ᠮᠢᠨᠤ ᠮᠤᠩᠭᠤᠯ ᠮᠤᠷᠢ
2026-01-14 11:47:27
ᠵᠣᠬᠢᠶᠠᠭ᠍ᠴᠢ᠄
ᠨᠠ᠊·ᠬᠦᠬᠡᠱᠢᠭᠤᠢ
ᠣᠩᠱᠢᠭ᠍ᠰᠠᠨ ᠣᠳᠠᠭ᠎ᠠ᠄
★★★☆☆


ᠴᠤᠯᠮᠤᠨ ᠬᠤᠶᠠᠷ ᠨᠢᠳᠤᠨ᠎ᠠᠴᠠ᠎ᠨᠢ ᠴᠠᠬᠢᠯᠭᠠᠨ ᠭᠡᠷᠡᠯ ᠲᠠᠳᠠᠳᠠᠭ

ᠴᠤᠮᠪᠤᠩ ᠲᠦᠷᠪᠡᠨ ᠲᠤᠭᠤᠷᠠᠢ᠎ᠠᠴᠠ᠎ᠨᠢ ᠴᠡᠭᠡᠨ ᠭᠠᠯ ᠪᠤᠳᠠᠷᠠᠳᠠᠭ

ᠲᠦᠷᠡᠯᠵᠡᠮ᠎ᠡ ᠪᠤᠰᠤᠭ᠎ᠠ ᠲᠡᠯ᠎ᠠᠴᠠ᠎ᠨᠢ ᠲᠤᠭ᠍ᠰᠢᠨ ᠰᠠᠯᠬᠢ ᠢᠰᠭᠡᠷᠲᠡᠭ

ᠲᠡᠭ᠌ᠵᠢᠨ ᠠᠯᠢᠶ᠎ᠠ ᠰᠡᠭᠦᠯ᠎ᠠᠴᠠ᠎ᠨᠢ ᠴᠠᠭᠠᠨ ᠡᠭᠦᠯᠡ ᠬᠤᠢᠯᠠᠷᠠᠳᠠᠭ



ᠠᠶᠤᠩᠭ᠎ᠠ ᠱᠢᠭ᠋ ᠨᠢᠵᠢᠬᠢᠨᠡᠵᠤ ᠬᠡᠳᠤᠨ ᠲᠢᠪ᠎ᠢ ᠬᠤᠯᠪᠤᠭ᠍ᠰᠠᠨ ᠶᠤᠮ

ᠲᠠᠶᠤᠩᠭ᠎ᠠ ᠱᠢᠭ᠋ ᠲᠡᠭᠦᠯᠢᠵᠤ ᠬᠤᠷᠸ᠎ᠠ᠎ᠶ᠋ᠢᠨ ᠠᠭᠤᠳᠠᠮ᠎ᠢ ᠬᠡᠮᠵᠢᠭ᠌ᠰᠡᠨ ᠶᠤᠮ

ᠠᠭᠠᠲᠠᠷ ᠱᠢᠭ᠋ ᠱᠤᠤᠬᠢᠵᠤ ᠰᠦᠨᠢ᠎ᠶ᠋ᠢᠨ ᠬᠠᠷᠠᠩᠭᠤᠢ᠎ᠶ᠋ᠢ ᠦᠯᠲᠡᠭ᠌ᠰᠡᠨ ᠶᠤᠮ

ᠪᠠᠭᠠᠳᠤᠷ ᠱᠢᠭ᠋ ᠭᠠᠪᠱᠢᠭᠠᠢᠷᠠᠵᠤ ᠰᠦᠷ ᠰᠦᠯᠲᠡ᠎ᠪᠠᠨ ᠪᠤᠰᠭᠠᠭ᠍ᠰᠠᠨ ᠶᠤᠮ



ᠲᠦᠮᠡᠨ ᠭᠠᠵᠠᠷ᠎ᠤᠨ ᠠᠯᠤᠰ᠎ᠠᠴᠠ ᠨᠤᠳᠤᠭ᠎ᠶ᠋ᠢᠡᠨ ᠰᠠᠨᠠᠭᠠᠳ ᠦᠦᠷᠰᠡᠳᠡᠭ

ᠲᠦᠷᠦᠯ ᠠᠷᠠᠯᠵᠢᠬᠤ ᠦᠭᠡᠢ ᠴᠠᠭ᠎ᠲᠤ ᠡᠵᠡᠨ᠎ᠢᠶᠠᠨ ᠭᠡᠳ ᠵᠢᠳᠬᠦᠲᠡᠭ

ᠦᠭᠡ ᠯᠡ ᠬᠡᠯᠡᠭ᠌ᠰᠡᠨ ᠦᠭᠡᠢ᠎ᠠᠴᠠ ᠦᠭᠡᠷ᠎ᠡ ᠬᠦᠮᠦᠨ ᠮᠡᠳᠡᠭᠡ᠎ᠲᠠᠢ ᠠᠳᠤᠭᠤᠰᠤ

ᠦᠰᠦᠭ ᠲᠠᠨᠢᠬᠤ ᠦᠭᠡᠢ᠎ᠠᠴᠠ ᠪᠢᠰᠢ ᠰᠠᠬᠢᠭᠤᠯᠰᠤᠨ ᠬᠡᠯᠡ᠎ᠲᠠᠢ ᠤᠨᠤᠭ᠎ᠠ

ᠨᠢᠳᠤ᠎ᠶ᠋ᠢ᠎ᠨᠢ ᠪᠦᠲᠡᠭᠡᠭᠡᠳ ᠬᠠᠷᠢ ᠬᠦᠷᠦᠨ᠎ᠳᠤ ᠠᠪᠠᠴᠢᠭ᠍ᠰᠠᠨ ᠴᠦ᠍

ᠨᠢᠯᠪᠤᠰᠤ᠎ᠪᠠᠨ ᠵᠠᠯᠭᠢᠭᠠᠳ ᠨᠤᠳᠤᠭ᠎ᠲᠠᠭᠠᠨ ᠲᠡᠮᠡᠦᠯᠦᠭ᠌ᠰᠡᠭᠡᠷ ᠢᠷᠡᠨ᠎ᠡ

ᠬᠦᠵᠦᠬᠦᠦ᠍᠎ᠶ᠋ᠢ᠎ᠨᠢ ᠲᠡᠪᠡᠷᠢᠵᠤ ᠰᠡᠳᠭᠢᠯ ᠡᠪᠬᠡᠷᠡᠵᠤ ᠵᠤᠭ᠍ᠰᠤᠬᠤ᠎ᠳᠤ

ᠬᠦᠯᠦᠰᠦᠨ ᠦᠨᠦᠷ᠎ᠨᠢ ᠬᠦᠲᠡᠷᠢ ᠵᠢᠭᠠᠷ ᠱᠢᠭ᠋ ᠰᠡᠩᠭᠢᠨᠡᠨ᠎ᠡ



ᠬᠦᠯᠦᠭ᠎ᠤᠨ ᠬᠦᠶᠦᠲᠡᠯ᠎ᠢᠶᠠᠷ ᠰᠠᠯᠬᠢᠨ᠎ᠤ ᠬᠤᠷᠳᠤᠨ᠎ᠢ ᠬᠡᠮᠵᠢᠭ᠌ᠰᠡᠨ

ᠬᠦᠮᠦᠬᠡᠢ᠎ᠶ᠋ᠢᠨ ᠵᠠᠭᠤᠲᠠᠯ᠎ᠢᠶᠠᠷ ᠰᠡᠳᠭᠢᠯ᠎ᠤᠨ ᠲᠡᠩᠭᠡᠭᠡ᠎ᠶ᠋ᠢ ᠬᠠᠷᠠᠭᠤᠯᠤᠭ᠍ᠰᠠᠨ

ᠬᠦᠲᠡᠭᠡ ᠲᠠᠯ᠎ᠠ᠎ᠶ᠋ᠢᠨ ᠮᠢᠩᠭᠠᠨ ᠦᠵᠡᠰᠭᠦᠯᠡᠩ᠎ᠢ ᠭᠠᠢᠬᠠᠭᠤᠯᠤᠭ᠍ᠰᠠᠨ

ᠬᠦᠮᠦᠨ᠎ᠤ ᠤᠷᠴᠢᠯᠠᠩ᠎ᠤᠨ ᠲᠦᠮᠡᠨ ᠭᠠᠢᠬᠠᠮᠱᠢᠭ᠎ᠢ ᠪᠦᠷᠢᠳᠦᠬᠦᠯᠦᠭ᠌ᠰᠡᠨ



ᠮᠤᠬᠤᠰᠢ ᠦᠭᠡᠢ ᠭᠠᠩ ᠵᠤᠷᠢᠭ — ᠮᠢᠨᠤ ᠮᠤᠩᠭᠤᠯ ᠮᠤᠷᠢ

ᠮᠢᠲᠠᠷᠠᠰᠢ ᠦᠭᠡᠢ ᠵᠠᠩ ᠠᠷᠠᠨᠱᠢᠨ — ᠮᠢᠨᠤ ᠮᠤᠩᠭᠤᠯ ᠮᠤᠷᠢ

ᠮᠢᠩᠭᠠᠨ ᠭᠠᠵᠠᠷ᠎ᠤᠨ ᠬᠤᠪᠢᠯᠭᠠᠨ ᠬᠦᠯᠦᠭ — ᠮᠢᠨᠤ ᠮᠤᠩᠭᠤᠯ ᠮᠤᠷᠢ

ᠮᠢᠨᠤ ᠴᠢᠨᠤ ᠵᠠᠶᠠᠭᠠᠨ᠎ᠤ ᠲᠦᠱᠢᠭ — ᠮᠢᠨᠤ ᠮᠤᠩᠭᠤᠯ ᠮᠤᠷᠢ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号