᠤᠯᠤᠰ᠎ᠤᠨ ᠡᠬᠢᠨ᠎ᠤ ᠦᠶ᠎ᠠ ᠵᠢᠨ ᠬᠦᠡᠭ ᠺᠠᠢ ᠵᠢᠨ ᠵᠢᠷᠤᠭ 《ᠲᠤᠷᠠᠡᠭᠬᠠᠢ ᠮᠤᠷᠢ 》  


ᠮᠣᠷᠢ ᠵᠢᠷᠤᠬᠤ ᠤᠷᠠᠯᠢᠭ ᠨᠢ ᠤᠯᠠᠮᠵᠢᠯᠠᠯᠲᠤ ᠨᠠᠷᠢᠯᠢᠭ ᠵᠢᠷᠤᠭ ᠡᠴᠡ ᠪᠡᠨ ᠣᠷᠴᠢᠨ ᠣᠳᠣ ᠦᠶ᠎ᠡ᠎ᠶ᠋ᠢᠨ ᠤᠳᠬᠠᠴᠢᠯᠠᠬᠰᠠᠨ ᠵᠢᠷᠤᠭ ᠪᠤᠯᠵᠦ ᠬᠤᠪᠢᠷᠠᠪᠠ᠃ ᠰᠡᠭᠦᠯ᠎ᠤᠨ ᠦᠶ᠎ᠠ ᠵᠢᠨ ᠤᠳᠭᠠᠴᠢᠯᠠᠬᠰᠠᠨ ᠵᠢᠷᠤᠭ ᠲᠡᠬᠢ ᠮᠣᠷᠢ ᠨᠢ ᠥᠭᠡᠷ᠎ᠡ ᠨᠢᠭᠡ ᠵᠦᠢᠯ᠎ᠦᠨ ᠤᠷᠠᠯᠢᠭ᠎ᠤᠨ ᠬᠡᠯᠪᠡᠷᠢ ᠪᠤᠯᠵᠠᠢ᠂ ᠲᠡᠷᠡ ᠨᠢ ᠳᠥᠭᠥᠮ ᠠᠪᠰᠠᠷᠬᠠᠨ ᠵᠢᠷᠤᠯᠭ᠎ᠠ᠎ᠶ᠋ᠢᠨ ᠠᠷᠭ᠎ᠠ᠎ᠪᠠᠷ ᠵᠢᠷᠤᠬᠤ ᠵᠦᠢᠯ᠎ᠤᠨ ᠵᠢᠡᠨ ᠴᠣᠭ ᠰᠦᠯᠳᠡ᠎ᠶ᠋ᠢ ᠵᠢᠷᠤᠭ᠍ᠯᠠᠵᠤ᠂ ᠴᠢᠨᠠᠬᠰᠢᠯᠠᠭᠠᠳ ᠰᠡᠳᠭᠢᠯᠭᠡ ᠨᠢ ᠬᠡᠯᠪᠡᠷᠢ᠎ᠡᠴᠡ᠎ᠪᠡᠨ ᠴᠢᠬᠤᠯᠠ ᠪᠤᠯᠵᠠᠢ᠃ ᠤᠳᠭᠠᠴᠢᠯᠠᠬᠰᠠᠨ ᠵᠢᠷᠤᠭ ᠪᠣᠯ ᠰᠡᠳᠭᠢᠯᠭᠡ᠎ᠪᠡᠨ ᠲᠣᠭᠠᠴᠢᠬᠤ᠎ᠶ᠋ᠢᠨ ᠬᠠᠮᠤᠭ ᠰᠠᠢ᠌ᠨ ᠬᠡᠯᠪᠡᠷᠢ ᠪᠣᠯᠬᠤ᠎ᠶ᠋ᠢᠨ ᠬᠠᠮᠲᠤ᠂ ᠡᠪᠯᠢᠭ ᠰᠠᠢᠬᠠᠨ ᠬᠡᠪ ᠨᠠᠮᠪᠠ᠎ᠵᠢᠨ ᠢᠯᠡᠷᠡᠬᠦᠯᠤᠯ ᠪᠣᠯᠤᠨ᠎ᠠ᠃ ᠡᠢᠮᠦ᠍᠎ᠡᠴᠡ᠂ ᠮᠣᠷᠢ ᠵᠢᠷᠤᠬᠤ ᠤᠷᠠᠯᠢᠬ᠎ᠦᠨ ᠬᠤᠪᠢᠷᠠᠯᠲᠠ ᠨᠢ ᠭᠤᠤ᠎ᠠ ᠲᠠᠭᠠᠱᠢᠶᠠᠯ᠎ᠤᠨ ᠲᠠᠯ᠎ᠠ᠎ᠳᠤ ᠴᠸ᠋ ᠬᠤᠪᠢᠷᠠᠯᠲᠠ ᠭᠠᠷᠭᠠᠵᠤ᠂ ᠮᠤᠷᠢ ᠵᠢᠷᠤᠬᠤ ᠬᠡᠯᠪᠡᠷᠢ᠎ᠶ᠋ᠢᠨ ᠭᠤᠤ᠎ᠠ ᠲᠠᠭᠠᠱᠢᠶᠠᠯ᠎ᠠᠴᠠ ᠮᠤᠷᠢᠨ᠎ᠤ ᠴᠤᠭ ᠰᠦᠯᠳᠡ᠂ ᠰᠡᠳᠭᠢᠯᠭᠡ᠎ᠶ᠋ᠢᠨ ᠭᠤᠤ᠎ᠠ ᠲᠠᠭᠠᠱᠢᠶᠠᠯ᠎ᠳᠤ ᠰᠢᠯᠵᠢᠭᠰᠡᠨ ᠪᠠᠢᠨ᠎ᠠ᠃ ᠮᠤᠷᠢ  ᠵᠢᠷᠤᠬᠤ ᠤᠷᠠᠯᠢᠭ ᠨᠢ ᠡᠷᠲᠡᠨ᠎ᠦ ᠬᠠᠳᠠᠨ ᠵᠢᠷᠤᠭ᠎ᠠᠴᠠ ᠱᠢᠤᠢ ᠪᠸᠢ ᠬᠣᠩ᠎ᠤᠨ ᠲᠠᠪᠬᠢᠭ᠎ᠠ ᠮᠤᠷᠢ ᠬᠦᠷᠳᠡᠯ᠎ᠡ ᠴᠢᠨᠠᠬᠰᠢᠯᠡᠨ ᠤᠳᠤ ᠦᠶ᠎ᠠ ᠵᠢᠨ ᠤᠷᠠᠯᠢᠭ᠎ᠬᠦᠷᠳᠡᠯ᠎ᠠ ᠲᠤᠮᠳᠠᠳᠤ ᠵᠢᠨ ᠤᠷᠠᠨ ᠵᠢᠷᠤᠭ ᠎ᠤᠨ ᠨᠢᠭᠡᠨ ᠪᠡᠶ᠎ᠡ ᠪᠡᠨ ᠳᠠᠭᠠᠭᠠᠭᠰᠠᠨ ᠬᠡᠪ ᠨᠠᠮᠪᠠ ᠪᠠ ᠰᠲ᠋ᠢᠯᠢ ᠪᠤᠯᠤᠨ ᠪᠦᠷᠢᠯᠳᠤᠵᠦ᠂ ᠲᠤᠮᠳᠠᠳᠤ ᠵᠢᠨ ᠤᠷᠠᠨ ᠵᠢᠷᠤᠭ᠂ ᠴᠢᠨᠠᠭᠰᠢᠯᠠᠨ ᠲᠡᠯᠡᠬᠡᠢ ᠵᠢᠨ ᠤᠷᠠᠨ ᠵᠢᠷᠤᠭ᠎ᠤᠨ ᠲᠡᠦᠭᠡ ᠵᠢᠨ ᠬᠠᠭᠤᠳᠠᠰᠤ ᠵᠢ ᠪᠠᠶᠠᠯᠢᠬᠵᠢᠭᠤᠯᠤᠭᠰᠠᠨ ᠪᠠᠢᠨ᠎ᠠ ᠃


QQ20260128-163823.png


 ᠬᠠᠭᠠᠨ᠎ᠤ ᠣᠷᠳᠣᠨ᠎ᠤ ᠮᠦᠽᠧᠶ᠎ᠳᠦ ᠬᠠᠳᠠᠭᠠᠯᠠᠵᠤ ᠪᠠᠢᠭ᠎ᠠ ᠴᠢᠩ ᠤᠯᠤᠰ ᠎ᠤᠨ ᠯᠠᠩ ᠱ᠌ᠢ ᠨᠢᠩ᠎ᠨᠡᠷ ᠤ᠋ᠨ ᠵᠢᠷᠤᠭ 《ᠲᠩᠷᠢ ᠲᠡᠳᠬᠦᠭ᠌ᠴᠢ ᠬᠠᠭᠠᠨ ᠎ᠤ  ᠠᠡᠭᠨᠠᠯ》 


QQ20260128-163834.png


ᠳᠤᠮᠳᠠᠳᠤ ᠤᠯᠤᠰ᠎ᠤᠨ ᠤᠯᠤᠰ᠎ᠤᠨ ᠮᠦᠽᠧᠶ᠎ᠳᠦ ᠬᠠᠳᠠᠭᠠᠯᠠᠵᠤ ᠪᠠᠢᠭ᠎ᠠ ᠶᠤᠸᠠᠨ ᠤᠯᠤᠰ ᠎ᠤᠨ ᠷᠧᠨ ᠷᠧᠨ ᠹᠠ ᠵᠢᠨ  ᠵᠢᠷᠤᠭ  《ᠠᠳᠤᠭᠤ  ᠠᠷᠠᠴᠢᠯᠠᠬᠤ 》


QQ20260128-163844.png


ᠶᠠᠫᠣᠨ ᠎ᠤ ᠲᠤᠤᠺᠢᠤ᠋ ᠵᠢᠨ ᠤᠯᠤᠰ ᠎ᠤᠨ  ᠮᠦᠽᠸᠢ᠎ᠳᠤ ᠬᠠᠳᠠᠭᠠᠯᠠᠵᠤ ᠪᠠᠢᠭ᠎ᠠ ᠤᠮᠠᠷᠠᠲᠤ ᠰᠦᠩ ᠤᠯᠤᠰ ᠎ᠤᠨ  ᠯᠢ ᠭᠦᠩ ᠯᠢᠨ ᠤ᠋  ᠵᠢᠷᠤᠭ  《ᠲᠠᠪᠤᠨ  ᠠᠭ᠍ᠲᠠᠴᠢᠨ》  


QQ20260128-170130.png


ᠬᠠᠭᠠᠨ᠎ᠤ ᠣᠷᠳᠣᠨ᠎ᠤ ᠮᠦᠽᠧᠶ᠎ᠳᠦ ᠬᠠᠳᠠᠭᠠᠯᠠᠵᠤ ᠪᠠᠢᠭ᠎ᠠ ᠶᠤᠸᠠᠨ ᠤᠯᠤᠰ ᠎ᠤᠨ ᠵᠣᠣ ᠮᠸᠩ ᠹᠦ  ᠵᠢᠨ  ᠵᠢᠷᠤᠭ 《ᠮᠤᠷᠢ ᠬᠤᠰᠤᠬᠤ》


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号