ᠵᠶ᠋ᠢ ᠯᠦ᠍ ᠪᠤᠭᠤᠮᠳᠠ᠂ ᠡᠨᠡ ᠬᠦ᠌ ᠬᠠᠨ ᠤᠯᠤᠰ᠎ᠤᠨ ᠡᠦ ᠳ᠋ᠢ ᠬᠠᠭᠠᠨ᠎ᠤ ᠶᠤᠸᠠᠨ ᠱᠸᠤ᠎ᠵᠢᠨ ᠭᠤᠷᠪᠠᠳᠤᠭᠠᠷ ᠣᠨ (ᠨᠡᠢᠲᠡ᠎ᠶ᠋ᠢᠨ ᠣᠨ ᠲᠣᠭᠠᠯᠠᠯ᠎ᠡᠴᠡ ᠡᠮᠦᠨ᠎ᠡ 120 ᠣᠨ) ᠳ᠋ᠤ᠌ ᠪᠠᠢᠭᠤᠯᠤᠭ᠍ᠳᠠᠭ᠍ᠰᠠᠨ ᠬᠠᠨ ᠤᠯᠤᠰ᠎ᠤᠨ ᠦᠶ᠎ᠡ᠎ᠶ᠋ᠢᠨ ᠤᠷᠲᠤ ᠴᠠᠭᠠᠨ ᠬᠡᠷᠡᠮ᠎ᠦᠨ ᠪᠤᠭᠤᠮᠳᠠ ᠨᠢ ᠶᠠᠭ ᠯᠠ ᠠᠪᠤᠷᠭᠤ ᠯᠣᠣ᠎ᠶ᠋ᠢᠨ ᠨᠢᠷᠤᠭᠤᠨ ᠳᠡᠭᠡᠷᠡᠬᠢ ᠬᠠᠮᠤᠭ ᠦᠨ ᠭᠢᠯᠠᠯᠵᠠᠮ᠎ᠠ ᠬᠠᠢᠷᠰᠤ ᠱᠢᠭ᠋ ᠮᠢᠩᠭᠠᠨ ᠣᠨ᠎ᠤ ᠲᠡᠷᠳᠡᠭᠡᠬᠢ ᠳᠠᠢᠨ᠎ᠦ ᠤᠲᠤᠭ᠎ᠠ ᠪᠠ ᠤᠯᠠᠷᠢᠯ ᠬᠤᠪᠢᠷᠠᠯ᠎ᠢ ᠨᠠᠮᠤᠭᠤᠬᠠᠨ ᠬᠦᠤᠷᠨᠢᠨ᠎ᠡ᠃
1963 ᠣᠨ᠎ᠳᠤ᠂ ᠪᠡᠭᠡᠵᠢᠩ ᠶᠡᠬᠡ ᠰᠤᠷᠭᠠᠭᠤᠯᠢ᠎ᠶ᠋ᠢᠨ ᠭᠠᠵᠠᠷ ᠵᠦᠢ᠎ᠶ᠋ᠢᠨ ᠤᠬᠠᠭᠠᠨᠲᠠᠨ ᠾᠧᠦ ᠷᠧᠨ ᡁᠢ ᠪᠣᠯᠤᠨ ᠬᠠᠭᠤᠴᠢ ᠰᠤᠳᠤᠯᠤᠭ᠍ᠴᠢ ᠢᠦᠢ ᠸᠧᠢ ᠴᠤᠤ ᠥᠪᠥᠷ ᠮᠣᠩᠭᠣᠯ᠎ᠤᠨ ᠪᠣᠷᠣᠲᠣᠬᠣᠢ ᠣᠷᠣᠨ᠎ᠳᠤ ᠬᠦᠷᠴᠦ᠍ ᠬᠠᠭᠤᠴᠢ ᠰᠤᠳᠤᠯᠤᠯ᠎ᠤᠨ ᠪᠠᠢᠴᠠᠭᠠᠯᠲᠠ ᠬᠢᠵᠦ᠍᠂ 《ᠬᠠᠨ ᠤᠯᠤᠰ᠎ᠤᠨ ᠤᠮᠠᠷᠠᠲᠤ᠎ᠶ᠋ᠢᠨ ᠮᠤᠨᠠ ᠠᠭᠤᠯᠠ᠎ᠶ᠋ᠢᠨ ᠣᠷᠣᠨ᠎ᠤ ᠠᠯᠳᠠᠷᠲᠤ ᠴᠡᠷᠢᠭ᠎ᠦᠨ ᠶᠠᠪᠤᠳᠠᠯ᠎ᠤᠨ ᠪᠡᠬᠢᠯᠡᠯᠲᠡ ᠵᠶ᠋ᠢ ᠯᠦ᠍ ᠪᠤᠭᠤᠮᠳᠠ》 ᠵᠢᠨ ᠪᠠᠢᠷᠢ ᠨᠢ ᠪᠠᠶᠠᠨᠨᠠᠭᠤᠷ ᠬᠤᠳᠠ᠎ᠶ᠋ᠢᠨ ᠳ᠋ᠸᠩᠺᠸᠤ ᠱᠢᠶᠠᠨ᠎ᠤ ᠬᠢᠯᠢ᠎ᠳᠦ ᠪᠠᠢᠬᠤ᠎ᠶ᠋ᠢ ᠨᠤᠲᠠᠯᠠᠪᠠ᠃
ᠡᠨᠡ ᠬᠦ᠌ ᠴᠢᠬᠤᠯᠠ ᠶᠡᠬᠡ ᠬᠠᠭᠤᠴᠢ ᠰᠤᠳᠤᠯᠤᠯ᠎ᠤᠨ ᠢᠯᠡᠷᠡᠭᠦᠯᠦᠯᠲᠡ ᠨᠢ ᠮᠢᠩᠭᠠᠨ ᠣᠨ᠎ᠤ ᠡᠷᠲᠡᠨ᠎ᠦ ᠪᠤᠭᠤᠮᠳᠠ᠎ᠶ᠋ᠢ 《ᠢᠯᠡ ᠭᠠᠷᠭᠠᠵᠤ》᠂ ᠤᠷᠳᠤ ᠴᠠᠭᠠᠨ ᠬᠡᠷᠡᠮ᠎ᠦᠨ ᠰᠣᠶᠣᠯ ᠵᠢᠴᠢ ᠳᠤᠮᠳᠠᠳᠤ᠎ᠶ᠋ᠢᠨ ᠰᠣᠶᠣᠯ᠎ᠳᠤ ᠥᠪᠡᠷᠮᠢᠴᠡ ᠷᠢᠳᠢ ᠱᠢᠳᠢ ᠨᠡᠮᠡᠷᠢᠯᠡᠭ᠌ᠰᠡᠨ ᠪᠠᠢᠨ᠎ᠠ᠃
62 ᠵᠢᠯ᠎ᠦᠨ ᠳᠠᠷᠠᠭᠠᠬᠢ ᠥᠨᠥᠳᠦᠷ᠂ ᠪᠢᠳᠡ ᠡᠨᠡ ᠬᠦ᠌ ᠥᠨᠢ ᠡᠷᠲᠡᠨ᠎ᠦ ᠨᠤᠲᠤᠭ ᠳᠡᠪᠢᠰᠭᠡᠷ ᠳᠡᠭᠡᠷ᠎ᠡ ᠬᠦᠷᠴᠦ᠍᠂ ᠬᠣᠶᠠᠷ ᠲᠤᠰᠭᠠᠶ ᠮᠡᠷᠭᠡᠵᠢᠯᠲᠡᠨ᠎ᠦ ᠮᠥᠷ᠎ᠢᠶᠡᠷ ᠵᠶ᠋ᠢ ᠯᠦ᠍ ᠪᠤᠭᠤᠮᠳᠠ᠎ᠶ᠋ᠢ ᠬᠠᠢᠪᠠ —
ᠴᠡᠷᠢᠭ᠎ᠦᠨ ᠶᠠᠪᠤᠳᠠᠯ᠎ᠤᠨ ᠴᠢᠬᠤᠯᠠ ᠪᠡᠬᠢᠯᠡᠯᠲᠡ᠎ᠵᠢᠨ ᠰᠦᠷ ᠵᠢᠪᠬᠤᠯᠠᠩ ᠪᠠ ᠣᠶᠤᠨ ᠪᠢᠯᠢᠭ᠎ᠦᠨ ᠨᠢᠭᠤᠴᠠ ᠨᠣᠮᠧᠷ
ᠵᠶ᠋ᠢ ᠯᠦ᠍ ᠪᠤᠭᠤᠮᠳᠠ ᠪᠣᠯ ᠳᠡᠨᠵᠢ ᠳᠡᠭᠡᠷ᠎ᠡ ᠪᠠᠢᠭᠤᠯᠤᠭ᠍ᠰᠠᠨ ᠴᠢᠯᠠᠭᠤᠨ ᠬᠣᠲᠠ ᠪᠣᠯᠤᠨ᠎ᠠ᠂ 18 ᠮᠧᠲ᠋ᠷ ᠥᠨᠳᠥᠷ ᠪᠠᠢᠳᠠᠭ᠃ ᠡᠨᠳᠡ ᠵᠣᠭ᠍ᠰᠣᠨ ᠪᠠᠷᠠᠯᠠᠬᠤ᠎ᠳᠤ᠂ ᠰᠡᠬᠦᠢᠨ ᠰᠦᠨᠳᠡᠷᠯᠡᠭ᠌ᠰᠡᠨ ᠪᠤᠭᠳᠠ ᠠᠭᠤᠯᠠ᠂ ᠲᠡᠭ᠌ᠰᠢ ᠴᠡᠯᠡᠭᠡᠷ ᠲᠠᠯ᠎ᠠ᠎ᠵᠢᠨ ᠪᠦᠬᠦ ᠦᠵᠡᠮᠵᠢ ᠬᠠᠷᠠᠭ᠍ᠳᠠᠨ᠎ᠠ᠃
ᠬᠠᠮᠲᠤ ᠶᠠᠪᠤᠭ᠎ᠠ ᠳ᠋ᠸᠩᠺᠸᠤ ᠱᠢᠶᠠᠨ᠎ᠤ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠯᠲᠠ᠎ᠶ᠋ᠢᠨ ᠲᠥᠪ᠎ᠦᠨ ᠰᠤᠳᠤᠯᠤᠭ᠍ᠴᠢ ᠸᠠᠩ ᠬᠤᠤ᠂ ᠴᠢᠨ ᠤᠯᠤᠰ ᠬᠠᠨ ᠤᠯᠤᠰ᠎ᠤᠨ ᠤᠷᠳᠤ ᠴᠠᠭᠠᠨ ᠬᠡᠷᠡᠮ ᠴᠦᠮ ᠬᠥᠬᠡᠬᠣᠲᠠ᠂ ᠪᠤᠭᠤᠲᠤ᠎ᠡᠴᠡ ᠪᠠᠶᠠᠨᠨᠠᠭᠤᠷ᠎ᠤᠨ ᠤᠷᠠᠳ᠎ᠤᠨ ᠳᠤᠮᠳᠠᠳᠤ ᠬᠣᠱᠢᠭᠤ ᠬᠦᠷᠲᠡᠯ᠎ᠡ ᠦᠷᠭᠦᠯᠵᠢᠯᠡᠵᠤ᠂ ᠮᠤᠨᠠ ᠠᠭᠤᠯᠠ ᠨᠢᠷᠤᠭᠤ᠎ᠵᠢ ᠳᠠᠭᠠᠨ ᠮᠤᠷᠤᠢᠯᠵᠠᠳᠠᠭ᠃ ᠮᠤᠨᠠ ᠠᠭᠤᠯᠠ ᠨᠢᠷᠤᠭᠤ᠎ᠶ᠋ᠢᠨ ᠪᠠᠷᠠᠭᠤᠨ ᠬᠡᠰᠡᠭ᠎ᠦᠨ ᠪᠤᠭᠳᠠ ᠠᠭᠤᠯᠠ᠎ᠶ᠋ᠢᠨ ᠬᠡᠰᠡᠭ᠎ᠲᠦ ᠣᠷᠣᠪᠠᠯ᠂ ᠠᠭᠤᠯᠠ ᠨᠢ ᠡᠭ᠌ᠴᠡ ᠠᠰᠭ᠎ᠠ ᠪᠣᠯᠵᠣ᠂ ᠪᠠᠢᠭᠠᠯᠢ᠎ᠶ᠋ᠢᠨ ᠬᠠᠯᠬᠠᠪᠴᠢ ᠪᠤᠯᠤᠨ ᠪᠦᠷᠢᠯᠳᠦᠳᠡᠭ᠃ ᠡᠢᠮᠦ᠍᠎ᠡᠴᠡ ᠪᠤᠭᠳᠠ ᠠᠭᠤᠯᠠ ᠳᠡᠭᠡᠷ᠎ᠡ ᠦᠷᠭᠦᠯᠵᠢᠯᠡᠭ᠌ᠰᠡᠨ ᠬᠡᠷᠡᠮ ᠪᠠᠷᠢᠭ᠍ᠰᠠᠨ ᠥᠬᠡᠶ᠂ ᠬᠠᠷᠢᠨ ᠨᠡᠪᠲᠡᠷᠡᠵᠦ᠍ ᠪᠣᠯᠬᠤ ᠠᠭᠤᠯᠠᠨ ᠬᠥᠨᠳᠡᠶ᠎ᠳᠦ ᠬᠠᠯᠬᠠᠪᠴᠢ ᠬᠣᠲᠠ ᠪᠠᠢᠭᠤᠯᠤᠭ᠍ᠰᠠᠨ ᠪᠠᠢᠨ᠎ᠠ᠂ ᠵᠶ᠋ᠢ ᠯᠦ᠍ ᠪᠤᠭᠤᠮᠳᠠ᠎ᠶ᠋ᠢᠨ ᠰᠡᠷᠭᠡᠢᠯᠡᠯᠲᠡ᠎ᠶ᠋ᠢᠨ ᠱᠢᠰᠲ᠋ᠧᠮ ᠪᠣᠯ ᠬᠠᠮᠤᠭ᠎ᠤᠨ ᠨᠡᠢᠲᠡᠯᠢᠭ ᠲᠥᠯᠥᠭᠡᠯᠡᠭ᠌ᠴᠢ ᠪᠣᠯᠤᠨ᠎ᠠ᠃
ᠵᠶ᠋ᠢ ᠯᠦ᠍ ᠪᠤᠭᠤᠮᠳᠠ᠎ᠶ᠋ᠢᠨ ᠰᠡᠷᠭᠡᠢᠯᠡᠯᠲᠡ᠎ᠶ᠋ᠢᠨ ᠱᠢᠰᠲ᠋ᠧᠮ ᠭᠡᠵᠦ᠍ ᠶᠠᠭᠤ ᠪᠣᠶ? ᠬᠠᠨ ᠤᠯᠤᠰ᠎ᠤᠨ ᠦᠶ᠎ᠠ᠎ᠳᠤ᠂ 《ᠪᠤᠭᠤᠮᠳᠠ》 ᠭᠡᠳᠡᠭ ᠨᠢ ᠤᠷᠲᠤ ᠴᠠᠭᠠᠨ ᠬᠡᠷᠡᠮ᠎ᠢ ᠵᠢᠭᠠᠵᠤ ᠪᠠᠢᠨ᠎ᠠ᠃ ᠠᠭᠤᠯᠠᠨ ᠴᠣᠭ᠍ᠴᠠ᠂ ᠬᠠᠯᠬᠠᠪᠴᠢ ᠬᠣᠲᠠ᠂ ᠪᠡᠬᠢᠯᠡᠯᠲᠡ᠂ ᠴᠣᠨᠵᠢ ᠪᠣᠯᠤᠨ ᠤᠮᠠᠷᠠᠲᠤ᠎ᠵᠢᠨ ᠵᠢᠶᠦ᠋ᠨ᠎ᠦ ᠪᠠᠷᠠᠭᠤᠨ ᠬᠡᠰᠡᠭ᠎ᠦᠨ ᠳ᠋ᠦ᠋ ᠸᠧᠶ ᠠᠯᠤᠰ᠎ᠡᠴᠡ ᠳᠠᠭᠤ ᠳᠠᠭᠤ ᠪᠠᠨ ᠠᠪᠤᠯᠴᠠᠨ᠂ ᠬᠠᠨ ᠤᠯᠤᠰ᠎ᠤᠨ ᠤᠮᠠᠷᠠᠲᠤ᠎ᠵᠢᠨ ᠵᠢᠶᠦ᠋ᠨ᠎ᠦ ᠪᠠᠷᠠᠭᠤᠨ ᠬᠣᠢᠲᠤ ᠬᠡᠰᠡᠭ᠎ᠦᠨ ᠪᠠᠢᠯᠳᠤᠬᠤ ᠪᠣᠳᠣᠯᠭ᠎ᠠ᠎ᠶ᠋ᠢᠨ ᠰᠡᠷᠭᠡᠢᠯᠡᠯᠲᠡ᠎ᠶ᠋ᠢᠨ ᠱᠢᠰᠲ᠋ᠧᠮ᠂ ᠳᠠᠷᠤᠶ ᠵᠢᠶ ᠯᠦ᠍ ᠪᠤᠭᠤᠮᠳᠠ᠎ᠶ᠋ᠢᠨ ᠰᠡᠷᠭᠡᠢᠯᠡᠯᠲᠡ᠎ᠶ᠋ᠢᠨ ᠱᠢᠰᠲ᠋ᠧᠮ᠎ᠢ ᠪᠦᠷᠢᠯᠳᠦᠭᠦᠯᠦᠭ᠌ᠰᠡᠨ ᠪᠠᠢᠨ᠎ᠠ᠃ ᠵᠢᠶ ᠯᠦ᠍ ᠪᠣᠭᠣᠮᠲᠠ᠎ᠶ᠋ᠢᠨ ᠬᠠᠯᠬᠠᠪᠴᠢ ᠬᠣᠲᠠ ᠪᠣᠯ ᠳᠠᠷᠤᠶ ᠡᠨᠡ ᠬᠡᠰᠡᠭ ᠰᠡᠷᠭᠡᠢᠯᠡᠯᠲᠡ᠎ᠶ᠋ᠢᠨ ᠱᠤᠭᠤᠮ᠎ᠤᠨ ᠵᠢᠯᠣᠭᠣᠳᠭᠤ ᠭᠠᠵᠠᠷ ᠪᠣᠯᠤᠨ᠎ᠠ᠃
ᠳ᠋ᠸᠡᠭ᠌ᠺᠸᠤ ᠣᠷᠣᠨ ᠪᠣᠯ ᠬᠠᠲᠤᠨ ᠭᠣᠣᠯ᠎ᠤᠨ ᠣᠯᠠᠨ ᠰᠠᠯᠠᠭ᠎ᠠ ᠤᠷᠤᠰᠭᠠᠯ᠎ᠲᠠᠶ ᠭᠠᠵᠠᠷ ᠪᠣᠯᠤᠨ᠎ᠠ᠃ 2000 ᠭᠠᠷᠤᠶ ᠵᠢᠯ᠎ᠦᠨ ᠡᠮᠦᠨ᠎ᠡ᠂ ᠬᠠᠲᠤᠨ ᠭᠤᠤᠯ᠎ᠤᠨ ᠡᠷᠲᠡᠨ᠎ᠦ ᠭᠤᠤᠯ᠎ᠤᠨ ᠵᠠᠮ᠎ᠨᠢ ᠵᠶ᠋ᠢ ᠯᠦ᠍ ᠪᠤᠭᠤᠮᠳᠠ᠎ᠶ᠋ᠢᠨ ᠳᠤᠤᠷ᠎ᠠ ᠨᠠᠮᠤᠭ᠎ᠤᠨ ᠤᠷᠤᠰᠴᠤ᠌᠂ ᠪᠣᠷᠣᠲᠣᠬᠣᠶ᠎ᠶ᠋ᠢᠨ ᠲᠠᠯ᠎ᠠ ᠭᠠᠵᠠᠷ᠎ᠢ ᠤᠮᠳᠠᠯᠠᠵᠤ᠂ ᠭᠠᠵᠠᠷ ᠰᠢᠷᠤᠢ ᠥᠩ ᠱᠢᠮᠡᠯᠢᠭ᠂ ᠡᠪᠡᠰᠦ ᠪᠡᠯᠴᠢᠭᠡᠷ ᠢᠭ᠍ᠴᠤ ᠰᠠᠬᠤᠯᠢᠭ ᠪᠠᠢᠬᠤ ᠥᠩᠭᠡ ᠦᠵᠡᠮᠵᠢ ᠢᠯᠡᠷᠡᠪᠡ᠃
ᠵᠶ᠋ᠢ ᠯᠦ᠍ ᠪᠤᠭᠤᠮᠳᠠ᠎ᠪᠠᠷ ᠠᠯᠬᠤᠯᠠᠨ ᠬᠤᠳᠠ᠎ᠶ᠋ᠢᠨ ᠬᠠᠭᠠᠯᠭ᠎ᠠ᠎ᠪᠠᠷ ᠥᠩᠭᠡᠷᠡᠵᠦ᠂ 2000 ᠣᠨ᠎ᠤ ᠬᠤᠳᠠ ᠪᠠᠢᠭᠤᠯᠤᠭ᠍ᠰᠠᠨ ᠴᠢᠯᠠᠭᠤᠨ᠎ᠤ ᠬᠣᠲᠣᠭᠣᠷ ᠭᠦᠳᠦᠭᠦᠷ ᠵᠢᠷᠤᠭᠠᠰᠤ᠎ᠵᠢ ᠲᠡᠮᠲᠡᠷᠢᠬᠦ᠌ᠳᠦ᠂ ᠲᠡᠦᠬᠡ᠎ᠵᠢᠨ ᠬᠦᠨ ᠵᠤᠵᠠᠭᠠᠨ ᠰᠠᠭᠤᠭ᠍ᠳᠠᠯ ᠲᠦᠷᠦᠭᠳᠡᠨ᠎ᠡ᠃
ᠵᠶ᠋ᠢ ᠯᠦ᠍ ᠪᠤᠭᠤᠮᠳᠠ᠎ᠶ᠋ᠢᠨ ᠡᠮᠦᠨ᠎ᠡ ᠡᠭᠦᠳᠡ᠎ᠪᠡᠷ ᠣᠷᠣᠪᠠᠯ ᠳᠠᠷᠤᠶ ᠵᠡᠭᠦᠨᠰᠢ ᠪᠠᠷᠠᠭᠤᠨᠰᠢ ᠬᠠᠨᠳᠤᠭ᠍ᠰᠠᠨ ᠨᠢᠭᠡ ᠲᠠᠰᠤᠯᠭ᠎ᠠ 《ᠬᠡᠷ》 ᠪᠠᠢᠵᠤ᠂ ᠳᠣᠲᠣᠭ᠍ᠰᠢ ᠣᠷᠣᠪᠠᠯ᠂ ᠬᠣᠲᠠ᠎ᠶ᠋ᠢᠨ ᠬᠡᠷᠡᠮ᠎ᠳᠤ ᠪᠦᠰᠡᠯᠡᠭᠳᠡᠭᠰᠡᠨ ᠰᠡᠷᠡᠭᠳᠡᠯ ᠲᠦᠷᠦᠭᠳᠡᠨ᠎ᠡ᠃ ᠸᠠᠩ ᠬᠤᠤ᠄ 《ᠡᠨᠡ ᠪᠣᠯ ᠵᠶ᠋ᠢ ᠯᠦ᠍ ᠪᠤᠭᠤᠮᠳᠠ᠎ᠶ᠋ᠢᠨ ᠭᠣᠣᠯ ᠡᠭᠦᠳᠡᠨ᠎ᠦ ᠭᠠᠳᠠᠨ᠎ᠠ ᠪᠠᠢᠭᠤᠯᠤᠭ᠍ᠰᠠᠨ ᠤᠷᠳᠤ ᠳᠥᠷᠪᠡᠯᠵᠢᠨ ᠬᠡᠯᠪᠡᠷᠢᠲᠡᠢ ᠬᠠᠯᠬᠠᠭ᠎ᠠ ᠬᠤᠳᠠ ᠪᠣᠯᠤᠨ᠎ᠠ᠂ ᠬᠤᠳᠠ᠎ᠶ᠋ᠢᠨ ᠭᠣᠣᠯ ᠡᠭᠦᠳᠡ ᠪᠣᠯᠤᠨ ᠬᠠᠯᠬᠠᠭ᠎ᠠ ᠬᠤᠳᠠ᠎ᠶ᠋ᠢᠨ ᠡᠭᠦᠳᠡ᠎ᠶ᠋ᠢ ᠵᠡᠷᠭᠡ᠎ᠪᠡᠷ ᠬᠠᠭᠠᠬᠤ ᠦᠶ᠎ᠡ᠎ᠳᠦ ᠮᠤᠬᠤᠷ ᠭᠤᠳᠤᠮᠵᠢ ᠪᠣᠯᠤᠨ ᠪᠦᠷᠢᠯᠳᠦᠵᠦ᠍᠂ ᠬᠤᠳᠠ᠎ᠶ᠋ᠢᠨ ᠬᠡᠷᠡᠮ ᠳᠡᠭᠡᠷᠡᠬᠢ ᠴᠡᠷᠢᠭ ᠲᠦᠷᠪᠡᠨ ᠵᠦᠭ ᠨᠠᠢ᠍ᠮᠠᠨ ᠵᠣᠪᠬᠢᠰ᠎ᠡᠴᠡ ᠬᠠᠷᠪᠤᠵᠤ ᠪᠣᠯᠤᠨ᠎ᠠ᠂ ᠳᠠᠢᠰᠤᠨ᠎ᠤ ᠴᠡᠷᠢᠭ ᠤᠷᠤᠵᠤ ᠢᠷᠡᠪᠡᠯ ᠭᠠᠷᠴᠤ ᠳᠡᠢᠯᠬᠦ ᠦᠭᠡᠢ᠂ ᠡᠨᠡ ᠪᠣᠯ ᠳᠠᠷᠤᠢ 〈ᠪᠣᠳᠣᠩ ᠳᠣᠲᠣᠷ᠎ᠠ᠎ᠡᠴᠡ ᠵᠢᠭᠠᠰᠤ ᠪᠠᠷᠢᠬᠤ〉 ᠪᠠᠢᠯᠳᠤᠬᠤ ᠠᠷᠭ᠎ᠠ ᠪᠣᠯᠤᠨ᠎ᠠ᠂ ᠮᠥᠨ ᠴᠦ᠍ ᠬᠠᠯᠬᠠᠭ᠎ᠠ ᠬᠤᠳᠠ᠎ᠶ᠋ᠢᠨ ᠭᠠᠢᠬᠠᠮᠱᠢᠭ᠍ᠲᠤ ᠲᠠᠯ᠎ᠠ ᠪᠣᠯᠤᠨ᠎ᠠ》 ᠭᠡᠪᠡ᠃
ᠵᠶ᠋ᠢ ᠯᠦ᠍ ᠪᠤᠭᠤᠮᠲᠠ᠎ᠶ᠋ᠢᠨ ᠡᠷᠲᠡᠨ᠎ᠦ ᠬᠠᠯᠬᠠᠭ᠎ᠠ ᠬᠤᠳᠠ ᠨᠢ ᠵᠡᠭᠦᠨᠰᠢ ᠪᠠᠷᠠᠭᠤᠨᠰᠢ 21 ᠮᠸᠲᠷ ᠤᠷᠳᠤ᠂ ᠡᠮᠦᠨᠡᠰᠢ ᠤᠮᠠᠷᠠᠰᠢ 14 ᠮᠸᠲᠷ ᠥᠷᠭᠡᠨ ᠪᠠᠢᠵᠤ᠂ ᠤᠳᠤ ᠪᠣᠯᠲᠠᠯ᠎ᠠ ᠬᠠᠳᠠᠭᠠᠯᠠᠭ᠍ᠳᠠᠵᠤ ᠦᠯᠡᠳᠡᠵᠡᠢ᠃ ᠥᠪᠥᠷ ᠮᠣᠩᠭᠣᠯ᠎ᠳᠤ ᠦᠨᠡᠬᠡᠷ ᠬᠣᠪᠣᠷ ᠲᠤᠬᠢᠶᠠᠯᠳᠤᠳᠠᠭ ᠶᠤᠮ᠃
ᠬᠠᠯᠬᠠᠭ᠎ᠠ ᠬᠤᠳᠠ᠎ᠡᠴᠡ 20 ᠮᠧᠲ᠋ᠷ ᠱᠢᠬᠠᠮ ᠬᠣᠩᠭᠢᠯ᠎ᠢ ᠳᠤᠭᠤᠯᠤᠨ ᠭᠣᠣᠯ ᠬᠣᠲᠠ᠎ᠳᠤ ᠣᠷᠣᠬᠤ᠎ᠳᠤ᠂ ᠬᠠᠷᠠᠭ᠎ᠠ ᠳᠣᠣᠷ᠎ᠠ᠎ᠪᠠᠨ ᠥᠷᠭᠡᠵᠢᠪᠡ᠃ 《ᠵᠢᠶ ᠯᠦ᠍ ᠪᠤᠭᠤᠮᠲᠠ ᠪᠣᠯ ᠲᠡᠭ᠌ᠰᠢ ᠳᠥᠷᠪᠡᠯᠵᠢᠨ ᠬᠡᠯᠪᠡᠷᠢ᠎ᠶ᠋ᠢᠨ ᠡᠷᠲᠡᠨ᠎ᠦ ᠬᠣᠲᠠ ᠮᠥᠨ᠂ ᠬᠠᠵᠠᠭᠤ᠎ᠶ᠋ᠢᠨ ᠣᠷᠳᠣ ᠨᠢ 69 ᠮᠧᠲ᠋ᠷ᠂ ᠬᠣᠲᠠ᠎ᠶ᠋ᠢᠨ ᠬᠡᠷᠡᠮ᠎ᠦᠨ ᠰᠠᠭᠤᠷᠢ᠎ᠶ᠋ᠢᠨ ᠥᠷᠭᠡᠨ ᠨᠢ 5.3 ᠮᠧᠲ᠋ᠷ᠂ ᠣᠷᠣᠶ᠎ᠶ᠋ᠢᠨ ᠥᠷᠭᠡᠨ ᠨᠢ 3.7 ᠮᠧᠲ᠋ᠷ᠂ ᠥᠨᠳᠥᠷ ᠨᠢ 5 ᠡᠴᠡ 8 ᠮᠧᠲ᠋ᠷ ᠪᠠᠢᠵᠤ᠂ ᠬᠡᠪᠴᠢᠶ᠎ᠡ ᠨᠢ ᠨᠡᠯᠢᠶᠡᠳ ᠶᠡᠬᠡ᠂ ᠵᠡᠷᠭᠡ ᠳᠡᠰ ᠨᠢ ᠨᠡᠯᠢᠶᠡᠳ ᠥᠨᠳᠥᠷ ᠪᠠᠢᠵᠤ᠂ ᠬᠣᠲᠠ᠎ᠶ᠋ᠢᠨ ᠬᠡᠷᠡᠮ᠎ᠢ ᠴᠦ᠍ ᠮᠠᠰᠢ ᠥᠷᠭᠡᠨ ᠵᠠᠰᠠᠵᠤ ᠪᠠᠢᠨ᠎ᠠ》 ᠭᠡᠵᠦ᠍ ᠸᠠᠩ ᠬᠤᠤ ᠲᠠᠨᠢᠯᠴᠠᠭᠤᠯᠪᠠ᠃
ᠬᠣᠲᠠ᠎ᠶ᠋ᠢᠨ ᠬᠡᠷᠡᠮ᠎ᠦᠨ ᠳᠣᠲᠣᠷ᠎ᠠ ᠲᠠᠯ᠎ᠠ᠎ᠶ᠋ᠢᠨ ᠵᠡᠭᠦᠨ ᠡᠮᠦᠨ᠎ᠡ ᠥᠨᠴᠥᠭᠲᠦ ᠨᠠᠯᠠᠸ᠋ ᠬᠥᠲᠥᠯ᠎ᠲᠡᠶ᠂ ᠶᠠᠭ ᠣᠲᠣ ᠦᠶ᠎ᠡ᠎ᠶ᠋ᠢᠨ ᠲᠦᠷᠭᠡᠨ᠎ᠤ ᠵᠠᠰᠠᠮᠠᠯ ᠵᠠᠮ᠎ᠤᠨ ᠪᠠᠴᠢᠮ ᠪᠠᠢᠳᠠᠯ᠎ᠢ ᠠᠷᠭᠠᠴᠠᠭᠠᠬᠤ ᠲᠡᠷᠭᠡᠨ ᠵᠠᠮ ᠰᠢᠬ ᠪᠠᠢᠵᠤ᠂ᠡᠷᠲᠡᠨ᠎ᠦ ᠬᠥᠮᠦᠰ ᠮᠤᠷᠢᠨ ᠵᠠᠮ ᠪᠤᠶᠤ ᠭᠢᠰᠭᠢᠬᠦ᠌ ᠵᠠᠮ ᠭᠡᠳᠡᠭ᠃ ᠸᠠᠩ ᠬᠤᠤ᠂ ᠮᠤᠷᠢᠨ ᠵᠠᠮ ᠪᠣᠯ ᠴᠡᠷᠢᠭ᠎ᠦᠨ ᠪᠠᠢᠳᠠᠯ ᠪᠠᠴᠢᠮ ᠪᠣᠯᠬᠤ ᠦᠶ᠎ᠡ᠎ᠳᠦ ᠪᠠᠢᠯᠳᠤᠭ᠍ᠴᠢᠳ᠎ᠤᠨ ᠬᠣᠲᠠ᠎ᠶ᠋ᠢᠨ ᠬᠡᠷᠡᠮ ᠳᠡᠭᠡᠷ᠎ᠡ ᠲᠦᠷᠭᠡᠨ᠎ᠢᠶᠡᠷ ᠭᠠᠷᠬᠤ ᠴᠢᠬᠤᠯᠠ ᠵᠠᠮ ᠪᠠᠢᠵᠤ᠂ ᠡᠳ᠋ ᠪᠣᠳᠠᠰ᠂ ᠠᠮᠤ ᠬᠦᠨᠡᠰᠦ᠎ᠶ᠋ᠢ ᠴᠦ᠍ ᠲᠡᠭᠦᠨ᠎ᠢᠶᠡᠷ ᠳᠠᠮᠵᠢᠭᠤᠯᠤᠨ ᠬᠣᠲᠠ᠎ᠶ᠋ᠢᠨ ᠬᠡᠷᠡᠮ ᠳᠡᠭᠡᠷ᠎ᠡ ᠠᠮᠠᠷᠬᠠᠨ ᠵᠥᠭᠡᠭᠡᠪᠦᠷᠢᠯᠡᠨ ᠠᠪᠠᠴᠢᠵᠤ ᠪᠣᠯᠤᠨ᠎ᠠ ᠭᠡᠵᠦ ᠲᠠᠨᠢᠯᠴᠠᠭᠤᠯᠪᠠ᠃
ᠵᠶ᠋ᠢ ᠯᠦ᠍ ᠪᠤᠭᠤᠮᠲᠠ᠎ᠳᠤ᠂ ᠬᠠᠯᠬᠠᠭ᠎ᠠ ᠬᠤᠳᠠ᠂ ᠮᠤᠷᠢᠨ ᠵᠠᠮ᠂ ᠲᠦᠷᠪᠡᠨ ᠥᠨᠴᠥᠭ᠎ᠲᠤ ᠲᠠᠪᠴᠠᠩ᠂ ᠰᠡᠷᠭᠡᠢᠯᠡᠯᠲᠡ᠎ᠶ᠋ᠢᠨ ᠴᠢᠨᠠᠷᠲᠠᠢ ᠣᠷᠣᠨ ᠵᠠᠢ ᠵᠢᠨ ᠪᠠᠢᠷᠢᠱᠢᠭᠤᠯᠤᠯᠲᠠ ᠨᠢᠭᠡ ᠪᠦᠷᠢ᠎ᠳᠤ ᠴᠦᠮ ᠡᠷᠲᠡᠨ᠎ᠦ ᠬᠥᠮᠦᠰ᠎ᠦᠨ ᠤᠶᠤᠨ ᠤᠬᠠᠭᠠᠨ ᠨᠢᠭᠤᠭ᠍ᠳᠠᠵᠤ ᠪᠠᠢᠳᠠᠭ᠃
ᠦᠩᠭᠡᠷᠡᠭᠰᠡᠨ᠎ᠢ ᠡᠷᠭᠢᠴᠡᠭᠦᠯᠬᠦᠶ᠎ᠡ᠂ ᠥᠷ᠎ᠦᠨ ᠲᠤᠶᠠᠭ᠎ᠠ ᠬᠢᠯᠠᠯᠵᠠᠵᠤ᠂ ᠠᠯᠳᠠᠨ ᠱᠢᠷᠭᠠᠯ ᠨᠠᠷᠠᠨ᠎ᠤ ᠭᠡᠷᠡᠯ ᠵᠶ᠋ᠢ ᠯᠦ᠍ ᠪᠤᠭᠤᠮᠲᠠ᠎ᠶ᠋ᠢᠨ ᠬᠤᠳᠠ ᠪᠠᠯᠭᠠᠰᠤᠨ᠎ᠳᠤ ᠲᠤᠰᠴᠤ᠂ ᠪᠣᠯᠪᠠᠰᠤᠷᠠᠯ᠎ᠤᠨ ᠲᠠᠯᠠᠪᠠᠢ᠎ᠡᠴᠡ ᠮᠤᠷᠢᠨ ᠲᠦᠪᠡᠷᠬᠡᠨ ᠲᠤᠭᠤᠯᠳᠠᠵᠤ᠂ ᠲᠣᠭᠣᠰᠣ ᠮᠠᠨᠠᠷᠠᠨ᠎ᠠ; ᠰᠤᠷ ᠬᠠᠷᠪᠤᠬᠤ ᠲᠣᠭᠣᠷᠢᠭ ᠲᠤ᠌᠂ ᠨᠤᠮᠤ ᠬᠠᠷᠪᠤᠭᠠᠴᠢᠳ᠂ ᠬᠥᠳᠡᠯᠦᠯ ᠪᠠᠷᠢᠯ ᠨᠢ ᠢᠷᠪᠢᠰ ᠠᠳᠠᠯᠢ ᠬᠤᠷᠴᠠ ᠱᠠᠯᠠᠮᠠᠭᠠᠢ ᠪᠠᠢᠯ᠎ᠠ ᠁ ᠠᠮᠢᠵᠢᠷᠠᠯ᠎ᠤᠨ ᠬᠦᠴᠦᠨ ᠪᠠᠳᠠᠷᠠᠭᠰᠠᠨ ᠲᠡᠦᠬᠡ᠎ᠶ᠋ᠢᠨ ᠵᠢᠷᠤᠭ ᠳᠦᠷᠰᠦ ᠲᠡᠯᠭᠡᠭᠳᠡᠨ᠎ᠡ᠃
ᠬᠠᠭᠤᠴᠢ ᠰᠤᠳᠤᠯᠤᠭ᠍ᠴᠢᠳ ᠵᠢᠶ ᠯᠦ᠍ ᠪᠤᠭᠤᠮᠲᠠ ᠵᠢᠨ ᠡᠷᠲᠡᠨ᠎ᠦ ᠬᠣᠲᠠ᠎ᠡᠴᠡ ᠬᠠᠨ ᠤᠯᠤᠰ᠎ᠤᠨ ᠦᠶ᠎ᠡ᠎ᠶ᠋ᠢᠨ ᠳᠡᠭᠡᠰᠦᠨᠦ ᠬᠡ᠎ᠲᠡᠶ ᠲᠣᠭᠣᠰᠭ᠎ᠠ᠂ ᠸᠠᠭᠠᠷ᠂ ᠫᠧᠩᠰᠡ ᠵᠢᠴᠢ ᠵᠡᠰ ᠵᠡᠪᠡ᠂ ᠬᠣᠯᠬᠣᠪᠴᠢ ᠨᠤᠮᠤ ᠵᠢᠨ ᠤᠭ᠍ᠰᠠᠷᠠᠭ᠎ᠠ ᠲᠣᠨᠣᠭ ᠵᠡᠷᠭᠡ᠎ᠶ᠋ᠢ ᠢᠯᠡᠷᠡᠭᠦᠯᠪᠡ᠃ ᠣᠲᠣ ᠵᠢᠶ ᠯᠦ᠍ ᠪᠤᠭᠤᠮᠲᠠ ᠵᠢᠨ ᠡᠷᠬᠢᠨ ᠲᠣᠭᠣᠷᠢᠨ᠎ᠳᠤ ᠪᠠᠰᠠ ᠶᠡᠬᠡ ᠲᠥᠯᠥᠪ ᠪᠦᠷᠢᠨ ᠪᠦᠲᠦᠨ 19 ᠴᠣᠨᠵᠢ ᠪᠣᠶ᠂ ᠡᠲᠡᠭᠡᠷ ᠨᠢ ᠴᠦᠮ ᠵᠢᠶ ᠯᠦ᠍ ᠪᠤᠭᠤᠮᠲᠠ ᠵᠢᠨ ᠲᠡᠦᠬᠡ᠎ᠶ᠋ᠢ ᠰᠤᠳᠤᠯᠬᠤ᠎ᠳᠤ ᠪᠤᠳᠠᠳᠤ ᠭᠡᠷᠡᠴᠢ ᠪᠠᠷᠢᠮᠲᠠ ᠬᠠᠩᠭᠠᠭ᠍ᠰᠠᠨ ᠪᠠᠢᠨ᠎ᠠ᠃
2006 ᠣᠨ᠎ᠳᠤ ᠵᠢᠶ ᠯᠦ᠍ ᠪᠤᠭᠤᠮᠲᠠ ᠵᠢᠨ ᠪᠠᠭᠤᠷᠢ ᠨᠢ ᠵᠢᠷᠭᠤᠳᠤᠭᠠᠷ ᠪᠦᠯᠦᠭ᠎ᠦᠨ ᠪᠦᠬᠦ᠌ ᠤᠯᠤᠰ᠎ᠤᠨ ᠭᠣᠣᠯᠳᠠᠯᠭ᠎ᠠ᠎ᠲᠠᠶ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠯᠲᠠ᠎ᠶ᠋ᠢᠨ ᠨᠢᠭᠡᠴᠢ᠎ᠳᠦ ᠵᠢᠭ᠍ᠰᠠᠭᠠᠭ᠍ᠳᠠᠪᠠ᠃
ᠪᠠᠷᠲᠠᠭᠠᠲᠤ ᠪᠣᠭᠣᠮᠲᠠ ᠵᠢᠨ ᠪᠤᠭᠤᠷᠤᠯ ᠲᠡᠦᠬᠡ ᠪᠠ ᠡᠷᠲᠡᠨ᠎ᠦ ᠳᠣᠮᠣᠭ
《ᠲᠡᠦᠬᠡᠨ ᠳᠡᠭᠡᠷ᠎ᠡ᠂ ᠵᠢᠶ ᠯᠦ᠍ ᠪᠤᠭᠤᠮᠲᠠ᠎ᠳᠤ ᠬᠣᠶᠠᠷ ᠶᠡᠬᠡ ᠶᠠᠪᠤᠳᠠᠯ ᠭᠠᠷᠴᠤ᠌ ᠥᠩᠭᠡᠷᠡᠵᠡᠶ》᠃ ᠸᠠᠩ ᠬᠤᠤ᠎ᠶ᠋ᠢᠨ ᠦᠭᠡ ᠨᠢ ᠪᠢᠳᠡᠨ᠎ᠦ ᠪᠣᠳᠣᠯ ᠰᠠᠨᠠᠭ᠎ᠠ᠎ᠶ᠋ᠢ ᠠᠯᠤᠰ ᠬᠡᠲᠦ᠍᠎ᠶ᠋ᠢᠨ ᠲᠡᠤᠬᠡ ᠲᠡᠢᠰᠢ ᠬᠦᠲᠦᠯᠪᠡ᠃
ᠨᠢᠭᠡᠳᠦᠭᠡᠷ ᠶᠡᠬᠡ ᠶᠠᠪᠤᠳᠠᠯ ᠪᠣᠯ ᠬᠣ᠌ ᠬᠠᠨ ᠶᠧ ᠴᠠᠨ ᠢᠦᠢ ᠴᠠᠩ ᠠᠨ ᠬᠤᠲᠠ᠎ᠡᠴᠡ ᠪᠤᠴᠠᠬᠤ᠎ᠳᠠᠭᠠᠨ ᠬᠠᠨ ᠤᠯᠤᠰ᠎ᠤᠨ ᠳᠠᠷᠤᠭ᠎ᠠ ᠪᠠᠢᠯᠳᠤᠭ᠍ᠴᠢᠳ ᠵᠢᠴᠢ ᠬᠢᠯᠢ ᠵᠢᠨ ᠵᠢᠶᠦ᠋ᠨ᠎ᠤ ᠴᠡᠷᠢᠭ᠎ᠦᠨ ᠬᠦᠴᠦᠨ᠎ᠦ ᠬᠠᠮᠠᠭᠠᠯᠠᠯ ᠳᠣᠣᠷ᠎ᠠ ᠵᠢᠶ ᠯᠦ᠍ ᠪᠤᠭᠤᠮᠲᠠ ᠪᠡᠷ ᠠᠮᠤᠷ ᠲᠦᠪᠱᠢᠨ ᠥᠩᠭᠡᠷᠡᠪᠡ᠃ ᠬᠣᠶᠠᠳᠤᠭᠠᠷ ᠶᠡᠬᠡ ᠶᠠᠪᠤᠳᠠᠯ ᠪᠣᠯ ᠵᠡᠭᠦᠨ ᠬᠠᠨ ᠤᠯᠤᠰ᠎ᠤᠨ ᠶᠦᠩ ᠶᠤᠸᠠᠨ᠎ᠤ ᠠᠩᠬᠠᠨ᠎ᠤ ᠵᠢᠯ (89 ᠣᠨ) ᠳ᠋ᠤ᠌᠂ ᠵᠠᠩᠵᠤᠨ ᠳ᠋ᠧᠦ ᠱᠢᠶᠠᠨ ᠵᠢᠶ ᠯᠦ᠍ ᠪᠤᠭᠤᠮᠲᠠ᠎ᠡᠴᠡ ᠮᠤᠷᠳᠠᠨ ᠤᠮᠠᠷᠠᠰᠢ ᠾᠦᠩᠨᠦ᠍᠎ᠶ᠋ᠢ ᠳᠠᠢᠯᠠᠵᠤ᠂ ᠶᠠᠨ ᠷᠠᠨ ᠱᠠᠨ ᠠᠭᠤᠯᠠ ᠬᠦᠷᠲᠡᠯ᠎ᠡ ᠪᠠᠢᠯᠳᠤᠭᠠᠳ ᠶᠡᠬᠡ ᠢᠯᠠᠯᠲᠠ ᠣᠯᠵᠤ᠂ ᠤᠮᠠᠷᠠᠲᠤ ᠾᠦᠩᠨᠦ᠍ ᠵᠢᠨ ᠴᠠᠨ ᠢᠦᠶ᠎ᠶ᠋ᠢᠨ ᠭᠣᠣᠯ ᠬᠦᠴᠦᠨ᠎ᠢ ᠪᠠᠷᠤᠭ ᠪᠦᠬᠦᠨ᠎ᠢ ᠰᠥᠨᠥᠭᠡᠵᠡᠶ᠃ ᠡᠭᠦᠨ᠎ᠢ 《ᠬᠣᠢᠲᠤ ᠬᠠᠨ ᠤᠯᠤᠰ᠎ᠤᠨ ᠪᠢᠴᠢᠭ· ᠳ᠋ᠧᠦ ᠱᠢᠶᠠᠨ᠎ᠤ ᠨᠠᠮᠲᠠᠷ》 ᠲᠤ᠌ ᠲᠣᠳᠣᠷᠬᠠᠶ ᠲᠡᠮᠳᠡᠭ᠌ᠯᠡᠭ᠌ᠰᠡᠨ ᠪᠠᠢᠳᠠᠭ᠃
ᠵᠢᠶ ᠯᠦ᠍ ᠪᠤᠭᠤᠮᠲᠠ ᠨᠢ ᠲᠤᠬᠠᠶ᠎ᠶ᠋ᠢᠨ ᠦᠶ᠎ᠡ᠎ᠳᠦ ᠵᠦᠩᠶᠤᠸᠠᠨ ᠣᠷᠣᠨ ᠪᠣᠯᠤᠨ ᠤᠮᠠᠷᠠᠲᠤ ᠣᠷᠣᠨ᠎ᠢ ᠬᠣᠯᠪᠣᠭ᠍ᠰᠠᠨ ᠴᠢᠬᠤᠯᠠ ᠵᠠᠮ ᠵᠢᠴᠢ ᠴᠡᠷᠢᠭ᠎ᠦᠨ ᠶᠠᠪᠤᠳᠠᠯ᠎ᠤᠨ ᠴᠢᠬᠤᠯᠠ ᠪᠣᠭᠣᠮᠲᠠ ᠪᠣᠯᠬᠤ ᠪᠠᠢᠷᠢ ᠰᠠᠭᠤᠷᠢ ᠨᠢ ᠳᠠᠬᠢᠨᠲᠠ ᠲᠣᠪᠣᠢᠮ᠎ᠠ ᠪᠣᠯᠪᠠ᠃
ᠲᠡᠦᠬᠡ᠎ᠶ᠋ᠢᠨ ᠤᠷᠳᠤ ᠠᠶᠠᠨ᠎ᠳᠤ᠂ ᠲᠠᠢᠨ ᠪᠠᠢᠯᠳᠤᠭᠠᠨ᠎ᠤ ᠦᠢᠮᠡᠭᠡᠨ ᠳᠡᠪᠵᠢᠶᠡᠨ᠎ᠡᠴᠡ ᠭᠠᠳᠠᠨ᠎ᠠ ᠪᠠᠰᠠ ᠨᠠᠮ ᠵᠢᠮ ᠠᠮᠤᠷ ᠠᠮᠤᠭᠤᠯᠠᠩ ᠭᠠᠵᠠᠷ ᠪᠤᠢ᠂ ᠲᠡᠨᠳᠡᠬᠢ ᠨᠢ ᠪᠤᠯ ᠰᠣᠶᠣᠯ ᠠᠭᠤᠰᠤᠯᠴᠠᠭ᠍ᠰᠠᠨ ᠭᠠᠷᠠᠮ ᠪᠤᠯᠤᠩ ᠪᠤᠯᠤᠨ᠎ᠠ᠃ ᠵᠢᠶ ᠯᠦ᠍ ᠪᠤᠭᠤᠮᠲᠠ ᠨᠢ ᠵᠦᠩᠶᠤᠸᠠᠨ ᠣᠷᠣᠨ᠎ᠤ ᠲᠠᠷᠢᠶᠠᠯᠠᠬᠤ ᠰᠣᠶᠣᠯ ᠪᠣᠯᠤᠨ ᠤᠮᠠᠷᠠᠲᠤ᠎ᠶ᠋ᠢᠨ ᠨᠡᠭᠦᠳᠡᠯ ᠮᠠᠯᠵᠢᠯ᠎ᠤᠨ ᠰᠣᠶᠣᠯ᠎ᠤᠨ ᠬᠣᠭᠣᠷᠣᠨᠳᠣᠬᠢ ᠮᠥᠷᠭᠥᠯᠳᠦᠯ᠂ ᠰᠣᠯᠢᠯᠴᠠᠭ᠎ᠠ ᠪᠣᠯᠤᠨ ᠠᠭᠤᠰᠤᠯᠴᠠᠯ᠎ᠢ ᠭᠡᠷᠡᠴᠢᠯᠡᠵᠦ᠂ ᠡᠶ᠎ᠡ ᠵᠣᠬᠢᠴᠠᠩᠭᠤᠢ ᠦᠵᠡᠰᠭᠦᠯᠡᠩᠲᠤ ᠰᠠᠢᠬᠠᠨ ᠦᠵᠡᠭ᠌ᠳᠡᠯ ᠪᠠᠢᠳᠠᠯ᠎ᠢ ᠵᠢᠷᠤᠭ᠍ᠯᠠᠪᠠ᠃
ᠵᠢᠶ ᠯᠦ᠍ ᠪᠤᠭᠤᠮᠲᠠ᠎ᠳᠤ ᠪᠠᠰᠠ 《ᠡᠩᠬᠡ ᠲᠠᠢᠪᠤᠩ᠎ᠤᠨ ᠡᠯᠴᠢ》 ᠸᠠᠩ ᠵᠤᠤ ᠵᠢᠶᠦ᠋ᠨ᠎ᠲᠡᠶ ᠬᠠᠮᠢᠶᠠᠲᠠᠶ ᠨᠢᠭᠡᠨ ᠡᠷᠲᠡᠨ᠎ᠦ ᠳᠣᠮᠣᠭ ᠪᠠᠢᠳᠠᠭ᠃
ᠨᠡᠢᠲᠡ᠎ᠶ᠋ᠢᠨ ᠣᠨ ᠲᠣᠭᠠᠯᠠᠯ᠎ᠠᠴᠠ ᠡᠮᠦᠨ᠎ᠡ 33 ᠣᠨ᠎ᠳᠤ᠂ ᠬᠣ᠌ ᠬᠠᠨ ᠶᠧ ᠴᠠᠨ ᠢᠦᠶ ᠭᠤᠷᠪᠠᠳᠤᠭᠠᠷ ᠤᠳᠠᠭ᠎ᠠ ᠴᠠᠩ ᠠᠨ᠎ᠳᠤ ᠬᠦᠷᠪᠡ᠂ ᠬᠠᠨ ᠶᠤᠸᠠᠨ ᠳᠢ ᠬᠠᠭᠠᠨ ᠸᠠᠩ ᠵᠣᠣ ᠵᠢᠶᠦ᠋ᠨ᠎ᠢ ᠴᠠᠨ ᠢᠦᠢ᠎ᠳᠤ ᠡᠬᠡᠨᠡᠷ ᠪᠤᠯᠭᠠᠨ ᠦᠭᠴᠡᠢ᠃ ᠸᠠᠩ ᠵᠤᠤ ᠵᠢᠶᠦ᠋ᠨ ᠬᠣ᠌ ᠬᠠᠨ ᠶᠧ ᠴᠠᠨ ᠢᠦᠢ᠎ᠲᠡᠶ ᠬᠠᠮᠲᠤ ᠪᠣᠭᠣᠮᠲᠠ᠎ᠶ᠋ᠢᠨ ᠭᠠᠳᠠᠨ᠎ᠠ ᠵᠢ ᠴᠢᠭᠯᠡᠨ ᠮᠤᠷᠳᠠᠵᠤ᠂ ᠵᠶ᠋ᠢ ᠯᠦ᠍ ᠪᠤᠭᠤᠮᠲᠠ᠎ᠪᠡᠷ ᠥᠩᠭᠡᠷᠡᠪᠡ᠃ ᠲᠤᠮᠤᠭ ᠦᠯᠢᠭᠡᠷ᠎ᠢ ᠦᠨᠳᠦᠰᠦᠯᠡᠪᠡᠯ᠂ ᠲᠠᠳᠠ ᠬᠣᠶᠠᠭᠤᠯᠠ ᠵᠢᠶ ᠯᠦ᠍ ᠪᠤᠭᠤᠮᠲᠠ᠎ᠳᠤ ᠣᠯᠠᠨ ᠵᠢᠯ ᠠᠮᠢᠳᠤᠷᠠᠵᠤ ᠦᠩᠭᠡᠷᠡᠵᠡᠢ᠂ ᠡᠨᠡ ᠬᠦ᠌ ᠬᠤᠭᠤᠴᠠᠭᠠᠨ᠎ᠳᠤ ᠥᠷᠯᠥᠭᠡ ᠡᠷᠲᠡ ᠲᠠᠬᠢᠶ᠎ᠠ ᠲᠤᠤᠭᠠᠷᠴᠤ᠂ ᠦᠳᠡᠰᠢ ᠪᠤᠯᠬᠤ ᠪᠡᠷ ᠪᠤᠭᠤ ᠤᠷᠤᠮᠳᠠᠨ᠎ᠠ᠂ ᠲᠤᠬᠠᠶ᠎ᠶ᠋ᠢᠨ ᠭᠠᠵᠠᠷ᠎ᠤᠨ ᠬᠥᠮᠦᠰ ᠡᠭᠦᠨ᠎ᠢ ᠥᠯᠵᠡᠢ ᠪᠡᠯᠭᠡ᠎ᠲᠡᠶ ᠶᠠᠪᠤᠳᠠᠯᠢᠶᠡᠷᠦᠵᠡᠵᠦ᠍᠂ ᠡᠨᠡ ᠬᠦ᠌ ᠪᠤᠭᠤᠮᠲᠠ ᠵᠢᠨ ᠬᠤᠲᠠ᠎ᠶ᠋ᠢ 《ᠵᠢᠶ (ᠲᠠᠬᠢᠶ᠎ᠠ) ᠯᠦ᠍ (ᠪᠤᠭᠤ) ᠪᠤᠭᠤᠮᠲᠠ》 ᠬᠡᠮᠡᠨ ᠨᠡᠷᠡᠯᠡᠭᠰᠡᠨ ᠪᠠᠢᠨ᠎ᠠ᠃
ᠠᠷᠠᠳ᠎ᠤᠨ ᠳᠤᠮᠳᠠ ᠪᠠᠰᠠ 《ᠵᠶ᠋ᠢ ᠯᠦ᠍ ᠪᠤᠭᠤᠮᠲᠠ ᠪᠣᠯ ᠵᠤᠤ ᠵᠢᠶᠦ᠋ᠨ᠎ᠤ ᠠᠷᠤ ᠭᠠᠵᠠᠷ ᠮᠤᠷᠳᠠᠬᠤ ᠦᠶ᠎ᠡ ᠵᠢᠨ ᠬᠠᠮᠤᠭ᠎ᠤᠨ ᠰᠡᠭᠦᠯᠴᠢ᠎ᠶ᠋ᠢᠨ ᠤᠳᠠᠭ᠎ᠠ ᠵᠢᠨ ᠡᠷᠭᠢᠵᠦ᠍ ᠬᠠᠷᠠᠬᠰᠠᠨ ᠭᠠᠵᠠᠷ ᠪᠤᠯᠤᠨ᠎ᠠ》 ᠭᠡᠳᠡᠭ᠃ ᠡᠨᠡ ᠨᠢ ᠵᠶ᠋ᠢ ᠯᠦ᠍ ᠪᠤᠭᠤᠮᠲᠠ᠎ᠳᠤ ᠣᠨᠴᠠᠭᠠᠶ ᠤᠳᠭ᠎ᠠ ᠠᠭᠤᠯᠭ᠎ᠠ ᠣᠯᠭᠣᠵᠤ᠂ ᠵᠶ᠋ᠢ ᠯᠦ᠍ ᠪᠤᠭᠤᠮᠲᠠ᠎ᠨᠢ ᠨᠡᠯᠦᠭᠡᠷ ᠶᠡᠬᠡ ᠭᠤᠪᠢ ᠨᠤᠲᠤᠭ᠎ᠲᠤ ᠡᠩᠬᠡ ᠲᠠᠢᠪᠤᠩ᠎ᠤᠨ ᠬᠡᠷᠡᠯ ᠭᠢᠯᠪᠠᠭ᠎ᠠ ᠪᠡᠨ ᠰᠠᠴᠤᠷᠠᠭᠤᠯᠤᠭᠰᠠᠨ ᠪᠠᠢᠨ᠎ᠠ᠃
ᠵᠢᠢ ᠯᠦ᠍ ᠪᠤᠭᠤᠮᠳᠠ ᠬᠠᠨ ᠤᠯᠤᠰ᠎ᠡᠴᠡ ᠡᠬᠢᠯᠡᠨ ᠡᠨᠳᠡ ᠰᠦᠨᠳᠡᠷᠯᠡᠵᠦ᠂ ᠣᠨ ᠵᠢᠯ᠎ᠤᠨ ᠡᠯᠡᠭᠳᠡᠯ ᠳ᠋ᠤ ᠠᠷᠤ ᠬᠡᠷᠡᠮ᠂ ᠪᠠᠷᠠᠭᠤᠨ ᠬᠡᠷᠡᠮ᠎ᠦᠨ ᠳᠡᠭᠡᠷ᠎ᠡ ᠬᠡᠰᠡᠭ ᠨᠢ ᠨᠤᠷᠠᠵᠤ᠂ ᠡᠮᠦᠨ᠎ᠡ ᠬᠡᠷᠡᠮ ᠨᠢ ᠪᠠᠰᠠ ᠬᠡᠰᠡᠭ ᠬᠡᠰᠡᠭ ᠨᠢ ᠨᠤᠷᠠᠵᠤ ᠤᠨᠠᠪᠠ᠃ 2016 ᠣᠨ᠎ᠡᠴᠡ 2020 ᠣᠨ ᠪᠣᠯᠲᠠᠯ᠎ᠠ᠂ ᠳ᠋ᠸᠩᠺᠸᠤ ᠰᠢᠶᠠᠨ᠎ᠤ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠬᠠᠮᠠᠭᠠᠯᠠᠯᠲᠠ᠎ᠶᠢᠨ ᠲᠥᠪ ᠨᠢ ᠬᠤᠳᠠ᠎ᠶᠢᠨ ᠬᠡᠷᠡᠮ ᠵᠢᠴᠢ ᠡᠷᠬᠢᠨ ᠲᠣᠭᠣᠷᠢᠨ᠎ᠤ 4 ᠴᠣᠨᠵᠢ᠎ᠶᠢ ᠰᠡᠯᠪᠢᠨ ᠵᠠᠰᠠᠵᠤ ᠪᠡᠬᠢᠵᠢᠭᠦᠯᠪᠡ᠃ 《ᠪᠢᠳᠡ ᠬᠣᠲᠠ᠎ᠶᠢᠨ ᠬᠡᠷᠡᠮ᠎ᠢ ᠰᠡᠯᠪᠢᠨ ᠵᠠᠰᠠᠬᠤ ᠶᠠᠪᠤᠴᠠ᠎ᠳᠤ᠂ ᠭᠠᠳᠠᠨ᠎ᠠ᠎ᠡᠴᠡ ᠠᠪᠴᠢᠷᠠᠭᠰᠠᠨ ᠴᠢᠯᠠᠭᠤ᠎ᠶᠢ ᠨᠢᠭᠡ ᠴᠤ᠌ ᠬᠡᠷᠡᠭᠯᠡᠭᠰᠡᠨ ᠦᠭᠡᠢ᠂ ᠬᠡᠷᠡᠮ ᠪᠣᠯᠭᠠᠨ᠎ᠢ ᠴᠥᠮ ᠨᠤᠷᠠᠵᠤ ᠤᠨᠠᠵᠤ ᠢᠷᠡᠭᠰᠡᠨ ᠴᠢᠯᠠᠭᠤ᠎ᠪᠠᠷ ᠪᠠᠷᠢᠭ᠍ᠰᠠᠨ ᠶᠤᠮ᠂ ᠡᠨᠡ ᠨᠢ ᠲᠦᠭᠦᠬᠡᠢ ᠮᠠᠲᠧᠷᠢᠶᠠᠯ᠂ ᠤᠤᠯ᠎ᠤᠨ ᠤᠷᠠᠯᠠᠯ ᠮᠡᠷᠭᠡᠵᠢᠯ᠎ᠢ ᠦᠯᠡᠳᠡᠭᠡᠭᠰᠡᠨ᠎ᠢᠶᠡᠷ ᠪᠠᠷᠠᠬᠤ ᠦᠭᠡᠢ᠂ ᠪᠠᠰᠠ ᠲᠡᠭᠦᠨ᠎ᠦ ᠲᠡᠦᠬᠡᠨ ᠳᠦᠷᠰᠦ ᠪᠠᠢᠳᠠᠯ᠎ᠢ ᠬᠠᠮᠤᠭ᠎ᠤᠨ ᠶᠡᠬᠡ ᠬᠡᠮᠵᠢᠶ᠎ᠡ᠎ᠪᠡᠷ ᠬᠠᠳᠠᠭᠠᠯᠠᠵᠤ᠂ ᠬᠠᠮᠤᠭ᠎ᠤᠨ ᠪᠠᠭ᠎ᠠ ᠬᠡᠮᠵᠢᠶ᠎ᠡ᠎ᠪᠡᠷ ᠭᠠᠷ ᠳᠦᠷᠦᠭᠰᠡᠨ ᠪᠠᠢᠨ᠎ᠠ》 ᠭᠡᠵᠦ ᠸᠠᠩ ᠬᠤᠤ ᠬᠡᠯᠡᠪᠡ᠃
ᠵᠢᠢ ᠯᠦ᠍ ᠪᠤᠭᠤᠮᠳᠠ᠎ᠵᠢᠨ ᠪᠠᠭᠤᠷᠢ᠎ᠳᠤ᠂ ᠲᠡᠳᠡᠭᠡᠷ ᠨᠤᠷᠠᠵᠤ ᠤᠨᠠᠭᠰᠠᠨ ᠦᠭᠡᠢ᠂ ᠤᠳᠠᠭᠠᠨ ᠵᠢᠯ᠎ᠤᠨ ᠰᠡᠯᠬᠢ ᠨᠠᠷᠠᠨ᠎ᠤ ᠡᠯ᠎ᠡ ᠬᠠᠯᠠ ᠵᠢ ᠦᠨᠭᠭᠡᠷᠡᠭᠦᠯᠦᠭᠰᠡᠨ ᠴᠢᠯᠠᠭᠤᠳ᠎ᠤᠨ ᠥᠩᠭᠡ ᠨᠢ ᠨᠢᠭᠡᠨᠲᠡ ᠬᠠᠷᠠᠯᠠᠵᠤ᠂ ᠤᠨ ᠰᠠᠷ᠎ᠠ᠎ᠵᠢᠨ ᠤᠷᠴᠢᠯ ᠬᠤᠪᠢᠰᠤᠯᠲᠠ ᠪᠠ ᠤᠴᠢᠷ ᠤᠳᠬ᠎ᠠ ᠵᠢ ᠦᠭᠦᠯᠡᠨ᠎ᠡ᠃ ᠬᠠᠷᠢᠨ ᠲᠡᠳᠡᠭᠡᠷ ᠠᠯᠢ ᠡᠷᠲᠡ ᠨᠤᠷᠠᠵᠤ ᠤᠨᠠᠨ᠂ ᠰᠢᠪᠠᠷ ᠰᠢᠷᠣᠢ᠎ᠳᠤ ᠭᠦᠨ ᠪᠤᠯᠠᠭᠳᠠᠭᠰᠠᠨ ᠴᠢᠯᠠᠭᠤᠳ ᠨᠢ ᠨᠢᠭᠡ ᠵᠦᠢᠯ᠎ᠦᠨ ᠤᠨᠴᠠᠭᠠᠢ ᠴᠠᠭᠠᠨ ᠥᠩᠭᠡ ᠲᠠᠢ ᠪᠤᠯᠵᠤ᠂ ᠶᠠᠭ ᠴᠠᠭ ᠮᠥᠴᠡ᠎ᠳᠦ ᠮᠠᠷᠲᠠᠭᠳᠠᠭᠰᠠᠨ ᠰᠤᠪᠤᠳ ᠰᠢᠭ᠋ ᠬᠢᠯᠠᠯᠵᠠᠨ᠎ᠠ᠃ ᠬᠠᠷ᠎ᠠ ᠴᠠᠭᠠᠨ ᠡᠷᠢᠶᠡᠯᠵᠢᠭᠰᠡᠨ ᠬᠡᠷᠡᠮ᠎ᠦᠨ ᠴᠢᠯᠠᠭᠤ ᠨᠢ ᠵᠢᠢ ᠯᠦ᠍ ᠪᠤᠭᠤᠮᠳᠠ᠎ᠶᠢᠨ ᠥᠪᠡᠷᠮᠢᠴᠡ ᠣᠨ ᠰᠠᠷ᠎ᠠ᠎ᠶᠢᠨ ᠢᠮ ᠲᠠᠮᠠᠭ᠎ᠠ᠎ᠶᠢ ᠵᠢᠷᠤᠭᠯᠠᠪᠠ᠃
ᠰᠣᠶᠣᠯ ᠵᠢᠭᠤᠯᠴᠢᠯᠠᠯ ᠠᠭᠤᠰᠤᠯᠴᠠᠭᠰᠠᠨ ᠲᠡᠦᠬᠡ᠎ᠶᠢᠨ ᠳᠠᠬᠢᠨ ᠢᠯᠡᠷᠡᠭᠦᠯᠦᠯᠲᠡ ᠪᠠ ᠰᠢᠨ᠎ᠡ ᠵᠢ ᠡᠭᠦᠳᠦᠭᠰᠡᠨ ᠢᠯᠡᠳᠭᠡᠯᠲᠡ
ᠥᠨᠥᠳᠥᠷ᠂ ᠪᠠᠶᠠᠨᠨᠠᠭᠤᠷ ᠣᠷᠣᠨ᠎ᠳᠤ᠂ ᠲᠡᠦᠬᠡ᠎ᠶᠢᠨ ᠥᠪ ᠪᠣᠯᠣᠨ ᠰᠣᠶᠣᠯ ᠵᠢᠭᠤᠯᠴᠢᠯᠠᠯ᠎ᠤᠨ ᠭᠦᠨᠵᠡᠭᠡᠢ ᠠᠭᠤᠰᠤᠯᠴᠠᠯ ᠨᠢ ᠰᠢᠨ᠎ᠡ ᠮᠠᠭᠠᠳᠯᠠᠭᠠᠲᠠᠢ ᠪᠣᠯᠵᠤ᠂ ᠥᠪᠡᠷᠮᠢᠴᠡ ᠣᠨᠴᠠᠯᠢᠭ᠋ ᠲᠠᠢ ᠪᠥᠭᠡᠳ ᠲᠠᠲᠠᠬᠤ ᠬᠦᠴᠦᠨ᠎ᠲᠠᠢ ᠰᠣᠶᠣᠯ᠎ᠤᠨ ᠪᠡᠶᠡᠴᠢ ᠣᠢᠯᠠᠭᠠᠯᠲᠠ᠎ᠵᠢ ᠪᠦᠷᠢᠯᠳᠦᠭᠦᠯᠦᠭᠰᠡᠨ ᠪᠠᠢᠨ᠎ᠠ᠃ 2025 ᠤᠨᠦ 《5·1》 ᠤ᠋ ᠠᠮᠠᠷᠠᠯᠲᠠ᠎ᠶᠢᠨ ᠬᠤᠭᠤᠴᠠᠭᠠᠨ᠎ᠳᠤ᠂ 《ᠬᠤᠪᠢ᠎ᠵᠢᠨ ᠮᠠᠰᠢᠨᠵᠢᠡᠨ ᠵᠢᠯᠤᠭᠤᠳᠴᠤ ᠲᠠᠯ᠎ᠠ ᠨᠤᠲᠤᠭ᠎ᠢᠶᠠᠷ ᠠᠶᠠᠯᠠᠬᠤ·ᠥᠪᠥᠷ ᠮᠣᠩᠭᠣᠯ᠎ᠳᠤ ᠵᠢᠭᠤᠯᠴᠢᠯᠠᠨ ᠠᠮᠠᠷᠠᠬᠤ》 ᠵᠢᠴᠢ ᠪᠠᠶᠠᠨᠨᠠᠭᠤᠷ ᠬᠣᠲᠠ᠎ᠶᠢᠨ 《ᠮᠤᠨᠠ ᠠᠭᠤᠯᠠ᠎ᠶᠢ ᠳᠠᠪᠠᠵᠤ ᠤᠮᠠᠷᠠᠲᠤ ᠬᠢᠯᠢ᠎ᠪᠡᠷ ᠵᠢᠭᠤᠯᠴᠢᠯᠠᠬᠤ》 ᠠᠵᠢᠯᠯᠠᠭ᠎ᠠ ᠬᠥᠷ ᠬᠥᠭᠵᠢᠶᠡᠨᠲᠡᠢ ᠡᠬᠢᠯᠡᠪᠡ᠃ ᠲᠡᠭᠦᠨ᠎ᠦ ᠳᠣᠲᠣᠷᠠᠬᠢ ᠨᠢᠭᠡ ᠴᠢᠬᠤᠯᠠ ᠠᠵᠢᠯᠯᠠᠭ᠎ᠠ ᠪᠤᠯᠬᠤ 《ᠪᠣᠭᠣᠮᠲᠠ᠎ᠶᠢᠨ ᠭᠠᠳᠠᠨᠠᠬᠢ ᠣᠷᠳᠣ᠌ ᠳᠠᠭᠤᠤ· ᠵᠣᠣ ᠵᠢᠶᠦ᠋ᠨ᠎ᠦ ᠰᠦᠨᠡᠰᠦ》 ᠨᠢ ᠵᠢᠢ ᠯᠦ᠍ ᠪᠤᠭᠤᠮᠳᠠ᠎ᠵᠢᠨ ᠪᠠᠭᠤᠷᠢ᠎ᠶᠢᠨ ᠳᠣᠣᠷ᠎ᠠ ᠶᠠᠪᠤᠭᠳᠠᠵᠠᠢ᠃
《ᠮᠤᠨᠠ ᠠᠭᠤᠯᠠ᠎ᠶᠢ ᠳᠠᠪᠠᠬᠤ》 ᠬᠤᠪᠢ᠎ᠵᠢᠨ ᠮᠠᠰᠢᠨᠵᠢᠡᠨ ᠵᠢᠯᠤᠭᠤᠳᠴᠤ ᠵᠢᠭᠤᠯᠴᠢᠯᠠᠬᠤ ᠵᠠᠮ ᠱᠤᠭᠤᠮ᠎ᠳᠤ ᠪᠠᠷᠠᠭᠤᠨ ᠱᠤᠭᠤᠮ ᠤ᠋ᠨ ᠳ᠋ᠸᠩᠺᠸᠤ ᠰᠢᠶᠠᠨ᠂ ᠵᠡᠭᠦᠨ ᠱᠤᠭᠤᠮ᠎ᠤᠨ ᠤᠷᠠᠳ᠎ᠤᠨ ᠡᠮᠦᠨᠡᠲᠦ ᠬᠣᠰᠢᠭᠤ ᠵᠡᠷᠭᠡ ᠣᠯᠠᠨ ᠱᠤᠭᠤᠮ ᠪᠠᠢᠨ᠎ᠠ᠃ ᠳ᠋ᠸᠩᠺᠸᠤ ᠰᠢᠶᠠᠨ᠎ᠤ ᠬᠢᠯᠢ ᠳᠣᠲᠣᠷᠠᠬᠢ 《ᠮᠤᠨᠠ ᠠᠭᠤᠯᠠ᠎ᠶᠢ ᠳᠠᠪᠠᠬᠤ》 ᠬᠤᠪᠢ᠎ᠵᠢᠨ ᠮᠠᠰᠢᠨᠵᠢᠡᠨ ᠵᠢᠯᠤᠭᠤᠳᠴᠤ ᠵᠢᠭᠤᠯᠴᠢᠯᠠᠬᠤ ᠵᠠᠮ ᠱᠤᠭᠤᠮ ᠨᠢ ᠵᠢᠢ ᠯᠦ᠍ ᠪᠤᠭᠤᠮᠳᠠ᠎ᠵᠢᠨ ᠪᠠᠭᠤᠷᠢ᠎ᠶᠢᠨ ᠳᠣᠣᠭᠤᠷ ᠰᠦᠯᠵᠢᠯᠳᠦᠨ ᠥᠩᠭᠡᠷᠡᠵᠦ᠂ ᠬᠤᠪᠢ᠎ᠵᠢᠨ ᠮᠠᠰᠢᠨᠵᠢᠡᠨ ᠵᠢᠯᠤᠭᠤᠳᠴᠤ ᠵᠢᠭᠤᠯᠴᠢᠯᠠᠬᠤ ᠪᠠᠬᠠᠲᠠᠳ ᠲᠡᠷᠭᠡᠨ ᠬᠦᠷᠳᠦ᠎ᠪᠡᠷ ᠪᠢᠷ ᠪᠣᠯᠭᠠᠨ᠂ ᠠᠭᠤᠯᠠ ᠤᠰᠤ᠎ᠪᠠᠷ ᠬᠠᠭᠤᠳᠠᠰᠤ ᠪᠣᠯᠭᠠᠨ᠂ ᠡᠷᠲᠡᠨ᠎ᠦ ᠠᠷᠤ ᠭᠣᠪᠢ᠎ᠶᠢᠨ ᠵᠠᠮ᠎ᠢᠶᠠᠷ ᠳᠠᠬᠢᠨ ᠶᠠᠪᠤᠵᠤ᠂ ᠲᠡᠦᠬᠡ᠎ᠶᠢᠨ ᠤᠯᠠ ᠮᠥᠷ᠎ᠢ ᠳᠠᠬᠢᠨᠲᠠ ᠡᠷᠭᠢᠴᠡᠭᠦᠯᠪᠡ᠃
《ᠮᠤᠨᠠ ᠠᠭᠤᠯᠠ᠎ᠶᠢ ᠳᠠᠪᠠᠬᠤ》 ᠬᠤᠪᠢ᠎ᠵᠢᠨ ᠮᠠᠰᠢᠨᠵᠢᠡᠨ ᠵᠢᠯᠤᠭᠤᠳᠴᠤ ᠵᠢᠭᠤᠯᠴᠢᠯᠠᠬᠤ ᠵᠠᠮ ᠱᠤᠭᠤᠮ ᠪᠣᠯ ᠨᠢᠭᠡᠨ ᠵᠤᠷᠪᠤᠰ ᠵᠢᠭᠤᠯᠴᠢᠯᠠᠯ᠎ᠤᠨ ᠵᠠᠮ ᠱᠤᠭᠤᠮ ᠮᠥᠨ᠂ ᠨᠢᠭᠡᠨ ᠵᠤᠷᠪᠤᠰ ᠲᠡᠦᠬᠡ ᠰᠣᠶᠣᠯ᠎ᠤᠨ ᠵᠠᠮ ᠱᠤᠭᠤᠮ ᠮᠥᠨ᠂ ᠪᠠᠰᠠ ᠴᠤ᠌ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠠᠬᠢᠭᠤᠯᠬᠤ ᠵᠠᠮ ᠱᠤᠭᠤᠮ ᠮᠥᠨ᠃ ᠣᠢᠷ᠎ᠠ᠎ᠶᠢᠨ ᠵᠢᠯ᠎ᠦᠳ᠎ᠲᠦ᠂ 《ᠮᠤᠨᠠ ᠠᠭᠤᠯᠠ᠎ᠶᠢ ᠳᠠᠪᠠᠬᠤ》 ᠲᠦᠷᠦᠯ ᠲᠡᠮᠲᠡᠭ ᠨᠢ ᠨᠢᠭᠡᠨᠲᠡ ᠪᠥᠬᠥ ᠤᠯᠤᠰ᠎ᠤᠨ ᠬᠤᠪᠢ᠎ᠵᠢᠨ ᠮᠠᠰᠢᠨᠵᠢᠡᠨ ᠵᠢᠯᠤᠭᠤᠳᠴᠤ ᠵᠢᠭᠤᠯᠴᠢᠯᠠᠬᠤ ᠵᠠᠬ᠎ᠠ ᠳᠡᠯᠭᠡᠭᠦᠷ᠎ᠦᠨ ᠦᠵᠡᠭᠳᠡᠯ᠎ᠦᠨ ᠲᠠᠰ᠎ᠤᠨ IP ᠪᠣᠯᠵᠤ᠂ ᠬᠥᠭᠵᠢᠶᠡᠨᠲᠦ ᠤᠯᠠᠷᠢᠯ᠎ᠳ᠋ᠤ ᠡᠳᠦᠷ᠎ᠤᠨ ᠬᠦᠯᠢᠶᠡᠨ ᠠᠪᠬᠤ ᠲᠡᠷᠭᠡ ᠬᠥᠰᠬᠡ 2000 ᠭᠠᠷᠤᠢ ᠪᠠᠢᠵᠤ᠂ ᠲᠤᠬᠠᠢ᠎ᠶᠢᠨ ᠭᠠᠵᠠᠷ᠎ᠤᠨ ᠵᠢᠭᠤᠯᠴᠢᠯᠠᠯ᠎ᠤᠨ ᠲᠦᠷᠦᠯ ᠲᠡᠮᠳᠡᠭ᠎ᠤᠨ ᠳᠦᠷᠢ ᠲᠥᠷᠬᠦ᠎ᠶᠢ ᠤᠯᠠᠮ ᠳᠡᠭᠡᠭᠰᠢᠯᠡᠭᠦᠯᠪᠡ᠃
ᠬᠠᠮᠠᠭᠠᠯᠠᠯᠲᠠ ᠦᠭᠡᠢ ᠪᠣᠯ ᠤᠯᠠᠮᠵᠢᠯᠠᠬᠤ ᠪᠠ ᠠᠮᠢᠳᠤᠯᠢᠭᠵᠢᠭᠤᠯᠤᠨ ᠠᠰᠢᠭ᠍ᠯᠠᠬᠤ ᠶᠠᠪᠤᠳᠠᠯ ᠪᠠᠢᠵᠤ ᠴᠢᠳᠠᠬᠤ ᠦᠭᠡᠢ ᠶᠤᠮ᠃ ᠣᠳᠣᠬᠠᠨ᠎ᠳᠤ᠂ ᠳ᠋ᠸᠩᠺᠸᠤ ᠰᠢᠶᠠᠨ᠎ᠤ ᠵᠢᠢ ᠯᠦ᠍ ᠪᠤᠭᠤᠮᠲᠠ᠎ᠵᠢᠨ ᠬᠠᠮᠠᠭᠠᠯᠠᠯᠲᠠ᠎ᠶᠢᠨ ᠳᠡᠯᠭᠡᠨ ᠦᠵᠡᠭᠦᠯᠬᠦ ᠢᠨᠵᠧᠨᠧᠷᠢᠩ ᠶᠠᠭ ᠯᠠᠪᠳᠠᠭᠤᠨᠠᠬᠢᠵᠤ ᠪᠠᠢᠨ᠎ᠠ᠃ ᠢᠨᠵᠧᠨᠧᠷᠢᠩ ᠨᠢ ᠬᠠᠮᠠᠭᠠᠯᠠᠯᠲᠠ᠎ᠶᠢᠨ ᠥᠷᠲᠡᠭᠡ ᠪᠠ ᠦᠵᠡᠭᠦᠯᠭᠡ᠎ᠶᠢᠨ ᠲᠢᠩᠬᠢᠮ ᠪᠠᠶ᠋ᠢᠭᠤᠯᠬᠤ᠎ᠪᠠᠷ ᠳᠡᠮᠵᠢᠨ᠂ ᠵᠢᠢ ᠯᠦ᠍ ᠪᠤᠭᠤᠮᠳᠠ ᠵᠢᠴᠢ ᠡᠷᠬᠢᠨ ᠲᠣᠭᠣᠷᠢᠨ᠎ᠤ ᠣᠷᠳᠣ᠌ ᠴᠠᠭᠠᠨ ᠬᠡᠷᠡᠮ᠎ᠦᠨ ᠰᠢᠰᠲᠧᠮ᠎ᠢ ᠪᠥᠬᠥ ᠲᠠᠯ᠎ᠠ᠎ᠪᠠᠷ ᠳᠡᠯᠭᠡᠨ ᠦᠵᠡᠭᠦᠯᠵᠦ᠂ ᠨᠠᠩ ᠣᠯᠠᠨ ᠬᠥᠮᠥᠨ᠎ᠳᠦ ᠵᠢᠢ ᠯᠦ᠍ ᠪᠤᠭᠤᠮᠳᠠ᠎ᠶᠢ ᠣᠢᠯᠠᠭᠠᠭᠤᠯᠵᠤ᠂ ᠪᠠᠶᠠᠨᠨᠠᠭᠤᠷ᠎ᠤᠨ ᠣᠷᠳᠣ᠌ ᠴᠠᠭᠠᠨ ᠬᠡᠷᠡᠮ᠎ᠦᠨ ᠶᠡᠷᠦᠩᠬᠡᠢ ᠪᠠᠢᠳᠠᠯ ᠵᠢᠴᠢ ᠪᠣᠷᠣᠳᠣᠬᠣᠢ᠎ᠶᠢᠨ ᠰᠣᠶᠣᠯ᠎ᠢ ᠣᠢᠯᠠᠭᠠᠭᠤᠯᠬᠤ ᠪᠣᠯᠣᠨ᠎ᠠ᠃
ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠬᠠᠮᠠᠭᠠᠯᠠᠯᠲᠠ᠎ᠶᠢᠨ ᠠᠵᠢᠯᠲᠠᠨ ᠪᠣᠯᠤᠭᠰᠠᠨ᠎ᠤ ᠬᠤᠪᠢ᠎ᠳᠤ᠂ ᠸᠠᠩ ᠬᠤᠤ ᠵᠢᠯ ᠪᠦᠷᠢ ᠵᠢᠢ ᠯᠦ᠍ ᠪᠤᠭᠤᠮᠳᠠ᠎ᠳᠤ 20 ᠭᠠᠷᠤᠢ ᠤᠳᠠᠭ᠎ᠠ ᠣᠴᠢᠳᠠᠭ᠃ ᠤᠳᠠᠭ᠎ᠠ ᠪᠦᠷᠢ᠎ᠶᠢᠨ ᠲᠣᠭᠣᠷᠢᠨ ᠪᠠᠢᠴᠠᠭᠠᠯᠲᠠ᠂ ᠬᠠᠭᠤᠴᠢ ᠰᠤᠳᠤᠯᠤᠯ ᠨᠢ ᠪᠦᠷ ᠲᠡᠦᠬᠡ᠎ᠶᠢᠨ ᠭᠦᠨ ᠰᠡᠳᠬᠢᠯᠭᠡᠲᠦ ᠶᠠᠷᠢᠯᠴᠠᠭ᠎ᠠ ᠰᠢᠭ᠋ ᠪᠠᠢᠳᠠᠭ᠃ ᠲᠡᠷᠡ᠄ 《ᠮᠠᠨ᠎ᠤ ᠬᠠᠮᠠᠭᠠᠯᠠᠬᠤ ᠲᠥᠪ᠎ᠦᠨ ᠠᠵᠢᠯᠲᠠᠳ ᠤᠯᠠᠷᠢᠯ ᠪᠦᠷᠢᠳᠦ ᠨᠠᠭᠠᠲᠤ ᠵᠠᠬ᠎ᠠ᠎ᠳᠠᠭᠠᠨ ᠨᠢᠭᠡ ᠤᠳᠠᠭ᠎ᠠ ᠵᠢᠢ ᠯᠦ᠍ ᠪᠤᠭᠤᠮᠳᠠ᠎ᠶᠢ ᠲᠣᠭᠣᠷᠢᠨ ᠪᠠᠢᠴᠠᠭᠠᠵᠤ᠂ ᠰᠢᠶᠠᠨ᠎ᠡᠴᠡ ᠪᠠᠰᠠ ᠲᠤᠰᠬᠠᠢ ᠬᠠᠮᠠᠭᠠᠯᠠᠭ᠍ᠴᠢ ᠵᠠᠯᠠᠵᠠᠢ᠃ ᠪᠢᠳᠡᠨ᠎ᠦ ᠬᠠᠮᠠᠭᠠᠯᠠᠯᠲᠠ᠎ᠪᠠᠷ ᠳᠠᠮᠵᠢᠨ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠮᠡᠳᠡᠭᠡ ᠵᠠᠩᠭᠢ᠎ᠶᠢᠨ ᠪᠦᠷᠢᠨ ᠪᠦᠲᠦᠨ ᠪᠠᠢᠬᠤ᠎ᠶᠢ ᠪᠠᠲᠤᠯᠠᠵᠤ᠂ ᠲᠡᠦᠬᠡ᠎ᠶᠢᠨ ᠳᠤᠷᠠᠰᠬᠠᠯᠲᠤ ᠵᠦᠢᠯᠡᠰ᠎ᠢ ᠤᠯᠠᠮᠵᠢᠯᠠᠨ᠎ᠠ》 ᠭᠡᠵᠦ ᠪᠠᠢᠯ᠎ᠠ᠃