ᠬᠠᠷ᠎ᠠ ᠭᠤᠤᠯ᠂ ᠨᠡᠭᠦᠳᠡᠯ ᠡᠯᠡᠰ᠂ ᠲᠣᠣᠷᠠᠢ᠂ ᠡᠨᠡ ᠪᠣᠯ ᠡᠵᠡᠨ᠎ᠡ ᠵᠢᠨ ᠭᠤᠶᠤ ᠰᠠᠢᠬᠠᠨ᠎ᠢ ᠲᠠᠢᠯᠪᠤᠷᠢᠯᠠᠬᠤ ᠨᠢᠭᠤᠴᠠ ᠨᠣᠮᠧᠷ᠃
ᠾᠧ ᠰᠢ᠎ᠶ᠋ᠢᠨ ᠬᠣᠩᠭᠢᠯ ᠪᠠ ᠮᠣᠩᠭᠣᠯ᠎ᠤᠨ ᠥᠨᠳᠥᠷᠯᠢᠭ᠎ᠦᠨ ᠠᠭᠤᠯᠵᠠᠷ ᠴᠡᠭ ᠳᠡᠭᠡᠷᠡᠬᠢ ᠡᠷᠲᠡᠨ᠎ᠦ ᠵᠢᠤᠢ ᠶᠠᠨ ᠣᠨ ᠰᠠᠷ᠎ᠠ᠎ᠶ᠋ᠢᠨ ᠡᠷᠭᠢᠯᠲᠡ᠎ᠳᠤ ᠡᠲᠡᠭᠡᠷ ᠨᠢᠭᠤᠴᠠ ᠨᠣᠮᠧᠷ᠎ᠢ ᠨᠠᠮ ᠵᠢᠮ ᠠᠴᠢᠶᠠᠯᠠᠵᠤ ᠪᠠᠢᠳᠠᠭ᠃
ᠵᠢᠤᠢ ᠶᠠᠨ᠎ᠢ ᠤᠢᠯᠠᠭᠠᠬᠤ ᠨᠢ ᠭᠠᠷᠤᠨ ᠠᠯᠠᠭ᠎ᠠ ᠪᠣᠯᠤᠨ ᠮᠢᠩᠭᠠᠨ ᠵᠢᠯ᠎ᠦᠨ ᠬᠠᠩᠳᠠᠭ᠍ᠰᠠᠨ ᠱᠢᠷᠣᠢ᠎ᠶ᠋ᠢᠨ ᠬᠣᠭᠣᠷᠣᠨᠳᠣᠬᠢ ᠶᠠᠷᠢᠯᠴᠠᠭ᠎ᠠ ᠪᠠᠢᠵᠤ᠂ ᠡᠪᠳᠡᠷᠬᠡᠢ ᠬᠡᠷᠡᠮ ᠬᠠᠨ᠎ᠠ ᠡᠴᠡ ᠲᠡᠦᠬᠡ᠎ᠶ᠋ᠢᠨ ᠤᠯᠠ ᠮᠥᠷ᠎ᠢ ᠮᠡᠳᠡᠷᠡᠨ᠎ᠡ᠃
ᠵᠢᠤᠢ ᠶᠠᠨ᠎ᠢ ᠬᠠᠢᠬᠤ᠎ᠳᠤ᠂ ᠬᠤᠯᠤᠰᠤᠨ ᠴᠤᠭᠤᠳᠠᠰᠤ ᠳᠡᠭᠡᠷᠡᠬᠢ ᠪᠠᠯᠠᠷᠠᠭ᠍ᠰᠠᠨ ᠪᠡᠬᠡ᠎ᠶ᠋ᠢᠨ ᠮᠥᠷ ᠪᠣᠯᠤᠨ ᠲᠡᠮᠡᠭᠡᠨ ᠵᠢᠩ᠎ᠦᠨ ᠲᠤᠤᠨᠢᠯ ᠬᠠᠷ᠎ᠠ ᠭᠤᠤᠯ ᠨᠡᠭᠦᠳᠡᠯ ᠡᠯᠡᠰᠦ ᠬᠠᠷᠢᠯᠴᠠᠨ ᠳᠤᠪᠤᠢᠯᠭᠠᠭᠰᠠᠨ ᠲᠣᠭᠣᠰᠣᠨ᠎ᠳᠤ ᠳᠠᠷᠤᠭᠳᠠᠭᠰᠠᠨ ᠳᠤᠷᠠᠰᠤᠮᠵᠢ᠎ᠶ᠋ᠢ ᠰᠠᠨᠠᠬᠳᠠᠭᠤᠯᠤᠨ᠎ᠠ᠃
ᠵᠢᠦᠢ ᠶᠠᠨ᠎ᠳᠤ ᠪᠤᠴᠠᠬᠤ᠎ᠳᠤ᠂ ᠬᠠᠷᠠᠭᠤᠯ᠎ᠤᠨ ᠴᠡᠷᠢᠭ ᠪᠣᠯᠤᠨ ᠬᠤᠳᠠᠯᠳᠤᠭᠠᠴᠢᠨ᠎ᠤ ᠪᠠᠷ᠎ᠠ᠎ᠶ᠋ᠢ ᠣᠯᠵᠤ ᠬᠠᠷᠠᠨ᠂ ᠲᠡᠤᠬᠡ᠎ᠵᠢᠨ ᠤᠷᠲᠤ ᠠᠶᠠᠨ᠎ᠳᠤ ᠮᠥᠩᠬᠡ᠎ᠶ᠋ᠢᠨ ᠤᠯᠠ ᠮᠥᠷ ᠦᠯᠡᠳᠡᠭᠡᠪᠡ᠃
ᠵᠢᠤᠢ ᠶᠠᠨ᠎ᠢ ᠳᠠᠬᠢᠨ ᠢᠯᠡᠷᠡᠭᠦᠯᠬᠦ᠌ ᠨᠢ ᠬᠣᠲᠠ᠎ᠶ᠋ᠢ ᠳᠠᠬᠢᠨ ᠪᠠᠢᠭᠤᠯᠬᠤ ᠶᠠᠪᠤᠳᠠᠯ ᠪᠢᠰᠢ᠂ ᠬᠠᠷᠢᠨ ᠮᠢᠩᠭᠠᠨ ᠣᠨ᠎ᠦ ᠲᠡᠷᠳᠡᠬᠡᠬᠢ ᠨᠡᠭᠡᠭᠡᠯᠲᠡ ᠬᠢᠬᠦ᠌ ᠪᠠ ᠪᠠᠬᠳᠠᠭᠠᠬᠤ ᠵᠣᠷᠢᠭ ᠰᠠᠨᠠᠭ᠎ᠠ ᠵᠢ ᠱᠢᠨ᠎ᠡ ᠴᠠᠭ ᠦᠶ᠎ᠡ᠎ᠳᠦ ᠳᠠᠬᠢᠨ ᠢᠯᠡᠷᠡᠬᠦᠯᠬᠦ ᠶᠠᠪᠤᠳᠠᠯ ᠪᠣᠯᠤᠨ᠎ᠠ᠃
ᠵᠢᠤᠢ ᠶᠠᠨ᠎ᠢ ᠮᠡᠳᠡᠷᠡᠭᠦᠢ᠎ᠨᠢ ᠶᠠᠭ ᠯᠠ ᠠᠮᠲᠠᠲᠤ ᠰᠠᠷᠬᠤᠳ ᠮᠡᠲᠦ᠂ ᠰᠠᠷᠠᠨ᠎ᠤ ᠳᠣᠣᠷ᠎ᠠ ᠲᠣᠣᠷᠠᠢ᠎ᠶ᠋ᠢᠨ ᠬᠠᠵᠠᠭᠤ᠎ᠳᠤ ᠰᠢᠮᠡᠵᠦ ᠤᠤᠭᠤᠪᠠᠯ ᠰᠠᠶᠢ ᠪᠣᠯᠪᠠᠰᠤᠨ᠎ᠤ ᠠᠭᠤᠰᠤᠯᠴᠠᠯ᠎ᠤᠨ ᠵᠢᠪᠬᠤᠭ᠎ᠠ᠎ᠶ᠋ᠢ ᠮᠡᠳᠡᠷᠡᠵᠦ ᠴᠢᠳᠠᠨ᠎ᠠ᠃
ᠵᠢᠤᠢ ᠶᠠᠨ᠎ᠢ ᠤᠢᠯᠠᠭᠠᠬᠤᠢ
ᠬᠠᠷ᠎ᠠ ᠭᠤᠤᠯ ᠴᠢ ᠯᠢᠶᠠᠨ ᠱᠠᠨ ᠠᠭᠤᠯᠠᠨ᠎ᠡᠴᠡ ᠤᠮᠠᠷᠠᠰᠢ ᠤᠷᠤᠰᠴᠤ᠂ ᠭᠣᠪᠢ᠎ᠶ᠋ᠢᠨ ᠬᠦᠨ ᠳᠡᠬᠢ ᠵᠢᠤᠢ ᠶᠠᠨ ᠨᠠᠭᠤᠷ (ᠣᠳᠣ᠎ᠶ᠋ᠢᠨ ᠬᠣᠨᠳᠣ ᠨᠠᠭᠤᠷ) ᠳᠤ᠌ ᠬᠦᠷᠴᠦ᠍ ᠢᠷᠡᠭᠡᠳ ᠤᠷᠤᠰᠬᠤ ᠪᠠᠨ ᠪᠤᠯᠢᠵᠤ ᠲᠤᠬᠳᠠᠵᠠᠢ᠃ ᠡᠨᠡ ᠪᠣᠯ ᠳᠡᠯᠡᠬᠡᠶ ᠳᠡᠭᠡᠷᠡᠬᠢ ᠶᠡᠬᠡ ᠲᠡᠯᠡᠶ᠎ᠳᠦ ᠤᠷᠤᠰ᠎ᠤᠨ ᠣᠷᠣᠭ᠎ᠠ ᠥᠬᠡᠶ ᠴᠥᠭᠡᠨ ᠲᠣᠭᠠᠨ᠎ᠤ ᠭᠤᠤᠯ ᠮᠥᠷᠡᠨ ᠪᠣᠯᠤᠨ᠎ᠠ᠂ ᠭᠠᠨᠰᠦ᠎ᠶ᠋ᠢᠨ ᠬᠢᠯᠢ ᠳᠣᠲᠣᠷ᠎ᠠ ᠣᠲᠣ ᠬᠠᠷ᠎ᠠ ᠭᠤᠤᠯ ᠭᠡᠵᠦ᠍ ᠨᠡᠷᠡᠯᠡᠵᠦ᠂ ᠥᠪᠥᠷ ᠮᠣᠩᠭᠣᠯ᠎ᠤᠨ ᠬᠢᠯᠢ᠎ᠳᠤ ᠡᠵᠡᠨ᠎ᠡ ᠭᠤᠤᠯ ᠭᠡᠳᠡᠭ᠃
ᠬᠠᠮᠲᠤ ᠶᠠᠪᠤᠭ᠎ᠠ ᠡᠵᠡᠨ᠎ᠡ ᠬᠣᠱᠢᠭᠤᠨ᠎ᠤ ᠰᠣᠶᠣᠯ᠎ᠤᠨ ᠬᠠᠮᠠᠭᠠᠯᠠᠯᠲᠠ᠎ᠶ᠋ᠢᠨ ᠲᠥᠪ᠎ᠦᠨ ᠳᠡᠳ᠋ ᠡᠷᠬᠢᠯᠡᠭ᠌ᠴᠢ ᠰᠠᠢᠨᠳᠠᠯᠠᠢ ᠵᠢᠨ ᠲᠠᠨᠢᠯᠴᠠᠭᠤᠯᠤᠭ᠍ᠰᠠᠨ᠎ᠢᠶᠠᠷ᠂ ᠵᠢᠤᠢ ᠶᠠᠨ᠎ᠤ ᠪᠠᠭᠤᠷᠢ᠎ᠶ᠋ᠢᠨ ᠣᠯᠠᠩᠬᠢ ᠨᠢ ᠬᠠᠷ᠎ᠠ ᠭᠤᠤᠯ᠎ᠤᠨ ᠳᠤᠮᠳᠠ ᠳᠤᠤᠷᠠᠳᠤ ᠤᠷᠤᠰᠭᠠᠯ᠎ᠳᠤ ᠪᠠᠢᠷᠢᠯᠠᠵᠤ᠂ ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ ᠬᠠᠮᠠᠭᠠᠯᠠᠬᠤ ᠲᠠᠯᠠᠪᠠᠢ 1.5 ᠲᠦᠮᠡᠨ ᠲᠡᠭ᠌ᠰᠢ ᠳᠥᠷᠪᠡᠯᠵᠢᠨ ᠺᠢᠯᠤᠮᠸᠲᠷ ᠪᠠᠢᠵᠤ ᠂ ᠮᠤᠵᠢ ᠣᠷᠣᠨ ᠠᠯᠤᠰᠯᠠᠭ᠍ᠰᠠᠨ ᠤᠨᠴᠠ ᠲᠤᠮᠤ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠪᠠᠭᠤᠷᠢ᠎ᠶ᠋ᠢᠨ ᠣᠷᠣᠨ ᠪᠣᠯᠤᠨ᠎ᠠ᠃ ᠪᠥᠬᠥ᠌ ᠤᠯᠤᠰ᠎ᠤᠨ ᠭᠤᠤᠯᠳᠠᠯᠭ᠎ᠠ᠎ᠲᠠᠶ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠬᠠᠮᠠᠭᠠᠯᠠᠯᠲᠠ᠎ᠶ᠋ᠢᠨ ᠨᠢᠭᠡᠴᠢ ᠪᠣᠯᠬᠤ ᠵᠢᠤᠢ ᠶᠠᠨ᠎ᠤ ᠪᠠᠭᠤᠷᠢ᠎ᠳᠤ ᠬᠠᠨ ᠤᠯᠤᠰ ᠵᠢᠨ ᠤᠯᠤᠰ᠂ ᠰᠦᠶ ᠤᠯᠤᠰ ᠲᠠᠩ ᠤᠯᠤᠰ᠂ ᠱᠢᠶᠠ ᠤᠯᠤᠰ ᠶᠤᠸᠠᠨ ᠤᠯᠤᠰ᠎ᠤᠨ ᠦᠶ᠎ᠡ᠎ᠶ᠋ᠢᠨ ᠬᠣᠲᠠ᠂ ᠬᠠᠯᠬᠠᠪᠴᠢ᠂ ᠳᠤᠬᠢᠶᠠᠨ ᠭᠠᠯ ᠵᠡᠷᠭᠡ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠪᠠᠢᠷᠢ 202 ᠪᠣᠶ᠃ ᠫᠦᠸᠸ ᠴᠸᠩ ᠽᠢ ᠪᠠᠭᠤᠷᠢ᠂ ᠬᠠᠨ ᠤᠯᠤᠰ᠎ᠤᠨ ᠦᠶ᠎ᠡ᠎ᠶ᠋ᠢᠨ ᠵᠢᠶᠠ ᠴᠢᠤᠢ ᠾᠧᠦ᠍ᠶ᠋ᠢᠨ ᠠᠯᠪᠠᠨ ᠭᠠᠵᠠᠷ᠂ ᠲᠦᠬᠦᠬᠡᠢ ᠲᠤᠭᠤᠰᠬ᠎ᠠ᠎ᠵᠢᠨ ᠳᠥᠷᠪᠡᠯᠵᠢᠨ ᠪᠡᠬᠢᠯᠡᠯᠲᠡ᠎ᠶ᠋ᠢᠨ ᠡᠪᠳᠡᠷᠬᠡᠶ ᠬᠡᠷᠡᠮ ᠦᠯᠡᠳᠡᠭᠳᠡᠯ ᠮᠦᠨ ᠯᠡ ᠬᠠᠷᠠᠬᠳᠠᠬᠰᠠᠭᠠᠷ᠂ ᠭᠤᠷᠪᠠᠨ ᠳᠠᠪᠬᠤᠷ ᠲᠦᠬᠦᠬᠡᠢ ᠲᠤᠭᠤᠰᠬ᠎ᠠ ᠪᠦᠷᠢ᠎ᠳᠤ ᠨᠢᠭᠡ ᠳᠠᠪᠬᠤᠷ ᠳᠡᠷᠡᠰᠦ ᠶ᠋ᠢ ᠬᠠᠪᠴᠢᠭᠤᠯᠵᠤ ᠪᠤᠰᠭᠠᠭ᠍ᠰᠠᠨ ᠡᠷᠲᠡᠨ᠎ᠤ ᠬᠦᠮᠦᠰ᠎ᠤᠨ ᠣᠶᠤᠨ ᠤᠬᠠᠭᠠᠨ᠎ᠢ ᠬᠠᠷᠠᠭᠤᠯᠵᠤ ᠪᠤᠢ᠃
ᠪᠠᠭᠤᠷᠢ᠎ᠶ᠋ᠢᠨ ᠬᠠᠵᠠᠭᠤ᠎ᠳᠤ ᠵᠣᠭ᠍ᠰᠣᠵᠤ᠂ ᠪᠠᠷᠠᠭᠤᠨᠰᠢ ᠬᠠᠷᠠᠪᠠᠯ᠂ 300 ᠮᠧᠲ᠋ᠷ᠎ᠦᠨ ᠴᠠᠭᠠᠨ᠎ᠠ᠂ ᠡᠮᠦᠨ᠎ᠡ ᠤᠮᠠᠷ᠎ᠠ ᠪᠠᠢᠷᠢᠰᠢᠭᠰᠠᠨ 《 一》 ᠦᠰᠦᠭ ᠬᠡᠯᠪᠡᠷᠢ᠎ᠳᠤ ᠲᠤᠬᠢᠶᠠᠨ᠎ᠤ ᠭᠠᠯ᠎ᠦᠨ ᠦᠯᠡᠳᠡᠭ᠌ᠳᠡᠯ ᠬᠠᠷᠠᠭᠳᠠᠨ᠎ᠠ᠃ ᠶᠠᠭ ᠡᠨᠳᠡ᠎ᠡᠴᠡ ᠲᠦᠮᠡ ᠭᠠᠷᠤᠶ ᠬᠠᠨ ᠤᠯᠤᠰ᠎ᠤᠨ ᠦᠶ᠎ᠡ᠎ᠵᠢᠨ ᠬᠤᠯᠤᠰᠤᠨ ᠪᠢᠴᠢᠭ ᠣᠯᠳᠠᠵᠤ᠂ ᠲᠡᠳᠡᠭᠡᠷ ᠬᠤᠯᠤᠰᠤᠨ ᠳᠡᠭᠡᠷᠡᠬᠢ ᠪᠡᠬᠡ᠎ᠶ᠋ᠢᠨ ᠣᠷᠣᠮ ᠨᠢ ᠬᠢᠯᠢ ᠬᠢᠵᠠᠭᠠᠷ᠎ᠤᠨ ᠡᠳᠦᠷ ᠲᠤᠲᠤᠮ᠎ᠤᠨ ᠠᠮᠢᠳᠤᠷᠠᠯ᠎ᠤᠨ ᠵᠢᠵᠢᠭ ᠰᠠᠵᠢᠭᠢ ᠲᠡᠮᠳᠡᠭ᠌ᠯᠡᠭ᠌ᠰᠡᠨ ᠪᠠᠢᠨ᠎ᠠ᠃
ᠦᠷᠭᠦᠯᠵᠢᠯᠡᠨ ᠤᠷᠤᠭ᠍ᠰᠢᠯᠠᠪᠠᠯ᠂ ᠬᠣᠩ ᠴᠧᠩ ᠽᠢ ᠪᠠᠭᠤᠷᠢ᠎ᠶ᠋ᠢᠨ ᠲᠡᠷᠡ ᠥᠨᠳᠥᠷ ᠲᠣᠮᠣ ᠳᠥᠷᠪᠡᠯᠵᠢᠨ ᠪᠠᠷ᠎ᠠ ᠨᠢᠳᠦᠨ᠎ᠳᠦ ᠲᠣᠳᠣᠷᠠᠨ᠎ᠠ᠃ ᠥᠷᠭᠡᠨ ᠠᠭᠤᠳᠠᠮ ᠭᠣᠪᠢ ᠨᠤᠲᠤᠭ᠎ᠤᠨ ᠠᠷᠤ ᠦᠵᠡᠭ᠌ᠳᠡᠯ ᠳᠤᠤᠷ᠎ᠠ᠂ ᠲᠡᠳᠡᠭᠡᠷ ᠲᠣᠮᠣ ᠲᠦᠬᠦᠬᠡᠢ ᠲᠤᠭᠤᠰᠬ᠎ᠠ ᠪᠡᠷᠪᠠᠷᠢᠵᠤ᠂ ᠵᠢᠷᠭᠤᠭᠠᠨ ᠳᠠᠪᠬᠤᠷ ᠪᠤᠶᠤ ᠭᠤᠷᠪᠠᠨ ᠳᠠᠪᠬᠤᠷ ᠲᠦᠬᠦᠬᠡᠢ ᠲᠤᠭᠤᠰᠬ᠎ᠠ ᠪᠦᠷᠢ᠎ᠳᠤ ᠨᠢᠭᠡ ᠳᠠᠪᠬᠤᠷ ᠵᠡᠭᠡᠰᠦ ᠬᠠᠪᠴᠢᠭᠤᠯᠤᠭ᠍ᠰᠠᠨ ᠬᠡᠷᠡᠮ ᠬᠠᠨ᠎ᠠ ᠨᠢ ᠮᠢᠩᠭᠠᠨ ᠵᠢᠯ᠎ᠦᠨ ᠰᠠᠯᠬᠢ ᠱᠢᠭᠤᠷᠭᠠᠨ᠎ᠤ ᠳᠤᠮᠳᠠ ᠮᠥᠨ ᠯᠡ ᠪᠠᠲᠤ ᠪᠡᠬᠢ ᠪᠠᠢᠬᠰᠠᠭᠠᠷ᠃ ᠬᠣᠲᠠ᠎ᠶ᠋ᠢᠨ ᠬᠡᠷᠡᠮ᠎ᠦᠨ ᠰᠠᠭᠤᠷᠢ᠎ᠶ᠋ᠢᠨ ᠥᠷᠭᠡᠨ ᠨᠢ 4 ᠮᠧᠲ᠋ᠷ᠂ ᠣᠷᠣᠶ᠎ᠶ᠋ᠢᠨ ᠬᠡᠰᠡᠭ᠎ᠦᠨ ᠥᠷᠭᠡᠨ ᠨᠢ 2.6 ᠮᠧᠲ᠋ᠷ᠂ ᠥᠨᠳᠥᠷ ᠨᠢ ᠮᠥᠨ ᠬᠦ᠌ 7.6 ᠮᠧᠲ᠋ᠷ ᠪᠠᠢᠳᠠᠭ᠃
ᠳ᠋ᠠ ᠲᠦ᠋ᠩ ᠴᠸᠩ ᠪᠠᠭᠤᠷᠢ ᠨᠢ ᠡᠵᠡᠨ᠎ᠡ ᠬᠣᠱᠢᠭᠤᠨ᠎ᠤ ᠲᠠᠯᠠᠢ᠌ᠬᠦ᠋ᠪ ᠪᠠᠯᠭᠠᠰᠤ᠎ᠶ᠋ᠢᠨ ᠵᠢᠷᠭᠠᠯᠠᠩᠲᠤ ᠭᠠᠴᠡᠭ᠎ᠠ᠎ᠡᠴᠡ ᠪᠠᠷᠠᠭᠤᠨ ᠡᠮᠦᠨᠠᠰᠢ19 ᠺᠢᠯᠤᠮᠸᠲᠷ ᠱᠢᠬᠠᠮ ᠵᠠᠢᠲᠠᠢ ᠴᠦᠯᠯᠡᠷᠭᠡᠭ ᠭᠠᠵᠠᠷ᠎ᠲᠤ ᠪᠠᠢᠷᠢᠯᠠᠵᠤ᠂ ᠲᠤᠬᠠᠢ᠎ᠶ᠋ᠢᠨ ᠭᠠᠵᠠᠷ᠎ᠤᠨ ᠬᠥᠮᠦᠰ ᠲᠡᠭᠦᠨ᠎ᠢ 《ᠠᠭᠲᠠ᠎ᠵᠢᠨ ᠬᠠᠰᠢᠶ᠎ᠠ》 ᠭᠡᠳᠡᠭ᠃ ᠦᠨᠭᠭᠡᠢᠨ ᠬᠠᠷᠠᠬᠤ᠎ᠳᠤ ᠡᠨᠡᠬᠦ ᠬᠣᠲᠠ ᠨᠢ 《回 》 ᠦᠰᠦᠭ᠎ᠦᠨ ᠬᠡᠯᠪᠡᠷᠢᠲᠡᠶ᠂ ᠳᠣᠲᠣᠷ᠎ᠠ ᠭᠠᠳᠠᠨ᠎ᠠ ᠬᠤᠲᠠ ᠬᠤᠪᠢᠶᠠᠨ᠎ᠠ᠃ ᠬᠤᠲᠠ᠎ᠵᠢᠨ ᠬᠡᠷᠡᠮ᠎ᠢ ᠬᠠᠨᠭᠳᠠᠵᠤ ᠪᠠᠢᠭᠤᠯᠤᠭᠰᠠᠨ ᠪᠦᠭᠡᠳ ᠤᠳᠤ ᠬᠦᠷᠳᠡᠯ᠎ᠡ ᠦᠨᠳᠦᠷ ᠨᠢ 3 — 4 ᠮᠧᠲ᠋ᠷ ᠪᠠᠢᠵᠤ᠂ ᠬᠡᠷᠡᠮ ᠳᠡᠭᠡᠷ᠎ᠡ ᠨᠢ ᠡᠩᠨᠡᠷᠡᠨ ᠵᠢᠭ᠍ᠰᠠᠭ᠍ᠰᠠᠨ ᠨᠦᠬᠡ᠎ᠲᠡᠶ᠂ ᠬᠣᠲᠠ᠎ᠶ᠋ᠢᠨ ᠬᠡᠷᠡᠮ᠎ᠦᠨ ᠠᠷᠤ ᠡᠴᠡ ᠡᠷᠲᠡᠨ᠎ᠦ ᠬᠠᠷ᠎ᠠ ᠭᠤᠤᠯ᠎ᠤᠨ ᠵᠠᠮ᠎ᠢ ᠲᠤᠳᠤᠷᠬᠠᠢ ᠣᠯᠵᠤ ᠬᠠᠷᠠᠨ᠎ᠠ᠃
ᠵᠡᠭᠦᠨ ᠡᠮᠦᠨᠡᠰᠢ ᠤᠷᠤᠭ᠍ᠰᠢᠯᠠᠬᠤ ᠳᠤ᠂ ᠬᠠᠷ᠎ᠠ ᠬᠤᠳᠠ ᠵᠢᠨ ᠪᠠᠭᠤᠷᠢ ᠠᠭᠠᠵᠢᠮ᠎ᠢᠶᠠᠷ ᠨᠢᠳᠦᠨ ᠡᠮᠦᠨ᠎ᠡ ᠢᠯᠡᠷᠡᠪᠡ᠃ ᠲᠡᠷᠡ ᠨᠢ ᠡᠵᠡᠨ᠎ᠡ ᠭᠣᠣᠯ᠎ᠤᠨ ᠳᠣᠣᠷᠠᠳᠤ ᠤᠷᠤᠰᠭᠠᠯ᠎ᠤᠨ ᠬᠠᠳᠠᠵᠤ ᠱᠢᠷᠭᠢᠭ᠌ᠰᠡᠨ ᠡᠷᠲᠡᠨ᠎ᠦ ᠭᠣᠣᠯ᠎ᠤᠨ ᠬᠡᠪᠡᠯᠢ ᠵᠢᠨ ᠬᠣᠢᠲᠤ ᠡᠷᠭᠢ᠎ᠳᠦ ᠪᠠᠢᠷᠢᠯᠠᠵᠤ᠂ ᠵᠡᠭᠦᠨᠰᠢ ᠪᠠᠷᠠᠭᠤᠨᠰᠢ 421 ᠮᠧᠲ᠋ᠷ ᠤᠷᠲᠤ᠂ ᠡᠮᠦᠨᠡᠰᠢ ᠤᠮᠠᠷᠠᠰᠢ 374 ᠮᠧᠲ᠋ᠷ ᠥᠷᠭᠡᠨ ᠪᠠᠢᠵᠤ᠂ ᠡᠷᠲᠡᠨ᠎ᠦ ᠲᠣᠷᠭᠠᠨ ᠵᠠᠮ ᠳᠡᠭᠡᠷ᠎ᠡ ᠣᠳᠣ ᠬᠦᠷᠳᠡᠯ᠎ᠡ ᠦᠯᠡᠳᠡᠵᠦ᠍ ᠪᠠᠢᠭ᠎ᠠ ᠪᠦᠷᠢᠨ ᠪᠦᠲᠦᠨ᠂ ᠬᠡᠪᠴᠢᠶ᠎ᠡ᠎ᠪᠡᠷ ᠠᠤᠭ᠎ᠠ ᠶᠡᠬᠡ ᠡᠷᠲᠡᠨ᠎ᠦ ᠬᠣᠲᠠ᠎ᠶ᠋ᠢᠨ ᠪᠠᠭᠤᠷᠢ ᠪᠣᠯᠤᠨ᠎ᠠ᠃ ᠬᠣᠲᠠ᠎ᠶ᠋ᠢᠨ ᠬᠡᠷᠡᠮ᠎ᠢ ᠱᠢᠷ᠎ᠠ ᠱᠢᠷᠣᠶ᠎ᠪᠠᠷ ᠬᠠᠩᠳᠠᠵᠤ᠂ ᠤᠳᠤ ᠬᠦᠷᠳᠡᠯ᠎ᠡ ᠪᠠᠢᠬᠰᠠᠭᠠᠷ ᠪᠠᠷᠤᠭ 9 ᠮᠧᠲ᠋ᠷ ᠦᠨᠳᠦᠷ᠃ ᠬᠣᠲᠠ᠎ᠶ᠋ᠢᠨ ᠪᠠᠷᠠᠭᠤᠨ ᠬᠣᠢᠲᠤ ᠥᠨᠴᠥᠭᠲᠦ 5 ᠯᠠᠮᠠ᠎ᠶ᠋ᠢᠨ ᠰᠤᠪᠤᠷᠭ᠎ᠠ᠎ᠲᠠᠶ᠂ ᠡᠳᠡᠭᠡᠷ᠎ᠤᠨ ᠪᠠᠢᠷᠢᠯᠠᠯ ᠨᠢ ᠤᠷᠠᠨ ᠨᠠᠷᠢᠯᠢᠭ ᠪᠠᠢᠵᠤ᠂ ᠡᠷᠭᠢᠨ ᠲᠣᠭᠣᠷᠢᠨ᠎ᠤ ᠭᠣᠪᠢ᠎ᠶ᠋ᠢᠨ ᠦᠵᠡᠮᠵᠢ᠎ᠲᠡᠶ ᠬᠠᠷᠢᠯᠴᠠᠨ ᠳᠤᠪᠤᠢᠯᠭᠠᠵᠤ᠂ ᠬᠠᠷ᠎ᠠ ᠬᠤᠳᠠ᠎ᠵᠢᠨ ᠥᠪᠡᠷᠮᠢᠴᠡ ᠣᠨᠴᠠᠯᠢᠭ ᠱᠢᠨᠵᠢ ᠪᠣᠯᠤᠭ᠍ᠰᠠᠨ ᠪᠠᠢᠨ᠎ᠠ᠃
ᠵᠢᠤᠢ ᠶᠠᠨ᠎ᠤ ᠪᠠᠭᠤᠷᠢ᠎ᠪᠡᠷ ᠠᠯᠬᠤᠯᠠᠬᠤ᠎ᠳᠤ᠂ ᠫᠦᠸᠸ ᠴᠸᠩ ᠽᠢᠵᠢᠨ ᠬᠠᠨ ᠤᠯᠤᠰ᠎ᠤᠨ ᠦᠶ᠎ᠡ᠎ᠵᠢᠨ ᠬᠤᠯᠤᠰᠤᠨ ᠪᠢᠴᠢᠭ᠂ ᠬᠣᠩ ᠴᠧᠩ ᠽᠢ ᠵᠢᠨ ᠪᠠᠷ᠎ᠠ ᠰᠡᠭᠦᠳᠡᠷ᠂ ᠳ᠋ᠠ ᠲᠦ᠋ᠩ ᠴᠸᠩ᠎ᠤᠨ ᠱᠢᠯᠦᠭ᠎ᠦᠨ ᠬᠤᠯᠪᠤᠴᠠ ᠪᠣᠯᠤᠨ ᠬᠠᠷ᠎ᠠ ᠬᠤᠳᠠ᠎ᠵᠢᠨ ᠪᠤᠷᠬᠠᠨ᠎ᠤ ᠰᠤᠪᠤᠷᠭ᠎ᠠ ᠨᠢ ᠬᠠᠮᠲᠤ ᠪᠠᠷ ᠮᠢᠩᠭᠠᠨ ᠤᠨ᠎ᠢ ᠠᠯᠤᠰᠯᠠᠭ᠍ᠰᠠᠨ ᠪᠣᠯᠪᠠᠰᠤᠨ᠎ᠤ ᠵᠢᠷᠤᠭ ᠳᠦᠷᠰᠦ᠎ᠶ᠋ᠢ ᠪᠦᠲᠦᠭᠡᠪᠡ᠃
ᠬᠠᠨ ᠤᠯᠤᠰ᠎ᠤᠨ ᠦᠶ᠎ᠡ᠎ᠵᠢᠨ ᠬᠤᠯᠤᠰᠤᠨ ᠪᠢᠴᠢᠭ᠎ᠤᠨ ᠢᠯᠡᠷᠡᠭᠦᠯᠦᠯᠲᠡ
ᠵᠢᠤᠢ ᠶᠠᠨ᠂ ᠾᠦᠩᠨᠦ᠍ ᠬᠡᠯᠡ ᠪᠠᠢᠵᠤ᠂ 《ᠲᠡᠭᠷᠢ ᠨᠠᠭᠤᠷ》 ᠭᠡᠰᠡᠨ ᠤᠳᠭ᠎ᠠ᠎ᠲᠠᠶ᠃ ᠵᠢᠤᠢ ᠶᠠᠨ᠎ᠤ ᠨᠡᠷ᠎ᠡ᠎ᠵᠢ 《 ᠰᠤᠳᠤᠷ ᠲᠡᠮᠳᠡᠭ᠌ᠯᠡᠯ 》 ᠤ᠋ᠨ ᠵᠥᠪᠬᠡᠨ 《 ᠾᠦᠩᠨᠦ᠍᠎ᠶ᠋ᠢᠨ ᠰᠤᠯᠠ ᠨᠠᠮᠲᠠᠷ》᠂ 《ᠸᠧᠶ ᠵᠠᠩᠵᠤᠨ᠎ᠤ ᠮᠣᠷᠢᠲᠤ ᠴᠡᠷᠢᠭ᠎ᠦᠨ ᠰᠤᠯᠠ ᠨᠠᠮᠲᠠᠷ》 ᠲᠤ᠌ 6 ᠤᠳᠠᠭ᠎ᠠ ᠳᠤᠷᠠᠳᠴᠠᠶ᠂ ᠬᠣᠯᠪᠣᠭ᠍ᠳᠠᠭ᠍ᠰᠠᠨ ᠬᠥᠮᠦᠰ ᠨᠢ ᠴᠥᠮ ᠶᠡᠬᠡ ᠨᠡᠷ᠎ᠡ ᠠᠯᠳᠠᠷᠲᠠᠶ — ᠾᠦᠸᠸ ᠴᠢᠦᠶ ᠪᠢᠩ᠂ ᠯᠢ ᠯᠢᠩ᠂ ᠯᠤ᠌ ᠪᠦᠸᠸ ᠳ᠋ᠸ ᠪᠤᠯᠤᠨ᠎ᠠ ᠁
ᠪᠠᠰᠠ ᠨᠢᠭᠡ ᠵᠦᠢᠯ᠎ᠦᠨ ᠲᠡᠦᠬᠡ᠎ᠶ᠋ᠢ ᠬᠤᠯᠤᠰᠤᠨ ᠪᠢᠴᠢᠭ᠎ᠦᠨ ᠬᠡᠯᠪᠡᠷᠢ᠎ᠪᠡᠷ ᠪᠢᠴᠢᠭ᠌ᠰᠡᠨ ᠶᠤᠮ᠃
1930 ᠣᠨ᠎ᠳᠤ᠂ ᠡᠳᠡᠭᠡᠷ ᠲᠣᠣᠷᠠᠢ᠎ᠶ᠋ᠢᠨ ᠮᠣᠳᠣ ᠪᠠ ᠤᠯᠠᠭᠠᠨ ᠪᠤᠷᠭᠠᠰᠤ᠎ᠪᠠᠷ ᠮᠠᠲ᠋ᠧᠷᠢᠶᠠᠯ ᠪᠣᠯᠭᠠᠨ ᠬᠢᠭ᠌ᠰᠡᠨ ᠬᠤᠯᠤᠰᠤᠨ ᠪᠢᠴᠢᠭ᠎ᠢ ᠰᠸᠧᠳᠧᠨᠦ ᠪᠸᠷᠭ᠌ᠮᠡᠨ ᠠᠩᠬ᠎ᠠ ᠤᠳᠠᠭ᠎ᠠ ᠡᠵᠡᠨ᠎ᠡ ᠬᠣᠱᠢᠭᠤᠨ᠎ᠡᠴᠡ ᠢᠯᠡᠷᠡᠭᠦᠯᠵᠦ᠍᠂ ᠳᠠᠷᠠᠭ᠎ᠠ ᠨᠢ ᠵᠠᠯᠭᠠᠭ᠎ᠠ᠎ᠪᠠᠷ 3 ᠲᠦᠮᠡ ᠭᠠᠷᠤᠢ ᠬᠤᠯᠤᠰᠤᠨ ᠪᠢᠴᠢᠭᠢᠮᠠᠯᠲᠠᠨ ᠭᠠᠷᠭᠠᠪᠠ᠃
ᠡᠲᠡᠭᠡᠷ ᠬᠠᠨ ᠤᠯᠤᠰ᠎ᠤᠨ ᠦᠶ᠎ᠡ᠎ᠵᠢᠨ ᠬᠤᠯᠤᠰᠤᠨ ᠪᠢᠴᠢᠭ ᠪᠣᠯ 《 ᠰᠤᠳᠤᠷ ᠲᠡᠮᠳᠡᠭ᠌ᠯᠡᠯ》 ᠂ 《 ᠬᠠᠨ ᠤᠯᠤᠰ᠎ᠤᠨ ᠪᠢᠴᠢᠭ》 ᠡᠴᠡ ᠭᠠᠳᠠᠨ᠎ᠠ᠂ ᠦᠯᠡᠳᠡᠵᠦ᠍ ᠬᠣᠴᠣᠷᠤᠭ᠍ᠰᠠᠨ ᠲᠣᠭ᠎ᠠ ᠬᠡᠮᠵᠢᠶ᠎ᠡ᠎ᠪᠡᠷ ᠬᠠᠮᠤᠭ ᠦᠨ ᠣᠯᠠᠨ ᠬᠠᠨ ᠤᠯᠤᠰ᠎ᠤᠨ ᠲᠡᠦᠬᠡᠨ ᠰᠤᠷᠪᠤᠯᠵᠢ ᠪᠢᠴᠢᠭ ᠪᠠᠢᠵᠤ᠂ ᠬᠣᠷᠢᠳᠤᠭᠠᠷ ᠵᠠᠭᠤᠨ᠎ᠤ ᠡᠬᠢᠨ᠎ᠦ ᠳᠤᠮᠳᠠᠳᠤ ᠤᠯᠤᠰ᠎ᠤᠨ ᠡᠷᠲᠡᠨ᠎ᠦ ᠰᠤᠷᠪᠤᠯᠵᠢ ᠪᠢᠴᠢᠭ᠎ᠦᠨ ᠳᠥᠷᠪᠡᠨ ᠶᠡᠬᠡ ᠢᠯᠡᠷᠡᠭᠦᠯᠦᠯᠲᠡ᠎ᠶ᠋ᠢᠨ ᠨᠢᠭᠡ ᠬᠡᠮᠡᠭ᠌ᠳᠡᠭ᠌ᠰᠡᠨ ᠪᠠᠢᠨ᠎ᠠ᠃
1974 ᠣᠨ᠎ᠳᠤ᠂ ᠵᠢᠤᠢ ᠶᠠᠨ᠎ᠤ ᠵᠢᠶᠠᠨ ᠱᠦᠢ᠎ᠶ᠋ᠢᠨ ᠭᠤᠸᠠᠨ ᠡᠴᠡ ᠸᠠᠩ ᠮᠠᠩ᠎ᠤᠨ ᠳ᠋ᠢ ᠬᠤᠸᠠᠩ᠎ᠤᠨ ᠭᠤᠷᠪᠠᠳᠤᠭᠠᠷ ᠣᠨ (ᠨᠡᠢᠲᠡ᠎ᠶ᠋ᠢᠨ ᠣᠨ ᠲᠣᠭᠠᠯᠠᠯ᠎ᠤᠨ 22 ᠣᠨ) ᠤ᠋《ᠬᠢᠯᠢ ᠬᠢᠵᠠᠭᠠᠷ᠎ᠢ ᠬᠠᠮᠠᠭᠠᠯᠠᠵᠤ ᠪᠠᠢᠭ᠎ᠠ ᠴᠡᠷᠢᠭ ᠵᠠᠩᠵᠤᠨ᠎ᠢ ᠲᠣᠬᠣᠨᠢᠭᠤᠯᠬᠤ ᠪᠡᠷ ᠢᠷᠡᠭᠰᠡᠨ ᠡᠯᠴᠢ᠎ᠶ᠋ᠢ ᠪᠤᠭᠤᠮᠳᠠ ᠳᠠᠪᠠᠬᠤ ᠦᠶ᠎ᠡ ᠳ᠋ᠤ ᠲᠠᠢᠯᠠᠭᠰᠠᠨ ᠵᠠᠷᠤᠳᠠᠯ》 ᠭᠡᠰᠡᠨ ᠪᠢᠴᠢᠭ᠎ᠢ ᠮᠠᠯᠳᠠᠨ ᠢᠯᠡᠷᠡᠭᠦᠯᠪᠡ᠃ ᠲᠤᠰ ᠪᠢᠴᠢᠭ ᠲᠤ᠌ ᠬᠡᠯᠡᠭ᠌ᠰᠡᠨ ᠨᠢ᠄ ᠬᠠᠭᠠᠨ ᠲᠥᠷᠥ᠎ᠡᠴᠡ ᠬᠠᠭᠠᠨ ᠢ᠋ ᠲᠦᠯᠦᠭᠡᠯᠡᠬᠦ ᠲᠦᠱᠢᠮᠡᠯ ᠲᠣᠮᠢᠯᠠᠨ ᠵᠢᠤᠢ ᠶᠠᠨ ᠣᠷᠣᠨ᠎ᠳᠤ ᠣᠴᠢᠭᠤᠯᠤᠨ ᠬᠢᠯᠢ ᠬᠢᠵᠠᠭᠠᠷ᠎ᠢ ᠬᠠᠮᠠᠭᠠᠯᠠᠵᠤ ᠪᠠᠢᠭ᠎ᠠ ᠳᠠᠷᠤᠭ᠎ᠠ ᠪᠠᠢᠯᠳᠤᠭ᠍ᠴᠢᠳ᠎ᠢ ᠲᠣᠬᠣᠨᠢᠭᠤᠯᠵᠤ᠂ ᠵᠢᠤᠢ ᠶᠠᠨ᠎ᠤ ᠡᠮᠦᠨ᠎ᠡ ᠪᠣᠭᠣᠮᠲᠠ ᠳ᠋ᠤ ᠬᠦᠷᠬᠦ᠌ ᠦᠶ᠎ᠡ᠎ᠳᠦ ᠪᠣᠭᠣᠮᠲᠠ᠎ᠶ᠋ᠢ ᠰᠠᠬᠢᠵᠤ ᠪᠠᠢᠭ᠍ᠰᠠᠨ 27 ᠨᠣᠶᠠᠨ ᠲᠦᠱᠢᠮᠡᠯ ᠬᠠᠮᠲᠤ᠎ᠪᠠᠷ ᠬᠠᠭᠠᠨ ᠢ᠋ ᠲᠦᠯᠦᠭᠡᠯᠡᠬᠦ ᠲᠦᠱᠢᠮᠡᠯ ᠢ᠋ ᠲᠠᠢᠯᠠᠵᠠᠢ᠃ ᠳᠠᠢᠯᠠᠯᠭᠠᠳ᠋ᠤ ᠭᠤᠤᠯᠳᠠᠭᠤ ᠰᠢᠰᠢ᠂ ᠮᠤᠩᠭᠤᠯ ᠠᠮᠤ ᠪᠣᠯᠤᠨ ᠬᠣᠶᠠᠷ ᠬᠣᠨᠢ ᠭᠠᠷᠭᠠᠵᠠᠢ᠂ ᠳᠡᠭᠡᠷ᠎ᠡ ᠨᠢ ᠬᠣᠶᠠᠷ ᠳ᠋ᠠᠨ ᠠᠷᠢᠬᠢ ᠲᠠᠢ᠃ ᠡᠨᠡ ᠤᠳᠠᠭᠠᠨ᠎ᠤ ᠳᠠᠢᠯᠠᠯᠭ᠎ᠠ᠎ᠶ᠋ᠢᠨ ᠵᠠᠷᠤᠳᠠᠯ᠎ᠢ ᠲᠤᠬᠠᠢ᠎ᠶ᠋ᠢᠨ ᠭᠠᠵᠠᠷ᠎ᠤᠨ ᠴᠡᠷᠢᠭ ᠵᠠᠩᠵᠤᠨ 《ᠬᠤᠪᠢ ᠤᠷᠤᠭᠤᠯᠤᠨ》 ᠴᠤᠭ᠍ᠯᠠᠭᠤᠯᠤᠭ᠍ᠰᠠᠨ ᠶᠤᠮ᠂ ᠳᠡᠭᠡᠷ᠎ᠡ ᠳᠤᠷᠠᠳᠤᠭ᠍ᠰᠠᠨ ᠢᠳᠡᠭᠡᠨ ᠳᠡᠭᠡᠷ᠎ᠡ ᠪᠤᠰᠤᠳ ᠵᠠᠷᠤᠳᠠᠯ᠎ᠢ ᠨᠡᠮᠡᠭᠡᠳ 27 ᠨᠣᠶᠠᠨ ᠲᠦᠱᠢᠮᠡᠯ ᠬᠥᠮᠦᠨ ᠪᠦᠷᠢ 55 ᠵᠣᠭᠣᠰ ᠭᠠᠷᠭᠠᠵᠠᠢ ᠭᠡᠵᠡᠢ᠃
ᠲᠠᠩ ᠤᠯᠤᠰ᠎ᠤᠨ ᠺᠠᠢ ᠶᠤᠸᠠᠨ᠎ᠤ ᠬᠣᠷᠢᠨ ᠲᠠᠪᠤᠳᠤᠭᠠᠷ ᠣᠨ (737 ᠣᠨ)᠎ᠳ᠋ᠤ᠂ ᠸᠠᠩ ᠸᠧᠢ ᠬᠢᠨᠠᠨ ᠪᠠᠢᠴᠠᠭᠠᠭ᠍ᠴᠢ ᠲᠦᠱᠢᠮᠡᠯ᠎ᠦᠨ ᠬᠤᠪᠢ᠎ᠪᠠᠷ ᠪᠣᠭᠣᠮᠲᠠ᠎ᠶ᠋ᠢᠨ ᠭᠠᠳᠠᠨᠠᠬᠢ ᠴᠡᠷᠢᠭ ᠵᠠᠩᠵᠤᠨ ᠳᠤ ᠵᠠᠰᠠᠭ ᠤ᠋ᠨ ᠵᠠᠷᠯᠢᠭ ᠢ᠋ ᠤᠯᠠᠮᠵᠢᠯᠠᠵᠤ ᠲᠤᠬᠤᠨᠢᠭᠤᠯᠬᠤ ᠪᠡᠷ ᠳ᠋ᠠᠲ᠋ᠦ᠋ᠩ ᠬᠤᠳᠠ᠎ᠳᠤ ᠬᠦᠷᠪᠡ᠃
ᠳ᠋ᠠᠲ᠋ᠦ᠋ᠩ ᠬᠤᠳᠠ᠎ᠶ᠋ᠢ ᠤᠮᠠᠷᠠᠲᠤ ᠵᠧᠦ ᠤᠯᠤᠰ᠎ᠤᠨ ᠢᠦᠢ ᠸᠸᠨ ᠶᠦᠩ᠎ᠤᠨ ᠦᠶ᠎ᠡ᠎ᠳᠦ ᠡᠬᠢᠯᠡᠨ ᠪᠠᠢᠭᠤᠯᠵᠤ᠂ ᠰᠦᠢ ᠸᠸᠨ ᠳ᠋ᠢ ᠬᠠᠭᠠᠨ᠎ᠤ ᠺᠠᠢ ᠬᠤᠸᠠᠩ᠎ᠤᠨ ᠭᠤᠷᠪᠠᠳᠤᠭᠠᠷ ᠣᠨ(ᠨᠡᠢᠲᠡ᠎ᠶ᠋ᠢᠨ ᠣᠨ ᠲᠣᠭᠠᠯᠠᠯ᠎ᠤᠨ 583 ᠣᠨ)᠎ᠳ᠋ᠤ ᠳ᠋ᠠᠲ᠋ᠦ᠋ᠩ ᠬᠤᠳᠠ᠎ᠶ᠋ᠢᠨ ᠬᠠᠭᠤᠴᠢᠨ ᠪᠠᠭᠤᠷᠢ᠎ᠳᠤ ᠲᠦᠩ ᠴᠧᠩ ᠪᠠᠯᠭᠠᠰᠤ ᠪᠠᠢᠭᠤᠯᠵᠤ᠂ ᠲᠠᠩ ᠤᠯᠤᠰ᠎ᠤᠨ ᠵᠧᠨ ᠭᠤᠸᠠᠨᠤ ᠦᠶ᠎ᠡ᠎ᠳᠦ ᠲᠦᠩ ᠴᠧᠩ ᠬᠤᠳᠠ᠎ᠶ᠋ᠢ ᠪᠠᠢᠭᠤᠯᠵᠤ᠂ ᠴᠦᠢ ᠭᠦᠩ᠎ᠦᠨ ᠬᠣᠶᠠᠳᠤᠭᠠᠷ ᠣᠨ(ᠨᠡᠢᠲᠡ᠎ᠶ᠋ᠢᠨ ᠣᠨ ᠲᠣᠭᠠᠯᠠᠯ᠎ᠤᠨ 686 ᠣᠨ) ᠳ᠋ᠤ 《 ᠠᠨ ᠪᠸᠢ ᠨᠡᠢᠰᠯᠡᠯ ᠢ᠋ ᠬᠠᠮᠠᠭᠠᠯᠠᠬᠤ ᠹᠦ 》 ᠵᠢ ᠪᠠᠢᠭᠤᠯᠵᠤ᠂ ᠲᠠᠩ ᠤᠯᠤᠰ᠎ᠤᠨ ᠺᠠᠢ ᠶᠤᠸᠠᠨ᠎ᠤ ᠬᠣᠶᠠᠳᠤᠭᠠᠷ ᠣᠨ (ᠨᠡᠢᠲᠡ᠎ᠶ᠋ᠢᠨ ᠣᠨ ᠲᠣᠭᠠᠯᠠᠯ᠎ᠤᠨ 743 ᠣᠨ) ᠳ᠋ᠤ 《ᠨᠢᠩ ᠺᠸᠦ ᠵᠢᠶᠦ᠋ᠨ》 ᠢ᠋ ᠪᠠᠢᠭᠤᠯᠪᠠ᠃ ᠲᠤᠬᠠᠶ᠎ᠶ᠋ᠢᠨ ᠦᠶ᠎ᠡ᠎ᠶ᠋ᠢᠨ ᠴᠡᠷᠢᠭ᠎ᠦᠨ ᠶᠠᠪᠤᠳᠠᠯ᠎ᠤᠨ ᠪᠣᠭᠣᠮᠲᠠ ᠪᠣᠯᠤᠭ᠍ᠰᠠᠨ᠎ᠤ ᠬᠤᠪᠢ᠎ᠳᠤ᠂ ᠲᠡᠷᠡ ᠨᠢ ᠪᠣᠭᠣᠮᠲᠠ᠎ᠡᠴᠡ ᠭᠠᠷᠴᠤ᠌ ᠲᠠᠩ ᠤᠯᠤᠰ᠎ᠤᠨ ᠤᠮᠠᠷᠠᠲᠤ ᠬᠡᠰᠡᠭ᠎ᠦᠨ ᠲᠶᠦᠷᠺ ᠠᠢᠮᠠᠭ᠎ᠲᠤ ᠣᠷᠣᠬᠤ ᠴᠢᠬᠤᠯᠠ ᠪᠣᠭᠣᠮᠲᠠ ᠪᠣᠯᠤᠨ᠎ᠠ᠃
ᠡᠷᠲᠡ ᠡᠳᠦᠭᠡ ᠵᠢᠨ ᠦᠷᠬᠦᠯᠵᠢᠯᠡᠯ
ᠡᠵᠡᠨ᠎ᠡ ᠬᠣᠱᠢᠭᠤ ᠪᠣᠯ ᠪᠠᠳᠠᠢ᠎ᠶ᠋ᠢᠨ ᠵᠢᠷᠠᠨ᠎ᠤ ᠡᠯᠡᠰᠦᠨ᠎ᠳᠦ ᠬᠦᠷᠢᠶᠡᠯᠡᠭ᠌ᠳᠡᠭ᠌ᠰᠡᠨ ᠪᠠᠶᠠᠨ ᠪᠦᠷᠢᠳᠦ ᠪᠣᠯᠤᠨ᠎ᠠ᠂ ᠡᠨᠡ ᠬᠦ᠌ ᠨᠤᠲᠤᠭ ᠳᠡᠪᠢᠰᠭᠡᠷ ᠳᠡᠭᠡᠷ᠎ᠡ᠂ ᠭᠤᠷᠪᠠᠨ ᠮᠢᠩᠭᠠᠨ ᠵᠢᠯ ᠦᠬᠢᠷᠡᠰᠢ ᠦᠭᠡᠢ ᠠᠯᠳᠠᠨ ᠱᠢᠷᠭᠠᠯ ᠲᠣᠣᠷᠠᠢ ᠵᠢᠨ ᠮᠤᠳᠤ ᠨᠢ ᠬᠥᠮᠦᠰ᠎ᠢ ᠭᠠᠢᠬᠠᠰᠢ ᠠᠯᠳᠠᠭᠤᠯᠤᠨ᠎ᠠ᠂ ᠲᠣᠣᠷᠠᠢ᠎ᠶ᠋ᠢᠨ ᠮᠣᠳᠣ᠎ᠲᠠᠶ ᠠᠳᠠᠯᠢ᠎ᠪᠠᠷ ᠳᠡᠯᠡᠬᠡᠢ᠎ᠳᠦ ᠠᠯᠳᠠᠷᠱᠢᠭ᠍ᠰᠠᠨ ᠨᠢ ᠵᠢᠦᠢ ᠶᠠᠨ ᠤ᠋ ᠪᠠᠭᠤᠷᠢ ᠪᠤᠯᠤᠨ᠎ᠠ᠃
ᠤᠢ᠍ᠢᠷ᠎ᠠ᠎ᠶ᠋ᠢᠨ ᠵᠢᠯ᠎ᠳ᠋ᠤ᠂ ᠡᠵᠡᠨ᠎ᠡ ᠬᠣᠱᠢᠭᠤ ᠵᠢᠦᠢ ᠶᠠᠨ ᠤ᠋ ᠰᠣᠶᠣᠯ᠎ᠢᠶᠠᠷ ᠰᠦᠭ ᠰᠦᠨᠡᠰᠦ ᠪᠣᠯᠭᠠᠵᠤ᠂ ᠠᠮᠢ ᠠᠬᠤᠢ᠎ᠶ᠋ᠢᠨ ᠦᠵᠡᠮᠵᠢ᠎ᠪᠡᠷ ᠲᠦᠱᠢᠭ ᠪᠣᠯᠭᠠᠵᠤ᠂ ᠪᠦᠳᠦᠭᠡᠯᠴᠢ ᠪᠡᠷ ᠠᠮᠢᠳᠤᠯᠢᠠᠠᠵᠢᠭᠤᠯᠬᠤ᠂ ᠲᠣᠭᠠᠴᠢᠯᠠᠯᠳᠠ ᠪᠡᠷ ᠬᠦᠴᠦᠨ ᠤᠯᠭᠤᠬᠤ ᠪᠣᠯᠤᠨ ᠪᠦᠬᠦ᠌ ᠠᠷᠠᠳ᠎ᠤᠨ ᠬᠠᠮᠲᠤ᠎ᠶ᠋ᠢᠨ ᠪᠠᠢᠭᠤᠯᠤᠯᠲᠠ᠎ᠪᠠᠷ ᠳᠠᠮᠵᠢᠨ ᠥᠪᠡᠷᠮᠢᠴᠡ ᠣᠨᠴᠠᠯᠢᠭ᠎ᠲᠠᠶ ᠰᠣᠶᠣᠯ ᠵᠢᠭᠤᠯᠴᠢᠯᠠᠯ᠎ᠤᠨ ᠠᠭᠤᠰᠤᠯᠴᠠᠨ ᠬᠥᠭ᠌ᠵᠢᠬᠦ᠌ ᠵᠠᠮ᠎ᠢ ᠨᠡᠭᠡᠭᠡᠵᠦ᠍᠂ ᠮᠢᠩᠭᠠᠨ ᠵᠢᠯ᠎ᠦᠨ ᠲᠡᠦᠬᠡ᠎ᠶ᠋ᠢ ᠱᠢᠨ᠎ᠡ ᠴᠠᠭ ᠦᠶ᠎ᠡ᠎ᠳᠦ ᠴᠤᠭ ᠪᠠᠳᠠᠷᠠᠩᠭᠤᠢ ᠠᠮᠢᠵᠢᠷᠠᠯ᠎ᠤᠨ ᠬᠦᠴᠦᠨ᠎ᠲᠡᠶ ᠪᠣᠯᠭᠠᠪᠠ᠃
2024 ᠣᠨ᠎ᠳᠤ᠂ ᠡᠵᠡᠨ᠎ᠡ ᠬᠣᠱᠢᠭᠤ ᠬᠣᠶᠠᠳᠤᠭᠠᠷ ᠬᠤᠭᠤᠴᠠᠭᠠᠨ᠎ᠤ ᠵᠢᠦᠢ ᠶᠠᠨ ᠤ᠋ ᠰᠣᠶᠣᠯ ᠡᠷᠳᠡᠮ ᠱᠢᠨᠵᠢᠯᠡᠭᠡᠨ᠎ᠦ ᠰᠤᠳᠤᠯᠤᠨ ᠶᠠᠷᠢᠯᠴᠠᠬᠤ ᠬᠤᠷᠠᠯ ᠵᠢᠴᠢ ᠪᠠᠷᠠᠭᠤᠨ ᠱᠢᠶᠠ ᠤᠯᠤᠰ — ᠶᠤᠸᠠᠨ ᠤᠯᠤᠰ᠎ᠤᠨ ᠦᠶ᠎ᠡ᠎ᠶ᠋ᠢᠨ ᠬᠠᠷ᠎ᠠ ᠬᠤᠲᠠ᠎ᠶ᠋ᠢᠨ ᠲᠡᠦᠬᠡ ᠰᠣᠶᠣᠯ᠎ᠤᠨ ᠰᠤᠳᠤᠯᠭᠠᠨ᠎ᠤ ᠬᠤᠷᠠᠯ᠎ᠢ ᠠᠮᠵᠢᠯᠲᠠ᠎ᠲᠠᠶ ᠡᠷᠬᠢᠯᠡᠵᠦ᠍᠂ ᠳᠤᠮᠳᠠᠳᠤ ᠤᠯᠤᠰ᠎ᠤᠨ ᠨᠡᠢᠭᠡᠮ᠎ᠦᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠲᠡᠦᠬᠡ ᠰᠤᠳᠤᠯᠬᠤ ᠭᠠᠵᠠᠷ᠂ ᠬᠠᠭᠠᠨ᠎ᠤ ᠣᠷᠳᠣᠨ᠎ᠤ ᠮᠦᠽᠧᠢ ᠵᠡᠷᠭᠡ 18 ᠤᠯᠤᠰ᠎ᠤᠨ ᠳᠣᠲᠣᠭᠠᠳᠤ᠎ᠶ᠋ᠢᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠬᠦᠷᠢᠶᠡᠯᠡᠩ ᠭᠠᠵᠠᠷ ᠪᠣᠯᠤᠨ ᠶᠡᠬᠡ ᠳᠡᠭᠡᠳᠦ ᠰᠤᠷᠭᠠᠭᠤᠯᠢ᠎ᠶ᠋ᠢᠨ 70 ᠱᠢᠬᠠᠮ ᠲᠤᠰᠭᠠᠢ ᠮᠡᠷᠭᠡᠵᠢᠯᠲᠡᠨ ᠡᠷᠳᠡᠮᠲᠡᠨ᠎ᠢ ᠣᠷᠣᠯᠴᠠᠭᠤᠯᠵᠤ ᠂ ᠲᠡᠪᠰᠢᠭᠦᠯᠦᠭᠰᠡᠨ ᠦᠭᠦᠯᠡᠯ 50 ᠬᠦᠷᠪᠠ᠃
2025 ᠣᠨ᠎ᠳᠤ᠂ ᠡᠵᠡᠨ᠎ᠡ ᠬᠣᠱᠢᠭᠤ ᠵᠢᠦᠢ ᠶᠠᠨ ᠤ᠋ ᠰᠣᠶᠣᠯ᠎ᠢᠶᠠᠷ ᠬᠥᠪᠴᠢ ᠪᠣᠯᠭᠠᠵᠤ᠂ ᠡᠯᠡᠰᠦ ᠮᠠᠩᠬᠠᠨ ᠳ᠋ᠡᠬᠢ ᠵᠢᠦᠢ ᠶᠠᠨ᠂ ᠮᠢᠩᠭᠠᠨ ᠣᠨ᠎ᠤ ᠲᠣᠣᠷᠠᠢ᠎ᠶ᠋ᠢᠨ ᠮᠣᠳᠣ᠂ ᠬᠥᠮᠦᠨ ᠰᠠᠭᠤᠯᠭᠠᠭ᠍ᠰᠠᠨ ᠰᠠᠨᠰᠠᠷ᠎ᠤᠨ ᠠᠶᠠᠯᠠᠯ ᠵᠡᠷᠭᠡ ᠭᠣᠣᠯ ᠪᠣᠯᠬᠤ ᠰᠣᠶᠣᠯ᠎ᠤᠨ ᠵᠢᠭᠤᠯᠴᠢᠯᠠᠯ᠎ᠤᠨ IP ᠵᠢ ᠭᠦᠨᠵᠡᠭᠡᠢ ᠬᠣᠯᠪᠣᠵᠤ᠂ ᠵᠢᠦᠢ ᠶᠠᠨ — ᠬᠠᠷ᠎ᠠ ᠬᠤᠳᠠ᠎ᠶ᠋ᠢᠨ ᠪᠠᠭᠤᠷᠢ᠎ᠶ᠋ᠢ ᠲᠠᠬᠢᠨ ᠢᠯᠡᠷᠡᠭᠦᠯᠵᠦ᠍ ᠨᠢᠭᠤᠴᠠ᠎ᠶ᠋ᠢ ᠬᠠᠢᠬᠤᠢ · ᠲᠡᠦᠬᠡ᠎ᠶ᠋ᠢᠨ ᠳᠤᠷᠠᠰᠭᠠᠯᠲᠤ ᠵᠦᠢᠯᠡᠰ ᠤ᠋ᠨ ᠨᠢᠭᠤᠴᠠ ᠵᠢ ᠢᠯᠡᠷᠡᠭᠦᠯᠦᠶ᠎ᠡ· ᠵᠢᠦᠢ ᠶᠠᠨ ᠤ᠋ ᠲᠡᠦᠬᠡ ᠰᠣᠶᠣᠯ ᠤ᠋ᠨ ᠲᠤᠭᠠᠴᠢᠯᠠᠯᠳᠠ ᠵᠢᠨ ᠲᠡᠯᠭᠡᠨ ᠦᠵᠡᠭᠦᠯᠭᠡ ᠵᠢ ᠦᠷᠨᠢᠭᠦᠯᠵᠦ᠂ 《 ᠵᠢᠦᠢ ᠶᠠᠨ ᠤ᠋ ᠰᠠᠷ᠎ᠠ ᠲᠠᠢ ᠰᠥᠨᠢ》 ᠵᠢᠨ ᠰᠣᠶᠣᠯ᠎ᠤᠨ ᠵᠡᠭᠡᠯᠢ ᠲᠣᠭᠣᠷᠢᠭ᠎ᠢ ᠰᠢᠨ᠎ᠡ ᠵᠢ ᠡᠭᠦᠳᠦᠨ ᠪᠠᠢᠭᠤᠯᠪᠠ᠂ ᠡᠳᠡᠭᠡᠷ ᠱᠢᠨ᠎ᠡ ᠡᠭᠦᠳᠦᠯᠲᠡ ᠨᠢ ᠡᠷᠲᠡᠨ᠎ᠦ ᠪᠣᠯᠪᠠᠰᠤᠨ᠎ᠤ ᠱᠢᠨ᠎ᠡ ᠠᠮᠢᠵᠢᠷᠠᠯ᠎ᠤᠨ ᠬᠦᠴᠦᠨ᠎ᠢ ᠬᠥᠭ᠌ᠵᠢᠭᠡᠵᠦ᠍᠂ ᠲᠤᠬᠠᠢ᠎ᠶ᠋ᠢᠨ ᠭᠠᠵᠠᠷ᠎ᠤᠨ ᠠᠵᠤ ᠠᠬᠤᠢ᠎ᠶ᠋ᠢ ᠳᠠᠢᠴᠢᠯᠠᠬᠤ᠂ ᠣᠷᠣᠨ ᠪᠦᠰᠡ᠎ᠶ᠋ᠢᠨ ᠰᠣᠶᠣᠯ᠎ᠢ ᠤᠯᠠᠮᠵᠢᠯᠠᠬᠤ ᠱᠢᠨ᠎ᠡ ᠬᠥᠳᠡᠯᠭᠡᠭᠦᠷ ᠪᠣᠯᠤᠭ᠍ᠰᠠᠨ ᠪᠠᠢᠨ᠎ᠠ᠃
2025 ᠣᠨ᠎ᠤ 12 ᠰᠠᠷ᠎ᠠ᠎ᠶ᠋ᠢᠨ 28 ᠤ᠋ ᠡᠳᠦᠷ᠂ ᠲᠣᠮᠣ ᠬᠡᠯᠪᠡᠷᠢ᠎ᠶ᠋ᠢᠨ ᠲᠤᠰᠭᠠᠶ ᠰᠡᠳᠦᠪᠲᠦ ᠦᠵᠡᠰᠭᠦᠯᠡᠩ 《ᠵᠢᠤᠢ ᠶᠠᠨ᠎ᠤ ᠬᠤᠯᠤᠰᠤᠨ ᠪᠢᠴᠢᠭ — ᠵᠢᠤᠢ ᠶᠠᠨ᠎ᠤ ᠪᠠᠭᠤᠷᠢ᠎ᠡᠴᠡ ᠮᠠᠯᠲᠠᠵᠤ ᠭᠠᠷᠭᠠᠭ᠍ᠰᠠᠨ ᠬᠠᠨ ᠤᠯᠤᠰ ᠤ᠋ᠨ ᠦᠶ᠎ᠡ ᠵᠢᠨ ᠬᠤᠯᠤᠰᠤᠨ ᠪᠢᠴᠢᠭ ᠤ᠋ᠨ ᠲᠤᠰᠭᠠᠶ ᠰᠡᠳᠦᠪᠲᠦ ᠦᠵᠡᠰᠭᠦᠯᠡᠩ》 ᠥᠪᠥᠷ ᠮᠣᠩᠭᠣᠯ᠎ᠤᠨ ᠮᠦᠽᠧᠶ᠎ᠳᠦ ᠶᠠᠪᠤᠭ᠍ᠳᠠᠵᠤ᠂ ᠦᠵᠡᠰᠭᠦᠯᠡᠩ᠎ᠢ 2026 ᠣᠨ᠎ᠤ 3 ᠰᠠᠷ᠎ᠠ᠎ᠶ᠋ᠢᠨ 15 ᠤ᠋ ᠡᠳᠦᠷ ᠪᠣᠯᠲᠠᠯ᠎ᠠ ᠦᠷᠭᠦᠯᠵᠢᠯᠡᠨ ᠳᠡᠯᠭᠡᠨ ᠦᠵᠡᠭᠦᠯᠬᠦ᠌ ᠪᠣᠯᠤᠨ᠎ᠠ᠃
ᠰᠤᠪᠨᠠᠭᠤᠷ ᠪᠣᠯ ᠳᠤᠮᠳᠠᠳᠤ ᠤᠯᠤᠰ᠎ᠤᠨ ᠬᠣᠶᠠᠳᠤᠭᠠᠷ ᠶᠡᠬᠡ ᠳᠣᠲᠣᠭᠠᠳᠤ ᠬᠠᠭᠤᠷᠠᠶ᠎ᠶ᠋ᠢᠨ ᠭᠣᠣᠯ ᠪᠣᠯᠬᠤ ᠬᠠᠷ᠎ᠠ ᠭᠣᠣᠯ᠎ᠤᠨ ᠠᠳᠠᠭ ᠲᠤ᠌ ᠪᠠᠢᠭ᠎ᠠ ᠨᠠᠭᠤᠷ ᠪᠠᠢᠵᠤ᠂ ᠲᠣᠷᠭᠠᠨ ᠵᠠᠮ ᠳᠡᠭᠡᠷᠡᠬᠢ ᠠᠵᠤ ᠠᠬᠤᠶ ᠴᠡᠴᠡᠭ᠌ᠯᠡᠨ ᠬᠥᠭ᠌ᠵᠢᠭ᠌ᠰᠡᠨ 《ᠲᠡᠮᠡᠭᠡᠨ ᠵᠢᠩ᠎ᠦᠨ ᠡᠷᠲᠡᠨ᠎ᠦ ᠵᠠᠮ 》 ᠪᠠᠢᠭ᠍ᠰᠠᠨ ᠪᠥᠭᠡᠳ ᠬᠠᠨ ᠤᠯᠤᠰ᠎ᠤᠨ ᠦᠶ᠎ᠡ᠎ᠳᠦ ᠠᠲᠠᠷ ᠬᠠᠭᠠᠯᠪᠤᠷᠢᠯᠠᠨ ᠬᠢᠯᠢ ᠬᠢᠵᠠᠭᠠᠷ᠎ᠢ ᠬᠠᠮᠠᠭᠠᠯᠠᠭ᠍ᠰᠠᠨ 《 ᠪᠣᠭᠣᠮᠲᠠ᠎ᠶ᠋ᠢᠨ ᠤᠰᠤᠨ ᠰᠠᠩ 》 ᠪᠠᠢᠭ᠍ᠰᠠᠨ ᠶᠤᠮ᠃
ᠭᠡᠲᠡᠯ᠎ᠡ ᠬᠠᠷ᠎ᠠ ᠭᠤᠤᠯ᠎ᠤᠨ ᠳᠤᠮᠳᠠ ᠤᠷᠤᠰᠭᠠᠯ᠎ᠤᠨ ᠲᠠᠷᠢᠶᠠᠯᠠᠩ᠎ᠤᠨ ᠬᠥᠭ᠌ᠵᠢᠯᠲᠡ᠎ᠶ᠋ᠢ ᠳᠠᠭᠠᠯᠳᠤᠨ᠂ ᠤᠰᠤ ᠬᠡᠷᠡᠭ᠌ᠯᠡᠬᠦ᠌ ᠬᠡᠮᠵᠢᠶ᠎ᠡ ᠨᠢ ᠲᠠᠰᠤᠷᠠᠯᠲᠠ ᠥᠬᠡᠶ ᠨᠡᠮᠡᠭ᠌ᠳᠡᠵᠦ᠍᠂ ᠭᠤᠤᠯ᠎ᠤᠨ ᠵᠠᠮ ᠲᠠᠰᠤᠷᠠᠵᠤ᠂ ᠨᠠᠭᠤᠷ ᠴᠥᠭᠥᠷᠥᠮ ᠬᠠᠳᠠᠵᠤ ᠱᠢᠷᠭᠢᠪᠡ᠃ ᠭᠠᠰᠢᠭᠤᠨ ᠨᠠᠭᠤᠷ 1961 ᠣᠨ᠎ᠳᠤ ᠬᠠᠳᠠᠵᠤ᠂ ᠰᠤᠪᠨᠠᠭᠤᠷ 1992 ᠣᠨ᠎ᠳᠤ ᠬᠠᠳᠠᠵᠠᠢ᠃
2001 ᠣᠨ᠎ᠳᠤ ᠤᠯᠤᠰ᠎ᠡᠴᠡ ᠬᠠᠷ᠎ᠠ ᠭᠣᠣᠯ᠎ᠤᠨ ᠵᠠᠰᠠᠯᠲᠠ᠎ᠶ᠋ᠢᠨ ᠢᠨᠵᠧᠨᠧᠷᠢᠩ᠎ᠢ ᠬᠡᠷᠡᠭ᠌ᠵᠢᠭᠦᠯᠦᠭ᠌ᠰᠡᠨ᠎ᠡᠴᠡ ᠨᠠᠭᠠᠰᠢ᠂ ᠰᠤᠪᠨᠠᠭᠤᠷ᠎ᠲᠤ 12.8 ᠳ᠋ᠦᠩᠱᠢᠭᠤᠷ ᠪᠣᠰᠣᠭ᠎ᠠ ᠳᠥᠷᠪᠡᠯᠵᠢᠨ ᠮᠸᠲᠷ ᠤᠰᠤ ᠣᠷᠣᠭᠤᠯᠵᠤ᠂ 20 ᠭᠠᠷᠤᠢ ᠵᠢᠯ ᠳᠠᠷᠠᠭᠠᠯᠠᠨ ᠱᠢᠷᠭᠢᠭᠰᠡᠨ ᠦᠭᠡᠢ ᠪᠠᠢᠵᠤ᠂ ᠨᠣᠮᠢᠨ ᠳᠣᠯᠭᠢᠶᠠᠨ ᠬᠠᠶᠠᠯᠠᠭ᠍ᠰᠠᠨ ᠪᠠᠢᠭᠠᠯᠢ᠎ᠶ᠋ᠢᠨ ᠳᠦᠷᠰᠦ ᠪᠠᠢᠳᠠᠯ᠎ᠢ ᠰᠡᠷᠭᠦᠭᠡᠪᠡ᠃
ᠣᠳᠣᠬᠠᠨ᠎ᠳᠤ᠂ ᠰᠤᠪᠨᠠᠭᠤᠷ᠎ᠤᠨ ᠨᠤᠭᠤ ᠭᠠᠵᠠᠷ᠎ᠤᠨ ᠤᠰᠤᠨ ᠣᠷᠣᠨ᠎ᠤ ᠲᠠᠯᠠᠪᠠᠢ 40.2 ᠲᠡᠭ᠌ᠰᠢ ᠳᠥᠷᠪᠡᠯᠵᠢᠨ ᠺᠢᠯᠤᠮᠸᠲᠷ ᠲᠤ᠌ ᠬᠦᠷᠴᠦ᠍᠂ ᠠᠯᠠᠭ᠎ᠠ ᠪᠣᠯᠣᠭᠠᠳ ᠤᠯᠠᠨ ᠵᠢᠯ ᠪᠣᠯᠤᠭ᠍ᠰᠠᠨ ᠬᠤᠨ ᠭᠠᠯᠠᠭᠤᠨ᠎ᠤ ᠰᠦᠷᠦᠭ ᠴᠤ᠌ ᠪᠤᠴᠠᠵᠤ ᠢᠷᠡᠪᠡ᠃ ᠲᠤᠤᠷᠠᠶ᠎ᠶ᠋ᠢᠨ ᠣᠶ᠎ᠶ᠋ᠢᠨ ᠲᠠᠯᠠᠪᠠᠶ ᠪᠤᠴᠠᠭᠠᠳ 45 ᠲᠦᠮᠡᠨ ᠮᠤ᠌᠎ᠳᠦ ᠬᠦᠷᠴᠦ᠍᠂ ᠴᠠᠭᠠᠨ ᠳᠡᠭᠡᠯᠡᠶ᠂ ᠬᠤᠨ ᠭᠠᠯᠠᠭᠤ᠂ ᠤᠯᠠᠭᠠᠨ ᠬᠣᠱᠢᠭᠤ᠎ᠲᠤ ᠴᠠᠬᠤᠯᠠᠶ ᠵᠡᠷᠭᠡ 100 ᠭᠠᠷᠤᠶ ᠨᠡᠭᠦᠳᠡᠯ᠎ᠦᠨ ᠱᠢᠪᠠᠭᠤ ᠡᠨᠳᠡ ᠢᠷᠡᠵᠦ ᠰᠠᠭᠤᠷᠢᠰᠢᠪᠠ᠃
ᠵᠢᠤᠢ ᠶᠠᠨ᠎ᠤ ᠪᠠᠭᠤᠷᠢ᠎ᠶ᠋ᠢ ᠰᠣᠶᠣᠯ᠎ᠤᠨ ᠥᠪ᠎ᠢᠶᠡᠷ ᠮᠡᠳᠡᠭᠦᠯᠬᠦ᠌ ᠠᠵᠢᠯ᠎ᠢ ᠪᠥᠬᠥ᠌ ᠲᠠᠯ᠎ᠠ᠎ᠪᠠᠷ ᠠᠬᠢᠭᠤᠯᠵᠤ ᠪᠠᠢᠨ᠎ᠠ᠂ ᠠᠯᠠᠱᠠ᠎ᠶ᠋ᠢᠨ ᠵᠢᠤᠢ ᠶᠠᠨ᠎ᠤ ᠰᠣᠶᠣᠯ᠎ᠤᠨ ᠰᠤᠳᠤᠯᠭᠠᠨ᠎ᠤ ᠲᠥᠪ᠎ᠦᠨ ᠳᠡᠳ᠋ ᠡᠷᠬᠢᠯᠡᠭ᠌ᠴᠢ ᠫᠸᠢ ᠬᠠᠶ ᠱᠢᠶᠠ᠎ᠶ᠋ᠢᠨ ᠲᠠᠨᠢᠯᠴᠠᠭᠤᠯᠤᠭ᠍ᠰᠠᠨ᠎ᠢᠶᠠᠷ᠂ 2024 ᠣᠨ᠎ᠤ 12 ᠰᠠᠷ᠎ᠠ᠎ᠳᠤ ᠵᠢᠤᠢ ᠶᠠᠨ᠎ᠤ ᠪᠠᠭᠤᠷᠢ 《ᠳᠤᠮᠳᠠᠳᠤ ᠤᠯᠤᠰ᠎ᠤᠨ ᠳᠡᠯᠡᠬᠡᠶ᠎ᠶ᠋ᠢᠨ ᠰᠣᠶᠣᠯ᠎ᠤᠨ ᠥᠪ᠎ᠦᠨ ᠪᠡᠯᠡᠳᠭᠡᠯ ᠨᠡᠷᠡᠰ》 ᠲᠤ᠌ ᠰᠣᠩᠭᠣᠭ᠍ᠳᠠᠪᠠ᠃ ᠣᠳᠣᠬᠠᠨ᠎ᠳᠤ 《 ᠵᠢᠤᠢ ᠶᠠᠨ᠎ᠤ ᠪᠠᠭᠤᠷᠢ᠎ᠶ᠋ᠢ ᠳᠡᠯᠡᠬᠡᠶ᠎ᠶ᠋ᠢᠨ ᠰᠣᠶᠣᠯ᠎ᠤᠨ ᠥᠪ᠎ᠢᠶᠡᠷ ᠭᠤᠶᠤᠴᠢᠯᠠᠨ ᠮᠡᠳᠡᠭᠦᠯᠬᠦ᠌ ᠪᠡᠯᠡᠳᠭᠡᠯ ᠨᠡᠷᠡᠰ᠎ᠤ᠋ᠨ ᠭᠤᠶᠤᠴᠢᠯᠠᠨ ᠮᠡᠳᠡᠭᠦᠯᠬᠦ᠌ ᠬᠦᠰᠦᠨᠦᠭ᠌ᠲᠦ》 ᠶ᠋ᠢ ᠨᠢᠭᠡᠨᠲᠡ ᠨᠠᠢᠷᠠᠭᠤᠯᠤᠨ ᠵᠣᠬᠢᠶᠠᠵᠤ ᠳᠠᠭᠤᠰᠭᠠᠪᠠ᠂ ᠠᠯᠠᠱᠠ ᠠᠢᠮᠠᠭ ᠪᠣᠯᠤᠨ ᠵᠢᠦᠴᠢᠦᠸᠠᠨ ᠬᠣᠲᠠ ᠶᠠᠭ ᠵᠢᠤᠢ ᠶᠠᠨ᠎ᠤ ᠪᠠᠭᠤᠷᠢ᠎ᠶ᠋ᠢ ᠳᠡᠯᠡᠬᠡᠶ᠎ᠶ᠋ᠢᠨ ᠰᠣᠶᠣᠯ᠎ᠤᠨ ᠥᠪ᠎ᠢᠶᠡᠷ ᠭᠤᠶᠤᠴᠢᠯᠠᠨ ᠮᠡᠳᠡᠭᠦᠯᠬᠦ᠌ ᠠᠵᠢᠯ᠎ᠢ ᠬᠠᠮᠲᠤᠷᠠᠨ ᠠᠬᠢᠭᠤᠯᠵᠤ ᠪᠠᠢᠨ᠎ᠠ᠃
ᠡᠵᠡᠨ᠎ᠡ ᠬᠣᠱᠢᠭᠤ᠂ ᠡᠨᠡ ᠬᠦ᠌ ᠵᠢᠦᠢ ᠶᠠᠨ ᠤ᠋ ᠪᠠᠭᠤᠷᠢ᠎ᠡᠴᠡ ᠪᠣᠯᠵᠤ ᠬᠦᠨ ᠵᠤᠵᠠᠭᠠᠨ ᠲᠡᠤᠬᠡ ᠲᠠᠢ᠂ ᠲᠣᠣᠷᠠᠢ᠎ᠶ᠋ᠢᠨ ᠣᠢᠡᠴᠡ ᠪᠣᠯᠵᠤ ᠭᠡᠷᠡᠯ ᠭᠢᠯᠪᠠᠭ᠎ᠠ ᠲᠠᠢ᠂ ᠰᠠᠨᠰᠠᠷ᠎ᠤᠨ ᠠᠶᠠᠯᠠᠯ᠎ᠤᠨ ᠦᠢᠯᠡᠰ᠎ᠡᠴᠡ ᠪᠣᠯᠵᠤ ᠭᠡᠷᠡᠯ ᠰᠠᠴᠤᠷᠠᠩᠭᠤᠢ ᠪᠣᠯᠤᠭ᠍ᠰᠠᠨ ᠡᠨᠡ ᠬᠦ᠌ ᠤᠮᠠᠷᠠᠲᠤ᠎ᠶ᠋ᠢᠨ ᠵᠢᠵᠢᠭ ᠬᠣᠲᠠ ᠨᠡᠭᠡᠭᠡᠯᠲᠡ ᠬᠢᠵᠦ᠍ ᠬᠠᠮᠲᠤ᠎ᠪᠠᠷ ᠡᠳ᠋ᠯᠡᠬᠦ᠌ ᠣᠪᠣᠷ᠎ᠢᠶᠠᠷ ᠳᠡᠯᠡᠬᠡᠢ᠎ᠶ᠋ᠢᠨ ᠡᠯ᠎ᠡ ᠭᠠᠵᠠᠷ᠎ᠤᠨ ᠵᠢᠭᠤᠯᠴᠢᠯᠠᠭᠰᠠᠳ᠎ᠢ ᠤᠷᠢᠵᠤ ᠮᠢᠩᠭᠠᠨ ᠣᠨ ᠦᠷᠬᠦᠯᠵᠢᠯᠡᠭᠰᠡᠨ ᠵᠢᠦᠢ ᠶᠠᠨ ᠤ᠋ ᠦᠯᠢᠭᠡᠷ᠎ᠢ ᠰᠣᠨᠣᠰᠭᠠᠵᠤ ᠪᠠᠢᠨ᠎ᠠ᠃