— ᠳᠦᠷᠦ᠍᠎ᠶ᠋ᠢᠨ ᠰᠤᠶᠤᠷᠬᠠᠯᠲᠤ ᠠᠯᠳᠠᠷᠲᠤ ᠳᠠᠭᠤᠴᠢᠨ ᠵᠠᠭ᠍ᠳᠠᠰᠦ᠋ᠷᠦᠩ ᠠᠬ᠎ᠠ
ᠳᠤ ᠵᠤᠷᠢᠭᠤᠯᠪᠠᠢ
ᠰᠦᠮᠡᠢᠨ ᠰᠦᠮᠡᠢᠨ ᠬᠠᠷᠠᠭ᠍ᠳᠠᠬᠤ᠎ᠨᠢ
ᠰᠦᠮᠡᠳᠡᠢ ᠪᠤᠳᠠᠷ᠎ᠤᠨ ᠴᠢᠯᠠᠭᠤ ᠶᠤ᠌ ᠳ᠋ᠠ
ᠰᠦᠷᠦᠭ᠎ᠢᠶᠠᠨ ᠭᠡᠯᠢᠭᠡᠳ ᠨᠠᠭᠠᠱᠢᠯᠠᠬᠤ᠎ᠨᠢ
ᠰᠦᠨᠢᠳ᠎ᠤᠨ ᠰᠠᠢᠬᠠᠨ ᠠᠬ᠎ᠠ ᠮᠢᠨᠤ ᠵᠧ
ᠠᠷᠤᠬᠠᠨ ᠬᠦᠪᠴᠢ᠎ᠶ᠋ᠢᠨ ᠳᠠᠭᠤᠤ
ᠠᠯᠤᠰ᠎ᠤᠨ ᠠᠯᠤᠰ᠎ᠠᠴᠠ ᠬᠠᠩᠭᠢᠨᠠᠨ᠎ᠠ
ᠠᠳᠤᠭᠤᠨ ᠰᠦᠷᠦᠭ᠎ᠨᠢ ᠬᠡᠢᠮᠦᠷᠢᠯᠠᠨ
ᠠᠶ᠎ᠠ᠎ᠶ᠋ᠢ᠎ᠨᠢ ᠬᠤᠭᠤᠷᠳᠠᠨ ᠲᠡᠷᠭᠡᠨ᠎ᠡ
ᠡᠷ᠎ᠡ ᠪᠤᠷᠤ ᠬᠠᠷᠴᠠᠭᠠᠢ᠎ᠶ᠋ᠢᠨ ᠬᠢᠨᠢ
ᠡᠷᠡᠮᠡᠬᠡᠢ ᠵᠢᠬᠦᠷ ᠤᠯᠠᠳᠠᠭᠠᠨᠢ ᠦᠬᠡᠢ
ᠡᠷᠳᠡᠨᠢ ᠵᠠᠰᠠᠭ᠎ᠤᠨ ᠤᠨᠠᠭᠠᠨᠤ ᠬᠢᠨᠢ
ᠡᠬᠡᠱᠢᠭ᠌ᠯᠡᠩᠲᠦ ᠬᠢᠰᠭᠢᠳᠡᠯ ᠰᠤᠯᠢᠳᠠᠭ᠎ᠠ᠎ᠨᠢ ᠦᠬᠡᠢ
ᠵᠢᠷᠤᠭ᠎ᠠ᠎ᠶ᠋ᠢᠨ ᠵᠢᠷᠤᠭ᠎ᠠ ᠮᠤᠷᠢᠨ᠎ᠤ᠎ᠪᠠᠨ
ᠵᠢᠯᠤᠭᠤᠶ᠋ᠢᠨᠢ ᠳᠠᠲᠠᠰᠭᠢᠭᠡᠳ ᠮᠤᠷᠲᠠᠭ᠍ᠰᠠᠨ ᠶᠤᠮ
ᠵᠤᠷᠢᠭ᠍ᠰᠠᠨ ᠭᠠᠵᠠᠷ᠎ᠤᠨ ᠬᠤᠯᠠ᠎ᠶ᠋ᠢ
ᠵᠤᠷᠢᠭ ᠮᠤᠬᠤᠯ ᠦᠬᠡᠢ ᠲᠤᠭᠤᠯᠤᠭ᠍ᠰᠠᠨ ᠶᠤᠮ
ᠲᠠᠮᠠᠴᠢᠶ᠋ᠢᠨᠢᠶᠠᠨ ᠶᠡᠭᠡ ᠲᠠᠯ᠎ᠠ᠎ᠶ᠋ᠢ
ᠳᠠᠭᠤᠤ᠎ᠳᠠᠭᠠᠨ ᠪᠠᠭ᠍ᠲᠠᠭᠠᠭᠠᠳ ᠬᠦᠳᠡᠯᠦᠭ᠌ᠰᠡᠨ ᠶᠤᠮ
ᠲᠠᠪᠤᠨ ᠲᠢᠪ᠎ᠢ ᠤᠶᠠᠩᠭᠠᠷᠠᠲᠠᠯᠠ ᠳᠡᠯᠬᠡᠬᠡᠳ
ᠲᠠᠯ᠎ᠠ᠎ᠶ᠋ᠢᠨ᠎ᠢᠶᠠᠨ ᠠᠭᠤᠳᠠᠮ᠎ᠢ ᠪᠠᠭ᠍ᠠᠳᠤᠭᠤᠯᠤᠭ᠍ᠰᠠᠨ ᠶᠤᠮ
ᠳᠠᠷᠬᠠᠨ ᠠᠭᠤᠯᠠ᠎ᠶ᠋ᠢᠨ᠎ᠢᠶᠠᠨ ᠪᠠᠷ᠎ᠠ᠎ᠶ᠋ᠢ
ᠳᠠᠶᠠᠩ᠎ᠳᠤ ᠰᠦᠮᠪᠦᠷᠯᠡᠲᠡᠯᠡ ᠱᠢᠷᠤᠩᠬᠠᠢᠯᠠᠭ᠍ᠰᠠᠨ ᠶᠤᠮ
ᠲᠠᠯ᠎ᠠ᠎ᠶ᠋ᠢᠨ ᠠᠭᠤᠯᠠ ᠳᠠᠷᠤᠬᠠᠨ ᠪᠠᠢᠳᠠᠭ ᠴᠤ᠌
ᠲᠠᠭᠤᠤ᠎ᠪᠠᠷ ᠦᠨᠳᠦᠷᠯᠡᠳᠡᠭᠢ ᠮᠡᠳᠡᠷᠡᠬᠦᠯᠦᠭ᠌ᠰᠡᠨ ᠶᠤᠮ
ᠠᠮᠤᠭᠤᠯᠠᠩᠲᠤ ᠲᠦᠷᠦ᠍᠎ᠶ᠋ᠢᠨ ᠲᠤᠪᠴᠢᠶᠠᠨ᠎ᠠᠴᠠ
ᠠᠯᠲᠠᠷ᠎ᠤᠨ ᠡᠷᠬᠦᠮᠵᠢᠯᠡᠯ ᠬᠦᠷᠲᠡᠭ᠌ᠰᠡᠨ ᠶᠤᠮ
ᠤᠷᠲᠤ᠎ᠶᠢᠨ ᠲᠠᠭᠤᠣ᠎ᠶᠢᠨ ᠲᠠᠪᠴᠠᠩ᠎ᠠᠴᠠ
ᠸᠠᠩ᠎ᠤᠨ ᠰᠠᠩ᠎ᠲᠠᠢ᠎ᠳᠤ ᠵᠠᠯᠠᠷᠠᠭ᠍ᠰᠠᠨ ᠶᠤᠮ
ᠰᠦᠮᠡᠢᠨ ᠰᠦᠮᠡᠢᠨ ᠬᠠᠷᠠᠭ᠍ᠳᠠᠬᠤ᠎ᠨᠢ
ᠰᠦᠮᠡᠳᠡᠢ ᠪᠤᠳᠠᠷ᠎ᠤᠨ ᠴᠢᠯᠠᠭᠤ ᠶᠤ᠌ ᠳ᠋ᠠ
ᠰᠦᠷᠦᠭ᠎ᠢᠶᠠᠨ ᠭᠡᠯᠢᠭᠡᠳ ᠨᠠᠭᠠᠱᠢᠯᠠᠬᠤ᠎ᠨᠢ
ᠰᠦᠨᠢᠳ᠎ᠤᠨ ᠰᠠᠢᠬᠠᠨ ᠠᠬ᠎ᠠ ᠮᠢᠨᠤ ᠵᠧ
ᠵᠢᠵᠢᠭ ᠴᠤᠬᠤᠷ᠎ᠢᠶᠠᠨ ᠴᠤᠯᠬᠢᠭᠤᠯᠤᠨ
ᠵᠢᠵᠢᠤ ᠳᠦᠷᠦᠭᠡ᠎ᠪᠠᠨ ᠵᠢᠭᠢᠯᠡ ᠳ᠋ᠠ
ᠬᠠᠪᠤᠷ᠎ᠤᠨ ᠠᠬᠢ᠎ᠶ᠋ᠢ ᠨᠢᠳᠦᠯᠡᠬᠦᠯᠦᠨ
ᠬᠠᠨᠠᠷᠠᠭᠤᠯᠤᠨ ᠲᠤᠨᠤᠷᠠᠭᠤᠯᠤᠨ ᠳᠠᠭᠤᠯᠠᠯ᠎ᠠ ᠬᠦ᠋
ᠨᠠᠷᠢᠨ ᠬᠦᠭᠡ᠎ᠪᠠᠨ ᠲᠡᠷᠭᠡᠬᠦᠯᠦᠨ
ᠨᠠᠢ᠍ᠮᠠᠨ ᠭᠠᠨᠵᠤᠭ᠎ᠠ ᠱᠢᠭ᠌ᠰᠢᠷᠡᠬᠦᠯᠦᠯᠡ ᠳ᠋ᠠ
ᠨᠠᠯᠠᠭᠠᠷ ᠵᠤᠨ᠎ᠢ ᠰᠠᠭᠠᠲᠠᠭᠤᠯᠤᠨ
ᠨᠠᠮᠢᠷᠠᠭ᠎ᠠ ᠪᠤᠷᠤᠭ᠎ᠠ ᠴᠠᠢᠷᠠᠭᠤᠯᠤᠯᠠ ᠬᠦ᠋
ᠪᠤᠳᠤᠯ ᠴᠤᠯᠮᠤᠨ᠎ᠢᠶᠠᠨ ᠪᠦᠩᠵᠢᠭ᠌ᠨᠡᠬᠦᠯᠦᠨ
ᠪᠤᠴᠠᠬᠤ ᠨᠠᠮᠤᠷ᠎ᠢ ᠲᠤᠨᠢᠶᠠᠷᠲᠤᠭᠤᠯᠤᠯᠠ ᠳ᠋ᠠ
ᠪᠤᠷᠵᠢᠬᠢᠨ ᠤᠷᠠᠨ ᠨᠤᠭᠤᠯᠤᠭᠠᠪᠠᠷᠢᠶᠠᠨ
ᠪᠤᠭᠤᠷᠤᠯ ᠡᠵᠢᠶ᠋ᠢᠪᠠᠨ ᠤᠶᠠᠷᠠᠭᠤᠯᠤᠯᠠ ᠬᠦ᠋
ᠴᠠᠭᠠᠨ ᠰᠠᠭᠠᠷᠠᠯᠤᠨᠢᠶᠠᠨ ᠴᠤᠭ᠍ᠬᠢᠶᠠᠪᠠᠷ
ᠴᠠᠩ᠎ᠲᠠᠢ ᠡᠪᠦᠯ᠎ᠢ ᠰᠤᠭ᠍ᠰᠤᠷᠣᠯᠠ ᠳ᠋ᠠ
ᠮᠠᠨᠠᠷᠠᠵᠦ᠍ ᠪᠠᠢᠭ᠎ᠠ ᠱᠢᠯᠢ᠎ᠳᠡᠭᠡᠨ
ᠮᠠᠨᠳᠤᠬᠤ ᠨᠠᠷᠠᠨᠢ ᠡᠷᠬᠦᠯ᠎ᠡ ᠬᠦ᠋
ᠠᠯᠲᠠᠨ ᠵᠢᠬᠦᠷ᠎ᠲᠠᠢ ᠴᠡᠭ᠌ᠴᠡᠦᠬᠡᠢᠨᠢ
ᠠᠮᠠᠳᠠᠵᠦ᠍ ᠳᠤᠰᠤᠭᠠᠳ ᠵᠢᠷᠬᠢᠨ᠎ᠠ ᠳ᠋ᠠ
ᠠᠪᠤ ᠯᠡ ᠡᠵᠢ᠎ᠶ᠋ᠢᠨ ᠨᠤᠲᠤᠭ᠎ᠨᠢ
ᠠᠶ᠎ᠠ ᠳᠠᠭᠤᠤ᠎ᠪᠠᠷ᠎ᠨᠢ ᠲᠠᠨᠢᠨ᠎ᠠ ᠳ᠋ᠠ
ᠳᠦᠷᠪᠡᠨ ᠨᠠᠰᠤᠳᠠᠢ ᠬᠠᠯᠢᠭᠤᠨ᠎ᠨᠢ
ᠪᠤᠴᠠᠬᠤ᠎ᠶ᠋ᠢ ᠮᠡᠳᠡᠬᠦ᠌ ᠦᠬᠡᠢ ᠱᠢᠨᠳᠠᠰᠤ᠎ᠲᠠᠢ
ᠲᠦᠷᠦᠭᠡ ᠵᠢᠬᠢᠭ᠌ᠰᠡᠨ ᠲᠠᠭᠤᠴᠢᠨ ᠮᠢᠨᠢ
ᠴᠤᠴᠠᠬᠤ᠎ᠶ᠋ᠢ ᠮᠡᠳᠡᠬᠦ᠌ ᠦᠬᠡᠢ ᠬᠤᠭᠤᠯᠠᠢ᠎ᠲᠠᠢ
ᠰᠦᠮᠡᠢᠨ ᠰᠦᠮᠡᠢᠨ ᠬᠠᠷᠠᠭ᠍ᠳᠠᠬᠤ᠎ᠨᠢ
ᠰᠦᠮᠡᠳᠡᠢ ᠪᠤᠳᠠᠷ᠎ᠤᠨ ᠴᠢᠯᠠᠭᠤ ᠶᠤ᠌ ᠳ᠋ᠠ
ᠰᠦᠷᠦᠭ᠎ᠢᠶᠠᠨ ᠭᠡᠯᠢᠭᠡᠳ ᠨᠠᠭᠠᠱᠢᠯᠠᠬᠤ᠎ᠨᠢ
ᠰᠦᠨᠢᠳ᠎ᠤᠨ ᠰᠠᠢᠬᠠᠨ ᠠᠬ᠎ᠠ ᠮᠢᠨᠤ ᠵᠧ
ᠠᠷᠤᠬᠠᠨ ᠬᠦᠪᠴᠢ᠎ᠶ᠋ᠢᠨ ᠳᠠᠭᠤᠤ
ᠠᠯᠤᠰ᠎ᠤᠨ ᠠᠯᠤᠰ᠎ᠲᠤ ᠬᠠᠩᠭᠢᠨᠠᠨ᠎ᠠ
ᠠᠳᠤᠭᠤᠨ ᠰᠦᠷᠦᠭ᠎ᠨᠢ ᠬᠡᠢᠮᠦᠷᠢᠯᠠᠨ
ᠠᠶ᠎ᠠ᠎ᠶ᠋ᠢ᠎ᠨᠢ ᠬᠤᠭᠤᠷᠳᠠᠨ ᠲᠡᠷᠭᠡᠨ᠎ᠡ