ᠳᠤᠰᠬᠤᠨ ᠤ᠋ ᠡᠮᠴᠢ ᠨᠠᠷ ᠎ᠤᠨ ᠳᠤᠬᠠᠳᠠᠢ ᠤᠢᠯᠠᠴᠢᠯᠡᠬᠡ
2026-01-30 10:27:46
ᠵᠣᠬᠢᠶᠠᠭ᠍ᠴᠢ᠄
ᠬᠣ᠌ ᡁᠢ ᠮᠢᠨ
ᠣᠩᠱᠢᠭ᠍ᠰᠠᠨ ᠣᠳᠠᠭ᠎ᠠ᠄
★★★☆☆

《ᠵᠢᠵᠢᠭ ᠰᠠᠵᠢᠬ ᠡᠪᠡᠳᠴᠢᠨ ᠳ᠋ᠦ ᠨᠡᠷᠪᠡᠭᠳᠡᠪᠡᠯ ᠳᠤᠰᠬᠤᠨ ᠡᠴᠡ ᠭᠠᠷᠬᠤ ᠤᠴᠢᠷ ᠦᠭᠡᠢ᠂ ᠯᠢ ᠡᠮᠴᠢ ᠵᠢᠨ ᠳᠡᠡᠳᠡ ᠬᠦᠷᠴᠦ ᠵᠡᠬᠦᠦ ᠲᠦᠭᠡᠨᠡᠯᠭᠡ ᠬᠢᠯᠬᠡᠪᠡᠯ ᠰᠠᠢᠨ ᠪᠤᠯᠴᠢᠬᠠᠨ᠎ᠠ》 ᠭᠡᠵᠦ ᠲᠦᠴᠢᠤᠸᠠᠨ ᠰᠢᠶᠠᠨ ᠤ᠋ ᠲᠦᠴᠢᠤᠸᠠᠨ ᠪᠠᠯᠭᠠᠰᠤᠨ ᠤ᠋ ᠯᠢᠦ ᠰᠢ ᠳᠤᠰᠬᠤᠨ ᠤ᠋ ᠠᠷᠠᠳ ᠯᠢ ᠮᠢᠡᠭ ᠵᠸᠡᠭ ᠶᠠᠷᠢᠵᠦ ᠪᠠᠢᠯ᠎ᠠ᠃ ᠯᠢ ᠮᠢᠡᠭ ᠵᠸᠡᠭ ᠤ᠋ᠨ ᠶᠠᠷᠢᠵᠦ ᠪᠠᠢᠭ᠎ᠠ ᠯᠢ ᠡᠮᠴᠢ ᠪᠤᠯ ᠯᠢᠦ ᠰᠢ ᠳᠤᠰᠬᠤᠨ ᠤ᠋ ᠳᠤᠰᠬᠤᠨ ᠤ᠋ ᠡᠮᠴᠢ ᠯᠢ ᠬᠤᠡᠭ ᠱᠤᠸᠠᠡᠭ ᠪᠤᠯᠤᠨ᠎ᠠ᠃

《ᠠᠡᠭᠬ᠎ᠠ ᠠᠵᠢᠯ ᠤ᠋ᠨ ᠪᠠᠢᠷᠢᠨ ᠳ᠋ᠦ ᠭᠠᠷᠬᠤ ᠦᠶ᠎ᠠ ᠳ᠋ᠦ ᠳᠤᠰᠬᠤᠨ ᠤ᠋ ᠡᠷᠡᠬᠦᠯ ᠬᠠᠮᠠᠭᠠᠯᠠᠯ ᠤ᠋ᠨ ᠳᠠᠰᠤᠬ ᠲᠤ᠌ ᠨᠢᠭᠡ ᠯᠠ ᠠᠯᠪᠠᠯᠠᠬᠤ ᠰᠢᠷᠡᠭᠡ ᠰᠠᠨᠳᠠᠯᠢ ᠪᠠ ᠨᠢᠭᠡ ᠯᠠ ᠴᠢᠡᠭᠨᠠᠭᠤᠷ ᠳᠠᠢ ᠪᠠᠢᠵᠦ᠂ ᠵᠦᠪᠭᠡᠨ ᠰᠤᠷᠭᠠᠭᠤᠯᠢ ᠳ᠋ᠦ ᠰᠤᠷᠤᠬᠰᠠᠨ ᠤᠨᠤᠯ ᠤ᠋ᠨ ᠮᠡᠳᠡᠯᠭᠡ ᠳ᠋ᠡᠭᠡᠨ ᠲᠦᠰᠢᠭᠯᠡᠨ ᠤᠨᠤᠰᠢᠯᠠᠨ ᠡᠮᠨᠡᠵᠥ᠂ ᠳᠤᠷᠰᠢᠯᠭ᠎ᠠ ᠰᠤᠷᠭᠠᠮᠵᠢ ᠬᠤᠷᠠᠮᠳᠤᠭᠤᠯᠬᠤ ᠴᠢᠬᠤᠯᠠᠳᠠᠢ ᠪᠠᠢᠪᠠ》 ᠭᠡᠵᠦ ᠡᠨᠡ ᠵᠢᠯ 45 ᠨᠠᠰᠤᠳᠠᠢ ᠳᠤᠰᠬᠤᠨ ᠤ᠋ ᠡᠮᠴᠢ ᠯᠢ ᠬᠤᠡᠭ ᠱᠤᠸᠠᠡᠭ ᠦᠡᠭᠭᠡᠷᠡᠭᠰᠡᠨ ᠵᠢᠨᠨ ᠡᠷᠬᠢᠴᠡᠬᠦᠯᠤᠨ ᠶᠠᠷᠢᠵᠦ ᠪᠠᠢᠯ᠎ᠠ᠃ ᠤᠳᠦ ᠯᠢᠦ ᠰᠢ ᠳᠤᠰᠬᠤᠨ ᠤ᠋ ᠡᠷᠡᠬᠦᠯ ᠬᠠᠮᠠᠭᠠᠯᠠᠯ ᠤ᠋ᠨ ᠳᠠᠰᠤᠬ ᠲᠤ᠌ ᠴᠡᠪᠡᠷ ᠳᠡᠭᠰᠢᠭᠡᠨ ᠡᠪᠡᠳᠴᠢᠳᠡᠨ ᠤ᠋ ᠤᠷᠤ᠂ ᠲᠦᠷᠦᠯ ᠬᠤᠪᠢᠶᠠᠨ ᠳᠠᠯᠪᠢᠬᠳᠠᠬᠰᠠᠠ ᠡᠮ ᠤ᠋ᠨ ᠵᠦᠢᠯᠡᠰ᠂ ᠡᠯ᠎ᠠ ᠰᠢᠨ᠎ᠠ ᠭᠡᠯᠪᠡᠷᠢ ᠵᠢᠨ ᠡᠮᠴᠢᠯᠡᠭᠡᠨ ᠤ᠋ ᠳᠤᠨᠤᠬ ᠲᠦᠬᠦᠭᠡᠷᠤᠮᠵᠢ ᠵᠡᠷᠭᠡ ᠨᠢ ᠪᠦᠷᠢᠨ ᠪᠠᠢᠵᠦ᠂ ᠪᠦᠬᠦ ᠳᠤᠰᠬᠤᠨ ᠤ᠋ 300 ᠭᠠᠷᠤᠢ ᠰᠠᠭᠤᠭᠠᠯᠢ ᠠᠷᠠᠳ᠎ᠤᠨ ᠡᠷᠡᠬᠦᠯ ᠡᠡᠭᠭᠡ ᠵᠢᠨ ᠤᠯᠠᠭ᠎ᠠ ᠦᠷᠳᠡᠭᠡ ᠪᠤᠯᠤᠬᠰᠠᠨ ᠪᠠᠢᠨ᠎ᠠ᠃

ᠬᠦᠳᠡᠭᠡ ᠳᠤᠰᠬᠤᠨ ᠤ᠋ ᠡᠷᠡᠬᠦᠯ ᠬᠠᠮᠠᠭᠠᠯᠠᠯ ᠤ᠋ᠨ ᠳᠠᠰᠤᠬ ᠤ᠋ᠨ ᠠᠵᠢᠯᠯᠠᠬᠤ ᠨᠦᠬᠦᠴᠡᠯ ᠠᠨᠠᠢ ᠮᠦᠷᠳᠡᠭᠡᠨ ᠡᠮᠴᠢ ᠠᠵᠢᠯᠳᠡᠳ ᠤ᠋ᠨ ᠳᠠᠷᠤᠭᠠᠰᠦ ᠴᠤ᠌ ᠬᠦᠨᠳᠦ ᠪᠠᠢᠳᠡᠬ᠂ ᠳᠡᠳᠡ ᠠᠮᠠᠷᠠᠯᠳᠠ ᠵᠢᠨ ᠡᠳᠦᠷ ᠥᠬᠡᠢ ᠮᠥᠷᠳᠡᠬᠡᠨ ᠡᠳᠦᠷ ᠰᠦᠨᠢ ᠵᠢ ᠢᠯᠭᠠᠯ ᠦᠭᠡᠢ ᠳᠤᠰᠬᠤᠨ ᠤ᠋ ᠠᠷᠠᠳ ᠤ᠋ᠨ ᠡᠷᠦᠭᠡ ᠪᠡᠷ ᠬᠦᠷᠴᠦ ᠡᠮᠴᠢᠯᠡᠭᠡ ᠬᠢᠳᠡᠭ᠃ ᠳᠤᠬᠠᠢᠯᠠᠪᠠᠯ᠂ 2025 ᠤᠨ᠎ᠤ  ᠬᠠᠪᠤᠷ ᠤ᠋ᠨ ᠨᠢᠭᠡᠨ ᠴᠠᠰᠤ ᠲᠠᠢ ᠡᠳᠦᠷ᠂ ᠯᠢ ᠬᠤᠡᠭ ᠱᠤᠸᠠᠡᠭ ᠡᠮᠴᠢ ᠳᠤᠰᠬᠤᠨ ᠤ᠋ ᠠᠷᠠᠳ ᠸᠠᠩ ᠸᠧᠨ ᠼᠠᠢ ᠵᠢᠨ ᠪᠠᠴᠢᠮ ᠤᠳᠠᠰᠤ ᠵᠢ ᠲᠤᠰᠤᠭᠠᠳ ᠲᠠᠷᠠ ᠳᠤᠤᠷ᠎ᠠ ᠨᠢ ᠬᠡᠷ ᠳᠤᠨᠢ ᠬᠦᠷᠦᠭᠰᠡᠡ᠎ᠤ ᠲᠠᠷᠠᠭ᠎ᠠ ᠪᠦᠭᠡᠷ᠎ᠠ ᠴᠢᠯᠠᠭᠤᠵᠢᠬᠤ ᠡᠪᠡᠳᠴᠢᠨ ᠳ᠋ᠥ ᠨᠠᠷᠪᠡᠭᠳᠡᠭᠰᠡᠨ ᠎ᠢ ᠤᠨᠤᠰᠢᠯᠠᠨ ᠮᠠᠳᠡᠵᠥ ᠲᠠᠷᠠ ᠲᠠᠷᠤᠢ ᠦᠪᠡᠷ ᠤ᠋ᠨ ᠳᠡᠷᠭᠡ ᠪᠡᠷ ᠵᠢᠨᠨ ᠸᠠᠩ ᠸᠧᠨ ᠼᠠᠢ ᠵᠢ ᠰᠢᠶᠠᠨ ᠤ᠋ ᠡᠮᠨᠡᠯᠭᠡ ᠵᠢᠨ ᠬᠤᠷᠢᠶ᠎ᠠ ᠵᠢᠨ ᠲᠦᠷᠭᠡᠨ ᠠᠪᠤᠷᠠᠯᠳᠠ ᠵᠢᠨ ᠳᠠᠰᠤᠬ ᠲᠤ᠌ ᠬᠦᠷᠭᠡᠭᠰᠡᠨ ᠪᠠᠢᠨ᠎ᠠ᠃

ᠯᠢ ᠬᠤᠡᠭ ᠱᠤᠸᠠᠡᠭ ᠡᠮᠴᠢ ᠳ᠋ᠦ ᠠᠪᠴᠦ ᠭᠡᠯᠡᠪᠡᠯ᠂ ᠰᠦᠨᠢ ᠪᠡᠷ ᠡᠮᠴᠢᠯᠡᠭᠡ ᠳ᠋ᠦ ᠭᠠᠷᠬᠤ ᠨᠢ ᠡᠩ ᠤ᠋ᠨ ᠶᠠᠪᠤᠳᠠᠯ ᠪᠠᠢᠵᠦ᠂ ᠨᠠᠡᠭ ᠴᠢᠨᠠᠬᠰᠢᠯᠠᠪᠠᠯ ᠦᠪᠡᠷ ᠤ᠋ᠨ ᠵᠤᠭᠤᠰ ᠵᠢᠨᠷ ᠵᠢᠨᠨ ᠶᠠᠳᠠᠭᠤ ᠬᠦᠴᠢᠷᠳᠠᠯᠳᠠᠢ ᠳᠤᠰᠬᠤᠨ ᠤ᠋ ᠠᠷᠠᠳ ᠤ᠋ᠨ ᠡᠮ ᠤ᠋ᠨ ᠰᠦᠢᠳᠭᠡᠯ  ᠢ᠋ ᠤᠷᠤᠯᠠᠨ ᠦᠭᠬᠦ᠂ ᠬᠤᠪᠢ ᠵᠢᠨ ᠮᠠᠰᠢᠨ ᠳᠡᠷᠭᠡ ᠪᠡᠷ ᠵᠢᠨᠨ ᠪᠠᠴᠢᠮ ᠲᠦᠭᠰᠢᠬᠦᠷᠢᠳᠠᠢ ᠡᠪᠡᠳᠴᠢᠳᠡᠨ ᠢ᠋ ᠡᠮᠨᠡᠯᠭᠡ ᠵᠢᠨ ᠬᠤᠷᠢᠶ᠎ᠠ ᠳ᠋ᠦ ᠬᠦᠷᠭᠡᠬᠦ᠂ ᠭᠤᠤᠨᠢ ᠨᠠᠰᠤᠳᠠᠨ ᠳ᠋ᠦ ᠪᠠᠷ᠎ᠠ ᠪᠤᠯᠵᠦ ᠶᠡᠭᠡ ᠬᠤᠳᠠ ᠪᠡᠷ ᠬᠦᠷᠴᠦ ᠡᠮᠴᠢᠯᠡᠭᠡ ᠬᠢᠵᠦ᠂ ᠦᠨᠡᠭᠡᠷ ᠳᠤᠰᠬᠤᠨ ᠤ᠋ ᠤᠯᠠᠨ ᠲᠦᠮᠡᠨ ᠤ᠋ ᠪᠠᠨ ᠡᠷᠡᠬᠦᠯ ᠡᠡᠭᠭᠡ ᠵᠢᠨ ᠡᠯᠴᠢ ᠪᠤᠯᠤᠬᠰᠠᠨ ᠪᠠᠢᠨ᠎ᠠ ᠃

ᠲᠦᠴᠢᠤᠸᠠᠨ ᠰᠢᠶᠠᠨ ᠤ᠋ ᠯᠢ ᠴᠢᠤᠸᠠᠨ ᠪᠠᠭ᠎ᠠ ᠳᠤᠭᠤᠷᠢᠬ ᠤ᠋ᠨ ᠡᠷᠡᠬᠦᠯ ᠬᠠᠮᠠᠭᠠᠯᠠᠯ ᠤ᠋ᠨ ᠳᠠᠰᠤᠬ ᠨᠢ 2019 ᠤᠨ ᠤ᠋ ᠡᠬᠢ ᠪᠡᠷ ᠰᠢᠨ᠎ᠠ ᠪᠡᠷ ᠪᠠᠢᠭᠤᠯᠤᠬᠳᠠᠵᠦ᠂ ᠪᠦᠬᠦ ᠰᠢᠶᠠᠨ ᠤ᠋ ᠬᠠᠮᠤᠬ ᠤ᠋ᠨ ᠶᠡᠭᠡ ᠨᠡᠬᠦᠳᠡᠯ ᠠᠷᠠᠳ ᠢ᠋ ᠲᠦᠪᠬᠢᠨᠡᠬᠦᠯᠦᠨ ᠰᠠᠭᠤᠯᠭᠠᠬᠰᠠᠨ ᠪᠠᠭ᠎ᠠ ᠳᠤᠭᠤᠷᠢᠬ ᠤ᠋ᠨ ᠡᠷᠡᠬᠦᠯ ᠬᠠᠮᠠᠭᠠᠯᠠᠯ ᠤ᠋ᠨ ᠳᠠᠰᠤᠬ ᠪᠤᠯᠤᠬᠰᠠᠨ ᠪᠠᠢᠨ᠎ᠠ᠃ ᠡᠷᠡᠬᠦᠯ ᠬᠠᠮᠠᠭᠠᠯᠠᠯ ᠤ᠋ᠨ ᠳᠠᠰᠤᠬ ᠤ᠋ᠨ ᠡᠮᠴᠢ ᠯᠢ ᠮᠢᠡᠭ ᠳᠤᠬᠠᠢ ᠵᠢᠨ ᠭᠠᠵᠠᠷ ᠤ᠋ᠨ ᠨᠡᠬᠦᠳᠡᠯ ᠠᠷᠠᠳ ᠤ᠋ᠨ ᠬᠦᠯ ᠨᠢᠷᠤᠭᠤ ᠪᠠ ᠶᠠᠰᠤᠨ ᠤ᠋ ᠡᠪᠡᠳᠴᠢᠨ ᠳ᠋ᠦ ᠨᠡᠷᠪᠡᠭᠳᠡᠭᠰᠡᠨ ᠪᠠᠢᠳᠡᠯ ᠬᠦᠨᠳᠦ ᠭᠡᠴᠡᠬᠦᠦ ᠪᠠᠢᠬᠤ ᠳ᠋ᠦ ᠴᠢᠭᠯᠡᠬᠦᠯᠤᠨ᠂ ᠰᠠᠨᠠᠭᠠᠴᠢᠯᠠᠭ᠎ᠠ ᠡᠴᠡ ᠪᠠᠨ ᠬᠢᠳᠡᠳ ᠡᠮᠨᠡᠯᠭᠡ ᠵᠢᠨ ᠤᠬᠠᠭᠠᠨ ᠢ᠋ ᠰᠤᠷᠤᠯᠴᠠᠵᠦ᠂ ᠱᠠᠨᠳ᠋ᠦ᠋ᠡᠭ ᠮᠤᠵᠢ ᠵᠢᠨ ᠵᠢᠨᠠᠨ ᠬᠤᠳᠡ᠂ ᠡᡁᠸᠪᠸᠢ ᠮᠤᠵᠢ ᠵᠢᠨ ᠱᠢ ᠵᠢᠶᠠ ᠵᠤᠸᠠᠡᠭ ᠬᠤᠳᠡ ᠵᠡᠷᠭᠡ ᠭᠠᠵᠠᠷ ᠵᠢᠨᠷ ᠬᠦᠷᠴᠦ ᠳᠠᠪᠳᠠᠨ ᠪᠤᠯᠪᠠᠰᠤᠷᠠᠵᠦ᠂ ᠡᠸᠦ᠋ᠷᠦᠫᠠ ᠡᠮᠨᠡᠯᠭᠡ ᠪᠤᠯᠤᠨ ᠬᠢᠳᠡᠳ ᠡᠮᠨᠡᠯᠭᠡ ᠵᠢᠨ ᠵᠡᠬᠦᠦ ᠲᠦᠭᠡᠨᠡᠯᠭᠡ ᠵᠢᠨ ᠠᠷᠭ᠎ᠠ ᠵᠢ ᠬᠠᠷᠢᠯᠴᠠᠨ ᠠᠭᠤᠰᠤᠯᠴᠠᠭᠤᠯᠤᠨ ᠰᠤᠷᠤᠯᠴᠠᠵᠠᠢ᠃

《ᠯᠢ ᠮᠢᠡᠭ ᠡᠮᠴᠢ ᠵᠢᠨ ᠰᠤᠳᠠᠯ ᠪᠠᠷᠢᠵᠦ ᠤᠨᠤᠰᠢᠯᠠᠬᠰᠠᠨ ᠦᠷ᠎ᠠ ᠳ᠋ᠦᠡᠭ ᠪᠠᠢᠴᠸᠡᠭ ᠬᠤᠳᠠ ᠵᠢᠨ ᠡᠮᠨᠡᠯᠭᠡ ᠵᠢᠨ ᠬᠤᠷᠢᠶ᠎ᠠ ᠳ᠋ᠦ ᠪᠠᠢᠴᠠᠭᠠᠯᠭᠠᠬᠰᠠᠨ ᠦᠷ᠎ᠠ ᠳ᠋ᠦᠡᠭ ᠳᠠᠢ ᠠᠳᠠᠯᠢᠬᠠᠨ ᠶᠤᠮ᠃ ᠶᠡᠭᠡ ᠬᠤᠳᠠ ᠵᠢᠨ ᠡᠮᠨᠡᠯᠭᠡ ᠵᠢᠨ ᠬᠤᠷᠢᠶ᠎ᠠ ᠪᠡᠷ ᠭᠡᠳᠦᠨᠳᠡ ᠬᠦᠶᠦᠭᠰᠡᠨ ᠪᠤᠯᠪᠠᠴᠦ ᠡᠪᠡᠳᠴᠢᠨ ᠤ᠋ ᠪᠠᠢᠳᠡᠯ ᠢᠯᠡᠷᠢ ᠪᠤᠯᠤᠬᠰᠠᠨ ᠦᠭᠡᠢ᠃ ᠯᠢ ᠡᠮᠴᠢ ᠵᠢᠨ ᠬᠢᠳᠡᠳ ᠡᠮᠨᠡᠯᠭᠡ ᠵᠢᠨ ᠵᠡᠬᠦᠦ ᠲᠦᠭᠡᠨᠡᠯᠭᠡ ᠬᠢᠵᠤ ᠪᠠᠢᠬᠤ ᠴᠢᠮᠡᠭᠡ ᠪᠡᠷ ᠮᠤᠵᠢ ᠠᠯᠤᠰᠯᠠᠨ ᠬᠦᠷᠦᠯᠴᠡᠨ ᠢᠷᠡᠭᠰᠡᠨ ᠪᠠᠢᠨ᠎ᠠ》 ᠭᠡᠵᠦ ᠬᠢᠷᠢᠨ᠎ᠮᠤᠵᠢ ᠵᠢᠨ ᠪᠠᠢᠴᠧᠩ ᠬᠤᠳᠠ ᠵᠢᠨ ᠡᠪᠡᠳᠴᠢᠳᠡᠨ ᠯᠢ ᠱᠢᠶᠣᠤ ᠬᠣᠩ ᠢᠷᠡᠭᠰᠡᠨ ᠵᠤᠷᠢᠯᠭ᠎ᠠ ᠪᠠᠨ ᠶᠠᠷᠢᠵᠦ ᠪᠠᠢᠯ᠎ᠠ᠃ ᠪᠦᠷᠢᠳᠭᠡᠯ ᠢ᠋ ᠦᠨᠳᠦᠰᠦᠯᠡᠪᠡᠯ᠂ ᠳᠤᠰ ᠡᠷᠡᠬᠦᠯ ᠬᠠᠮᠠᠭᠠᠯᠠᠯ ᠤ᠋ᠨ ᠳᠠᠰᠤᠬ ᠨᠢ ᠡᠳᠦᠷ ᠪᠦᠷᠢ ᠵᠠᠭᠤ ᠭᠠᠷᠤᠢ ᠡᠪᠡᠳᠴᠢᠳᠡᠨ ᠢ᠋ ᠬᠦᠯᠢᠶᠡᠨ ᠠᠪᠴᠦ ᠤᠨᠤᠰᠢᠯᠠᠨ ᠡᠮᠨᠡᠵᠦ᠂ ᠤᠢᠷ᠎ᠠ ᠬᠠᠪᠢ ᠵᠢᠨ ᠮᠤᠵᠢ ᠤᠷᠤᠨ ᠪᠠ ᠠᠢᠮᠠᠬ ᠬᠤᠳᠠ ᠵᠢᠨ ᠡᠪᠡᠳᠴᠢᠳᠡᠳ ᠴᠤ᠌ ᠠᠭᠤᠯᠠ ᠭᠤᠤᠯ ᠢ᠋ ᠳᠤᠭᠤᠯᠤᠨ᠂ ᠡᠨᠡ ᠬᠦ᠌ ᠪᠠᠭ᠎ᠠ ᠳᠤᠭᠤᠷᠢᠬ ᠤ᠋ᠨ ᠡᠷᠡᠬᠦᠯ ᠬᠠᠮᠠᠭᠠᠯᠠᠯ ᠤ᠋ᠨ ᠳᠠᠰᠤᠬ ᠲᠤ᠌ ᠢᠷᠡᠵᠦ ᠡᠪᠡᠳᠴᠢᠨ ᠦᠵᠡᠬᠦᠯᠭᠥ ᠪᠤᠯᠵᠡᠢ᠃


QQ20260130-102110.png


《ᠳᠤᠰᠬᠤᠨ᠎ᠤ ᠡᠮᠴᠢ》 ᠡᠪᠡᠳᠴᠢᠳᠠᠨ᠎ᠳᠤ  ᠵᠠᠰᠠᠯ  ᠬᠢᠵᠤ  ᠪᠤᠢ


ᠣᠳᠣᠬᠠᠨ᠎ᠳᠤ ᠲᠦᠴᠢᠦᠸᠠᠨ ᠱᠢᠶᠠᠨ᠎ᠳ᠋ᠦ ᠯᠢ ᠬᠤᠡᠭ ᠱᠤᠸᠠᠡᠭ᠂ ᠯᠢ ᠮᠢᠡᠭ ᠮᠡᠳᠦ ᠵᠢᠨ ᠳᠤᠰᠬᠤᠨ (ᠨᠡᠢᠭᠡᠮ ᠳᠤᠭᠤᠷᠢᠬ) ᠤ᠋ ᠡᠮᠴᠢ ᠨᠡᠢᠳᠡ 207 ᠪᠠᠢᠵᠦ᠂ ᠪᠦᠬᠦ ᠰᠢᠶᠠᠨ ᠤ᠋ 188 ᠵᠠᠰᠠᠭ ᠵᠠᠬᠢᠷᠭᠠᠨ ᠎ᠤ ᠲᠣᠰᠭᠤᠨ (ᠨᠡᠢᠭᠡᠮ ᠳᠤᠭᠤᠷᠢᠬ) ᠳ᠋ᠦ ᠦᠨᠳᠦᠰᠦᠯᠡᠵᠦ᠍᠂ ᠲᠣᠰᠭᠤᠨ᠎ᠤ ᠲᠡᠰ᠎ᠤᠨ ᠡᠮ ᠡᠮᠨᠡᠯᠭᠡ ᠎ᠶ᠋ᠢᠨ ᠦᠢᠯᠡᠴᠢᠯᠡᠭᠡ᠎ᠶ᠋ᠢ ᠪᠦᠬᠦᠨ ᠎ᠢ ᠪᠦᠷᠬᠦᠬᠦᠯᠪᠡ᠃ ᠲᠦᠴᠢᠦᠸᠠᠨ ᠱᠢᠶᠠᠨ᠎ᠤ ᠡᠷᠡᠭᠦᠯ ᠬᠠᠮᠠᠭᠠᠯᠠᠯ ᠡᠷᠡᠭᠦᠯ ᠮᠡᠨᠳᠦ᠍᠎ᠶ᠋ᠢᠨ ᠰᠠᠯᠠᠭ᠎ᠠ ᠮᠥᠴᠢᠷ᠎ᠤᠨ ᠲᠤᠭ᠎ᠠ ᠪᠠᠷᠢᠮᠲᠠ᠎ᠵᠢ ᠦᠨᠳᠦᠰᠦᠯᠡᠪᠡᠯ᠂ ᠪᠥᠬᠦ᠌ ᠱᠢᠶᠠᠨ᠎ᠤ ᠤᠯᠠᠨ ᠨᠡᠢᠲᠡ᠎ᠶ᠋ᠢᠨ ᠡᠷᠡᠭᠦᠯ ᠬᠠᠮᠠᠭᠠᠯᠠᠯ᠎ᠤᠨ ᠡᠭᠦᠷᠭᠡ᠎ᠶ᠋ᠢ ᠡᠭᠦᠷᠭᠡᠯᠡᠵᠦ᠍ ᠪᠠᠢᠭ᠎ᠠ ᠲᠣᠰᠭᠤᠨ᠎ᠤ ᠡᠷᠡᠭᠦᠯ ᠬᠠᠮᠠᠭᠠᠯᠠᠯ᠎ᠤᠨ ᠲᠠᠰᠤᠭ 212 ᠪᠠᠢᠵᠦ᠂ ᠨᠢᠭᠡᠨᠲᠡ ᠨᠢᠭᠡ ᠴᠣᠭ᠍ᠴᠠᠵᠢᠭᠤᠯᠤᠭ᠍ᠰᠠᠨ ᠬᠠᠮᠢᠶᠠᠷᠤᠯᠲᠠ᠎ᠶ᠋ᠢᠨ ᠬᠡᠯᠡᠯᠴᠡᠭᠡᠷ ᠲᠣᠭ᠍ᠲᠠᠬᠰᠠᠨ ᠡᠷᠡᠬᠦᠯ ᠬᠠᠮᠠᠭᠠᠯᠠᠯ ᠤ᠋ᠨ ᠳᠠᠰᠤᠬ 205 ᠳ᠋ᠥ ᠬᠦᠷᠦᠭᠰᠡᠨ ᠪᠠᠢᠨ᠎ᠠ᠃

《ᠮᠠᠨ ᠤ᠋ ᠰᠢᠶᠠᠨ ᠳᠤᠰᠬᠤᠨ ᠤ᠋ ᠡᠷᠡᠬᠦᠯ ᠬᠠᠮᠠᠭᠠᠯᠠᠯ ᠤ᠋ᠨ ᠳᠠᠰᠤᠬ ᠡᠴᠡ ᠰᠢᠶᠠᠨ ᠤ᠋ ᠡᠮᠴᠢᠯᠡᠭᠡᠨ ᠤ᠋ ᠪᠠᠢᠭᠤᠯᠤᠮᠵᠢ ᠳ᠋ᠦ ᠱᠢᠯᠵᠢᠭᠦᠯᠦᠨ ᠡᠮᠨᠡᠭᠦᠯᠬᠦ᠌ ᠰᠠᠭᠠᠳ ᠥᠬᠡᠶ ᠨᠡᠪᠲᠡᠷᠡᠬᠦ᠌ ᠵᠠᠮ᠎ᠢ ᠨᠠᠪᠳᠡᠷᠠᠭᠥᠯᠵᠥ᠂ ᠬᠤᠤᠰ ᠴᠢᠭ᠌ᠯᠡᠯ ᠎ᠢᠶᠠᠷ ᠱᠢᠯᠵᠢᠭᠦᠯᠦᠨ ᠡᠮᠨᠡᠭᠦᠯᠬᠦ᠌ ᠦᠶ᠋ᠯᠡᠴᠢᠯᠡᠭᠡ᠎ᠶ᠋ᠢ ᠨᠠᠢᠳᠠᠪᠤᠷᠢᠵᠢᠭᠤᠯᠤᠨ᠂ ᠲᠣᠰᠭᠤᠨ ᠎ᠤ ᠡᠮᠴᠢ᠎ᠶ᠋ᠢᠨ ᠱᠢᠯᠵᠢᠭᠦᠯᠦᠨ ᠡᠮᠨᠡᠬᠦ ᠱᠠᠩᠨᠠᠨ ᠬᠥᠬᠢᠭᠦᠯᠬᠦ᠌ ᠲᠣᠭ᠍ᠲᠠᠴᠠ ᠎ᠶ᠋ᠢ ᠬᠡᠷᠡᠭ᠌ᠵᠢᠭᠦᠯᠵᠦ᠍ ᠪᠤᠢ᠃  ᠣᠲᠣ ᠪᠣᠯᠲᠠᠯ᠎ᠠ ᠨᠡᠢᠳᠡ 362 ᠬᠥᠮᠦᠨ ᠤᠳᠠᠭ᠎ᠠ ᠵᠢᠨ ᠡᠪᠡᠳᠴᠢᠳᠡᠨ ᠢ᠋ ᠪᠦᠲᠦᠮᠵᠢᠲᠡᠶ ᠱᠢᠯᠵᠢᠭᠦᠯᠦᠨ ᠡᠮᠨᠡᠭᠦᠯᠵᠡᠶ》 ᠭᠡᠵᠦ ᠲᠦᠴᠢᠦᠸᠠᠨ ᠱᠢᠶᠠᠨ᠎ᠤ ᠡᠷᠡᠭᠦᠯ ᠬᠠᠮᠠᠭᠠᠯᠠᠯ ᠡᠷᠡᠭᠦᠯ ᠮᠡᠨᠳᠦ᠍᠎ᠶ᠋ᠢᠨ ᠵᠥᠪᠯᠡᠯ᠎ᠤᠨ ᠳᠡᠳ᠋ ᠡᠷᠬᠢᠯᠡᠭ᠌ᠴᠢ ᠭᠤᠤ ᠬᠤᠤ ᠶᠠᠷᠢᠯ᠎ᠠ᠃

ᠬᠡᠷᠠᠯ ᠵᠢᠷᠤᠭ᠎ᠢ ᠳᠤᠮᠳᠠᠳᠤ ᠤᠯᠤᠰ᠎ᠤᠨ ᠰᠤᠨᠢᠨ ᠮᠡᠳᠡᠬᠡ ᠵᠢᠨ ᠰᠦᠯᠵᠢᠶ᠎ᠠ ᠡᠴᠨ ᠠᠪᠤᠪᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号