ᠴᠡᠭᠡ ᠬᠤᠳᠠᠯᠳᠤᠵᠤ ᠤᠷᠤᠯᠭ᠎ᠠ᠎ᠪᠠᠨ ᠨᠡᠮᠡᠭ᠌ᠳᠡᠬᠦᠯᠦᠭᠰᠡᠡ ᠮᠠᠯᠴᠢᠨ ᠬᠦᠭ᠌ᠵᠢᠯᠲᠦ
2026-01-30 10:49:54
ᠵᠣᠬᠢᠶᠠᠭ᠍ᠴᠢ᠄
ᠵᠤᠨ᠎ᠠ
ᠣᠩᠱᠢᠭ᠍ᠰᠠᠨ ᠣᠳᠠᠭ᠎ᠠ᠄
★★★☆☆

ᠰᠢᠯᠢ ᠵᠢᠨ ᠭᠤᠤᠯ ᠠᠢᠮᠠᠬ᠎ᠤᠨ ᠬᠥᠪᠡᠭᠡᠲᠦ ᠱᠢᠷ᠎ᠠ ᠬᠤᠱᠢᠭᠤᠨ᠎ᠤ ᠤᠩᠭᠤᠨ ᠠᠭᠤᠯᠠ ᠰᠤᠮᠤᠨ᠎ᠤ ᠠᠯᠳᠠᠨᠮᠤᠳᠤ ᠭᠠᠴᠠᠭᠠᠨ᠎ᠤ ᠮᠠᠯᠴᠢᠨ ᠬᠥᠭ᠌ᠵᠢᠯᠲᠦ ᠮᠤᠩᠭᠤᠯ ᠠᠳᠤᠭᠤ ᠦᠰᠭᠡᠨ ᠦᠷᠡᠵᠢᠭᠦᠯᠬᠦ᠌᠎ᠶ᠋ᠢᠨ ᠬᠠᠮᠲᠤ ᠴᠡᠭᠡ ᠬᠤᠳᠠᠯᠳᠤᠵᠤ ᠤᠷᠤᠯᠭ᠎ᠠ᠎ᠪᠠᠨ ᠨᠡᠮᠡᠭ᠌ᠳᠡᠬᠦᠯᠦᠭᠰᠡᠬᠡᠷ ᠢᠷᠡᠵᠠᠢ᠃

《ᠲᠡᠮ ᠲᠡᠮ ᠳ᠋ᠡᠬᠡᠨ ᠲᠡᠬᠡᠰᠤ ᠡᠷᠴᠢᠮ ᠳ᠋ᠡᠬᠡᠨ》 ᠬᠡᠳᠡᠭ ᠵᠢᠡᠷ ᠬᠦᠭᠵᠢᠯᠳᠤ ᠪᠦᠰᠡᠬᠦᠢ ᠲᠠᠢ ᠪᠡᠨ ᠠᠵᠢᠯᠴᠢ ᠬᠦᠳᠡᠯᠮᠤᠷᠢᠴᠢ ᠬᠤᠶᠠᠷ ᠭᠠᠷ ᠵᠢᠡᠷ ᠵᠢᠠᠨ ᠬᠡᠳᠤᠨ ᠵᠢᠯ᠎ᠤᠨ ᠳᠤᠷᠰᠢ ᠴᠡᠬᠡ ᠬᠤᠳᠠᠯᠳᠤᠨ ᠤᠷᠤᠯᠭ᠎ᠠ ᠪᠡᠨ ᠨᠡᠮᠡᠭᠳᠡᠬᠦᠯᠵᠤ᠂ ᠠᠵᠤ ᠤᠨᠳᠤᠷᠤᠯᠭ᠎ᠠ ᠪᠡᠨ ᠰᠠᠢᠵᠢᠷᠠᠭᠤᠯᠤᠨ᠂ ᠠᠷᠠᠯᠵᠢᠶ᠎ᠠ ᠮᠠᠢᠮᠠᠢ ᠵᠢᠨ ᠠᠷᠭ᠎ᠠ ᠤᠬᠠᠭᠠᠨ ᠎ᠢ ᠤᠯᠵᠠᠢ᠃ ᠪᠢᠳᠠ ᠨᠢᠳᠤᠨᠤᠨ ᠵᠢᠯ ᠬᠥᠭ᠌ᠵᠢᠯᠲᠦ᠍᠎ᠶ᠋ᠢᠨ ᠭᠡᠷ᠎ᠲᠤ ᠬᠦᠷᠬᠦ᠌᠎ᠳᠤ ᠲᠡᠷᠡ ᠶᠠᠭ ᠠᠳᠤᠭᠤᠨ ᠬᠠᠱᠢᠶᠠᠨ᠎ᠳᠠᠭᠠᠨ ᠭᠡᠭᠦᠦ᠍᠎ᠪᠠᠨ ᠰᠠᠭᠠᠭᠠᠳ ᠶᠠᠭᠠᠷᠠᠵᠤ ᠪᠠᠢᠯ᠎ᠠ᠃ ᠬᠦᠭ᠌ᠵᠢᠯᠲᠦ ᠡᠳᠦᠷ ᠪᠦᠷᠢ ᠥᠷᠯᠥᠭᠡ᠎ᠶ᠋ᠢᠨ 5 ᠴᠠᠭ᠎ᠲᠤ ᠠᠳᠤᠭᠤ᠎ᠪᠠᠨ ᠬᠤᠷᠢᠶᠠᠵᠤ ᠭᠡᠬᠦᠦ ᠰᠠᠭᠠᠬᠤ ᠪᠡᠯᠡᠳᠭᠡᠯ᠎ᠵᠢᠠᠨ ᠬᠢᠳᠡᠭ᠃ 《ᠥᠷᠯᠥᠭᠡ᠎ᠶ᠋ᠢᠨ 7 ᠴᠠᠭ᠎ᠠᠴᠠ ᠡᠬᠢᠯᠡᠨ ᠰᠠᠭᠠᠳᠠᠭ᠂ ᠨᠢᠭᠡ ᠤᠳᠠᠭ᠎ᠠ᠎ᠳᠤ ᠪᠠᠷᠤᠭ 40 ᠮᠢᠨᠦ᠋ᠲ ᠰᠠᠭᠠᠨ᠎ᠠ᠂ ᠳᠠᠷᠠᠭ᠎ᠠ᠎ᠨᠢ ᠬᠤᠶᠠᠷ ᠴᠠᠭ ᠠᠯᠤᠰᠯᠠᠬᠤ ᠪᠦᠷᠢ ᠨᠢᠭᠡ ᠤᠳᠠᠭ᠎ᠠ ᠰᠠᠭᠠᠵᠤ᠂ ᠡᠳᠦᠷ᠎ᠲᠤ 3 ᠤᠳᠠᠭ᠎ᠠ ᠰᠠᠭᠠᠳᠠᠭ᠂ ᠲᠠᠷᠠᠭ᠎ᠠ ᠵᠢᠯ ᠦᠷᠬᠦᠯᠵᠢᠯᠠᠨ ᠴᠡᠬᠡ ᠬᠤᠳᠠᠯᠳᠤᠨ᠎ᠠ》 ᠭᠡᠵᠤ ᠬᠦᠭ᠌ᠵᠢᠯᠲᠦ ᠲᠠᠨᠢᠯᠴᠠᠭᠤᠯᠪᠡ᠃

ᠬᠦᠭ᠌ᠵᠢᠯᠲᠦ ᠳᠡᠭᠡᠷ᠎ᠡ ᠵᠢᠯ ᠰᠥᠨᠢᠳ ᠵᠡᠭᠦᠨ ᠬᠤᠱᠢᠭᠤᠨ᠎ᠤ ᠠᠳᠤᠭᠤᠨ᠎ᠤ ᠦᠢᠯᠡᠰ᠎ᠤᠨ ᠺᠣᠮᠫᠠᠨᠢ᠎ᠳᠤ ᠬᠤᠶᠠᠷ ᠰᠠᠷ᠎ᠠ ᠠᠵᠢᠯᠯᠠᠭᠠᠳ᠂ ᠴᠡᠭᠡ ᠪᠤᠷᠤᠯᠠᠭᠤᠯᠬᠤ ᠡᠪ ᠳᠡᠮ᠎ᠢ ᠤᠯᠤᠭ᠍ᠰᠠᠨ᠎ᠠᠴᠠ ᠡᠨᠡ ᠵᠢᠯ ᠴᠡᠭᠡ ᠪᠤᠷᠤᠯᠠᠭᠤᠯᠵᠤ ᠤᠷᠤᠯᠭ᠎ᠠ᠎ᠪᠠᠨ ᠨᠡᠮᠡᠭ᠌ᠳᠡᠬᠦᠯᠬᠦ᠌ ᠎ᠶ᠋ᠢ ᠵᠤᠷᠢᠵᠠᠢ᠃ ᠲᠡᠳᠡᠨ᠎ᠤ᠎ᠬᠢ 30 ᠠᠳᠤᠭᠤ᠎ᠲᠠᠢ᠂ ᠡᠭᠦᠨ᠎ᠳᠤ 20 ᠭᠡᠭᠦᠦ ᠪᠠᠢᠵᠤ᠂ ᠡᠳᠦᠷ᠎ᠲᠤ 120 ᠵᠢᠩ ᠱᠢᠬᠠᠮ ᠰᠦ ᠰᠠᠭᠠᠳᠠᠭ ᠪᠠᠢᠨ᠎ᠠ᠃ ᠴᠡᠭᠡ᠎ᠪᠠᠨ ᠵᠢᠩ ᠪᠦᠷᠢ ᠎ᠶ᠋ᠢ 15 ᠲᠦᠬᠦᠷᠢᠭ᠎ᠢᠶᠠᠷ ᠤᠢᠷ᠎ᠠ ᠬᠠᠪᠢ ᠪᠠ ᠬᠥᠬᠡᠬᠤᠲᠠ᠂ ᠰᠥᠨᠢᠳ ᠪᠠᠷᠠᠭᠤᠨ ᠬᠤᠱᠢᠭᠤ᠂ ᠠᠪᠠᠭ᠎ᠠ ᠬᠤᠰᠢᠭᠤ ᠵᠡᠷᠭᠡ ᠭᠠᠵᠠᠷ᠎ᠢᠶᠠᠷ ᠪᠤᠷᠤᠯᠠᠭᠤᠯᠳᠠᠭ ᠪᠦᠭᠡᠳ ᠤᠷᠤᠢ᠎ᠶ᠋ᠢᠨ ᠴᠢᠯᠦᠭᠡ᠎ᠪᠠᠷ᠎ᠢᠶᠠᠨ ᠬᠤᠱᠢᠭᠤᠨ ᠲᠦᠪ ᠲᠦ᠍ ᠬᠦᠷᠴᠦ᠍᠂《ᠪᠤᠯᠠᠭ》 ᠠᠭᠤᠳᠠᠮ ᠲᠠᠯᠠᠪᠠᠢ ᠎ᠳᠤ ᠱᠢᠭᠤᠳ ᠨᠡᠪᠲᠡᠷᠡᠬᠦᠯᠭᠡ ᠬᠢᠬᠦ᠌᠎ᠶ᠋ᠢᠨ ᠳᠠᠭᠠᠤ ᠪᠤᠷᠤᠯᠠᠭᠤᠯᠭ᠎ᠠ ᠬᠢᠵᠤ ᠮᠠᠰᠢ ᠰᠠᠢᠨ ᠦᠷ᠎ᠡ ᠠᠱᠢᠭ ᠬᠦᠷᠲᠡᠵᠡᠢ᠃ 《ᠵᠦᠪᠬᠡᠨ ᠬᠤᠨᠢ ᠦᠬᠡᠷ ᠮᠠᠯᠵᠢᠬᠤ᠎ᠨᠢ ᠤᠷᠤᠯᠭ᠎ᠠ᠎ᠶ᠋ᠢᠨ ᠲᠠᠯ᠎ᠠ᠎ᠪᠠᠷ ᠳᠤᠭ᠍ᠲᠠᠪᠤᠷᠢ ᠦᠭᠡᠢ ᠲᠤᠯᠠ ᠴᠡᠭᠡ ᠬᠤᠳᠠᠯᠳᠤᠬᠤ ᠪᠤᠳᠤᠯ ᠤᠷᠤᠯ᠎ᠠ᠂ ᠳᠠᠷᠠᠭᠠᠴᠢ᠎ᠪᠠᠷ ᠴᠡᠭᠡ᠎ᠶ᠋ᠢᠨ ᠰᠤᠷᠭᠤᠭ ᠎ᠢ ᠪᠠᠲᠤᠯᠠᠬᠤ ᠮᠠᠱᠢᠨ ᠤᠷᠤᠭᠤᠯᠵᠤ᠂ ᠪᠤᠷᠤᠯᠠᠭᠤᠯᠬᠤ ᠵᠠᠮ ᠰᠤᠪᠠᠭ᠎ᠢ ᠦᠷᠭᠡᠳᠭᠡᠨ᠂ ᠱᠢᠭᠤᠳ ᠨᠡᠪᠲᠡᠷᠡᠬᠦᠯᠭᠡ ᠵᠡᠷᠭᠡ ᠳᠠᠪᠴᠠᠩ᠎ᠢᠶᠠᠷ ᠳᠠᠮᠵᠢᠭᠤᠯᠤᠨ᠂ ᠴᠡᠭᠡ᠎ᠪᠠᠨ ᠨᠡᠩ ᠤᠯᠠᠨ ᠬᠦᠮᠦᠰ᠎ᠲᠤ ᠲᠠᠨᠢᠭᠤᠯᠤᠶ᠎ᠠ ᠭᠡᠵᠥ᠍ ᠪᠤᠳᠤᠵᠤ ᠪᠠᠢᠨ᠎ᠠ》ᠭᠡᠵᠤ ᠬᠦᠭ᠌ᠵᠢᠯᠲᠦ ᠶᠠᠷᠢᠯ᠎ᠠ᠃

ᠤᠯᠠᠮᠵᠢᠯᠠᠯᠲᠤ ᠮᠠᠯᠵᠢᠯ᠎ᠠᠴᠠ ᠣᠯᠠᠨ ᠡᠱᠢᠲᠦ ᠵᠠᠬ᠎ᠠ ᠳᠡᠯᠭᠡᠭᠦᠷ ᠬᠦᠷᠲᠡᠯ᠎ᠡ᠂ ᠴᠡᠭᠡ ᠪᠤᠷᠤᠯᠠᠭᠤᠯᠬᠤ ᠵᠡᠷᠭᠡ ᠠᠷᠭ᠎ᠠ ᠵᠠᠮ ᠎ᠴᠣ᠌ ᠤᠷᠤᠯᠭ᠎ᠠ ᠡᠬᠦᠳᠬᠦ᠌ ᠰᠤᠩᠭᠤᠯᠲᠠ᠎ᠶ᠋ᠢᠨ ᠨᠢᠭᠡ ᠪᠣᠯᠵᠣ᠂ ᠮᠠᠯ᠎ᠤᠨ ᠠᠱᠢᠭ ᠱᠢᠮ᠎ᠡ ᠎ᠶ᠋ᠢᠨ ᠤᠯᠠᠨ ᠲᠦᠷᠦᠯ ᠵᠦᠢᠯ᠎ᠤᠨ ᠪᠦᠲᠦᠭᠡᠭ᠌ᠳᠡᠬᠦᠨ᠎ᠢ ᠤᠯᠠᠨ᠎ᠳᠤ ᠲᠠᠨᠢᠭᠤᠯᠤᠨ᠂ ᠬᠡᠪᠴᠢᠶᠡᠵᠢᠨ ᠳᠤᠰᠭᠠᠢᠵᠢᠬᠤ ᠮᠠᠯ ᠠᠵᠤ ᠠᠬᠤᠢ ᠎ᠶ᠋ᠢᠨ ᠡᠵᠡᠩᠨᠡᠯᠲᠡ᠎ᠶ᠋ᠢ ᠠᠬᠢᠭᠤᠯᠤᠭ᠍ᠰᠠᠭᠠᠷ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号