ᠮᠡᠬᠥᠰ ᠪᠢ ᠰᠠᠷᠠ ᠶᠢᠨ ᠡᠮᠤᠨᠡ ᠮᠡᠲᠡᠬᠡ ᠵᠠᠭᠤᠴᠢᠯᠠᠭᠤᠷ ᠡᠴᠠ ᠰᠢᠨᠬᠤᠸᠠ ᠬᠤᠷᠢᠶᠠᠨᠤ ᠰᠤᠷᠪᠤᠯᠵᠢᠯᠠᠭᠴᠢᠶᠢᠨ ᠪᠢᠴᠢᠭᠰᠡᠨ《ᠦᠩᠭᠡᠨ ᠲᠠᠯᠠᠶᠢ ᠴᠢᠮᠡᠭᠯᠡᠬᠥ᠌ ᠵᠠᠷᠤᠲᠠᠯᠢ ᠠᠯᠢ ᠴᠢᠲᠠᠬᠤᠪᠠᠷ ᠪᠠᠭᠠᠰᠬᠠᠬᠤ ᠬᠡᠷᠡᠭᠲᠡᠢ》᠂《ᠲᠣᠭᠠ ᠪᠠᠷᠢᠮᠲᠠᠶᠢ ᠬᠠᠭᠤᠷᠮᠠᠭᠯᠠᠨ ᠵᠤᠬᠢᠶᠠᠭᠰᠠᠨ〈ᠴᠠᠭᠠᠰᠤᠨ ᠲᠡᠭᠡᠷᠡᠬᠢ ᠬᠦᠭᠵᠢᠯᠲᠡ〉 ᠵᠢ ᠡᠷᠡᠰ ᠲᠡᠪᠴᠢᠶᠠ》 ᠭᠡᠬᠥ᠌ ᠬᠤᠶᠠᠷ ᠬᠤᠪᠢ ᠤᠬᠣᠷ ᠵᠤᠬᠢᠶᠠᠯᠢ ᠦᠵᠡᠭᠡᠳ ᠤᠯᠠᠨ ᠲᠠᠪᠤᠨ ᠤᠴᠢᠷᠲᠤ᠌ ᠪᠤᠲᠤᠯ ᠲᠡᠯᠡᠵᠤ ᠰᠠᠭᠤᠯᠠ᠃ ᠲᠠᠷᠠᠴᠢᠯᠠᠨ ᠭᠡᠨᠡᠳᠲᠡ ᠬᠠᠷᠢᠨ ᠠᠯᠪᠠᠨ ᠪᠠᠶ᠋ᠢᠭᠤᠯᠭᠠ ᠨᠤᠭᠤᠳ ᠤᠨ ᠬᠡᠷᠡᠮ ᠬᠠᠨᠠ ᠪᠠᠷ ᠲᠦᠬᠥᠷᠲᠡᠯᠡ ᠡᠯᠬᠥᠭᠰᠡᠨ ᠡᠯᠡ ᠵᠤᠶ᠋ᠢᠯᠤᠨ ᠲᠦᠷᠢᠮ ᠲᠤᠭᠲᠠᠭᠠᠯ ᠢ ᠰᠠᠨᠠᠵᠤ ᠤᠯᠬᠣᠶᠢᠨ ᠡᠷᠬᠡᠪᠡᠷ ᠡᠬᠥᠨᠦ ᠲᠤᠬᠠᠢ ᠬᠡᠲᠤᠨ ᠵᠤᠢᠯᠢ ᠰᠡᠨᠡᠵᠤ ᠤᠯᠤᠯᠠ᠃
ᠮᠡᠲᠡᠭᠡᠵᠢ ᠲᠡᠭᠡᠷᠡ ᠲᠤᠷᠠᠲᠤᠭᠰᠠᠨ ᠬᠤᠶᠠᠷ ᠵᠤᠬᠢᠶᠠᠯ ᠨᠢ ᠪᠦᠷ ᠯᠠ ᠵᠠᠷᠢᠮ ᠨᠤᠶᠠᠳᠤᠨ ᠠᠵᠢᠯᠤᠶ᠋ᠢᠯᠡᠰᠲᠡᠬᠡᠨ ᠲᠠᠩᠴᠤ᠌ ᠬᠠᠷᠢᠭᠤᠴᠠᠯᠭᠠ ᠦᠭᠡᠢ ᠪᠠᠶ᠋ᠢᠬᠤ ᠲᠦᠪ ᠪᠤᠰᠤ ᠰᠤᠷᠲᠠᠯᠢ ᠰᠢᠬᠥᠮᠵᠢᠯᠡᠨ ᠦᠬᠥᠯᠡᠭᠰᠡᠨ ᠰᠡᠲᠤᠪ ᠪᠦᠬᠦᠢ ᠰᠡᠷᠡᠮᠵᠢ ᠵᠢᠨ ᠬᠦᠮᠤᠵᠢᠯᠤᠨᠵᠤᠬᠢᠶᠠᠯ ᠪᠣᠯᠤᠨᠠ᠃ ᠮᠢᠨᠤ ᠡᠨᠲᠡ ᠬᠡᠯᠡᠵᠤ ᠪᠠᠶ᠋ᠢᠭᠠ ᠨᠢ ᠠᠷᠠᠢ ᠦᠬᠡᠷᠡ ᠤᠴᠢᠷ ᠪᠤᠯᠪᠠᠴᠤ᠌ ᠡᠨᠡ ᠬᠤᠶᠠᠷ ᠵᠤᠬᠢᠶᠠᠯ ᠵᠢᠠᠷ ᠡᠰᠢ ᠪᠠᠷᠢᠮᠲᠠ ᠪᠤᠯᠭᠠᠨ᠂ ᠪᠠᠭᠠᠪᠠᠷ ᠶᠡᠬᠡ ᠶᠢ ᠲᠤᠯᠢᠲᠠᠬᠤᠡᠬᠥᠲᠡᠨ ᠡᠴᠠ ᠨᠢᠭᠡᠨ ᠵᠢᠵᠢᠭᠬᠡᠨ ᠠᠰᠠᠭᠤᠲᠠᠯ ᠢ ᠬᠦᠨᠲᠡᠵᠣ ᠪᠠᠶ᠋ᠢᠭᠠ ᠶᠤᠮ᠃ ᠲᠡᠶ᠋ᠢᠮᠤ ᠪᠤᠯᠬᠤᠷ ᠡᠬᠥᠨᠳᠦ ᠠᠩᠬᠠᠷᠤᠨ ᠦᠵᠡᠬᠥᠰᠢᠲᠠᠢ ᠮᠦᠷᠲᠡᠭᠡᠨ ᠴᠢᠨᠠᠭᠰᠢᠲᠠ ᠪᠠᠰᠠ ᠬᠦᠨ ᠰᠡᠳᠬᠢᠵᠣ ᠠᠵᠢᠯᠤᠶ᠋ᠢᠯᠡ ᠲᠤᠮᠲᠠᠪᠠᠨ ᠯᠠᠪᠯᠠᠯᠲᠠ ᠪᠤᠯᠭᠠᠬᠤ ᠵᠢ ᠴᠤ᠌ ᠪᠤᠲᠤᠭᠤᠰᠢᠲᠠᠢ ᠪᠠᠶ᠋ᠢᠨᠠ᠃
ᠤᠲᠤ᠌ ᠲᠡᠭᠡᠷᠠ ᠲᠤᠤᠷᠠ ᠱᠠᠲᠤ᠌ ᠭᠡᠰᠡᠨ ᠦᠭᠡᠢ᠂ ᠤᠢᠯᠠᠰ ᠪᠤᠰᠬᠠᠭᠴᠢ ᠪᠤᠶᠤ ᠠᠯᠪᠠᠳᠠᠨ ᠠᠵᠢᠯᠴᠢᠨ ᠭᠡᠰᠡᠨ ᠦᠬᠡᠢ ᠨᠡᠶ᠋ᠢᠭᠡᠮ ᠠᠵᠤ ᠠᠬᠤᠢ ᠵᠢᠨ ᠬᠥᠭᠵᠢᠯᠲᠡ ᠵᠢᠨ ᠴᠠᠭ ᠦᠶᠡ ᠲᠠᠢ ᠵᠤᠬᠢᠴᠠᠨ ᠡᠯᠡ ᠲᠠᠯᠠᠶᠢᠨ ᠠᠵᠢᠯᠢᠶᠠᠨ ᠠᠷᠭᠠᠯᠠᠨ ᠬᠢᠵᠤ ᠪᠠᠢᠳᠠᠭ᠃ ᠡᠨᠲᠡ ᠵᠦᠪᠬᠡᠨ ᠠᠯᠪᠠᠯᠠᠬᠤ ᠨᠦᠬᠥᠴᠡᠯᠢᠶᠡᠷ ᠠᠪᠴᠤ᠌ ᠦᠵᠡᠭᠰᠡᠨ ᠴᠤ᠌ ᠦᠨᠡᠬᠡᠷ ᠬᠡᠯᠡᠬᠥᠶᠢᠨ ᠠᠷᠭᠠ ᠦᠭᠡᠢ ᠰᠢᠨᠡ ᠬᠤᠪᠢᠷᠠᠯᠲᠠ ᠲᠠᠢ ᠪᠤᠯᠵᠤ ᠪᠠᠶ᠋ᠢᠨᠠ᠃ ᠤᠯᠠᠩᠬᠢ ᠪᠠᠶ᠋ᠢᠭᠤᠯᠭᠠ ᠨᠢ ᠲᠤᠰᠬᠠᠢ ᠬᠤᠷᠠᠯᠤᠨ ᠭᠡᠷ ᠲᠠᠢ ᠪᠤᠯᠵᠤ᠂ ᠵᠠᠰᠠᠵᠤ ᠴᠢᠮᠡᠭᠯᠡᠬᠥ᠌ ᠠᠵᠢᠯᠢ ᠴᠤ᠌ ᠶᠡᠬᠡ ᠬᠦᠴᠤ᠌ ᠤᠷᠤᠭᠤᠯᠤᠨ ᠨᠢᠮᠪᠠᠶ᠋ᠢᠯᠠᠨ ᠬᠢᠭᠰᠡᠨ ᠨᠢ ᠮᠠᠰᠢ ᠢᠯᠡᠳᠲᠡ ᠬᠠᠷᠠᠭᠳᠠᠵᠤ ᠪᠤᠢ᠃ ᠲᠡᠷᠡ ᠮᠦᠷᠲᠡᠭᠡᠨ ᠡᠯᠠ ᠪᠠᠶ᠋ᠢᠭᠤᠯᠭᠠ ᠵᠢᠨ ᠬᠤᠷᠠᠯᠤᠨ ᠭᠡᠷ ᠡᠴᠠ ᠠᠯᠪᠠᠨ ᠭᠡᠷᠢᠶᠠᠷ ᠨᠢ ᠬᠦᠷᠲᠡᠯᠡ ᠠᠵᠢᠯᠲᠠᠨ ᠨᠢᠭᠡᠪᠤᠷᠢ ᠵᠢᠨ ᠲᠤᠬᠠᠶ᠋ᠢᠯᠠᠭᠰᠠᠨ ᠠᠵᠢᠯᠤᠨ ᠡᠬᠥᠷᠭᠡ ᠬᠠᠷᠢᠭᠤᠴᠠᠯᠭᠠᠶᠢ ᠲᠤᠲᠤᠷᠬᠠᠶ᠋ᠢᠯᠠᠬᠤ ᠬᠡᠮᠡᠷ ᠠᠭᠤᠯᠭᠠ ᠪᠦᠬᠥᠢ ᠠᠯᠢ ᠤᠯᠠᠨ ᠲᠦᠷᠢᠮ ᠲᠤᠭᠲᠠᠭᠠᠯᠢ ᠦᠨᠡᠬᠡᠷ ᠬᠡᠷᠡᠮ ᠬᠠᠨᠠᠪᠠᠨ ᠪᠠᠭᠲᠠᠵᠤ ᠶᠠᠲᠠᠲᠠᠯᠠ ᠭᠤᠶᠤᠯᠠᠬᠤᠶᠢᠨ ᠶᠡᠬᠡ ᠪᠡᠷ ᠭᠤᠶᠤᠯᠠᠵᠤ᠂ ᠦᠩᠬᠡ ᠢᠯᠭᠠᠷᠠᠲᠠᠯᠠ ᠭᠡᠭᠡᠡᠴᠢᠷᠯᠡᠨ ᠬᠢᠭᠰᠡᠨ ᠨᠢ ᠶᠠᠭᠠᠬᠢᠬᠤᠶᠢᠨ ᠠᠷᠭᠠ ᠦᠭᠡᠢ ᠰᠠᠶ᠋ᠢᠬᠠᠨ ᠬᠠᠷᠠᠭᠲᠠᠨᠠ᠃ ᠪᠤᠲᠤᠬᠤᠯᠠ ᠮᠦᠩᠬᠥ᠌ ᠲᠦᠬᠥᠷᠢᠭᠢ ᠴᠤ᠌ ᠪᠠᠭᠠ ᠦᠭᠡᠢ ᠯᠠ ᠵᠠᠷᠤᠴᠠᠭᠤᠯᠤᠭᠰᠠᠨ ᠪᠠᠶ᠋ᠢᠯᠬᠥᠢ᠃ ᠵᠤᠬᠢᠬᠤ ᠤᠳᠬᠠ ᠡᠴᠠ ᠠᠪᠴᠤ᠌ ᠦᠵᠡᠪᠡᠯ᠂ ᠡᠨᠡ ᠪᠣᠯ ᠠᠯᠢ ᠴᠤ᠌ ᠨᠢᠭᠡᠨ ᠪᠠᠶ᠋ᠢᠭᠤᠯᠭᠠᠳᠤ ᠪᠦᠷ ᠪᠠᠶ᠋ᠢᠯᠭᠠᠬᠤ ᠴᠢᠬᠤᠯᠠᠲᠠᠢ ᠮᠦᠷᠲᠡᠭᠡᠨ ᠬᠢᠬᠥ᠌ ᠵᠤᠬᠢᠰᠲᠠᠢ ᠠᠵᠢᠯ ᠶᠠᠪᠤᠲᠠᠯ ᠪᠣᠯᠬᠤ ᠨᠢ ᠳᠠᠮᠵᠢᠭ ᠦᠭᠡᠢ᠃ ᠤᠴᠢᠷ ᠨᠢ ᠡᠬᠥᠨᠳᠦ ᠨᠢᠭᠡ ᠭᠠᠵᠠᠷ ᠤᠷᠤᠨᠤ ᠬᠦᠭᠵᠢᠯᠲᠡ ᠬᠤᠪᠢᠷᠠᠯᠲᠠᠶᠢ ᠬᠠᠷᠠᠭᠤᠯᠤᠭᠰᠠᠨ᠂ ᠮᠦᠨ ᠡᠨᠡ ᠪᠠᠶ᠋ᠢᠭᠤᠯᠭᠠ ᠨᠢᠭᠡᠴᠢᠶᠢᠨ ᠲᠦᠷᠢ ᠲᠦᠷᠬᠥᠶᠢ ᠦᠩᠭᠡᠨ ᠲᠠᠯᠠ ᠡᠴᠠ ᠨᠢ ᠦᠵᠡᠬᠥᠯᠵᠤ ᠲᠤᠯᠢᠲᠠᠭᠰᠠᠨ ᠦᠵᠡᠭᠲᠡᠯ ᠪᠠᠢᠵᠤ᠂ ᠪᠢᠰᠢᠬᠥᠢ ᠤᠯᠠᠨ 《ᠮᠦᠨ ᠴᠢᠨᠠᠷ》 ᠤ᠋ᠨ ᠠᠰᠠᠭᠤᠲᠠᠯ ᠠᠭᠤᠯᠤᠭᠲᠠᠵᠤ ᠪᠠᠶ᠋ᠢᠳᠠᠭ᠃ ᠡᠨᠡ ᠪᠣᠯ ᠠᠰᠠᠭᠤᠲᠠᠯᠤᠨ ᠨᠢᠭᠡ ᠲᠠᠯᠠ᠃ ᠨᠦᠬᠥᠭᠡ ᠲᠠᠯᠠᠪᠠᠷ 《ᠲᠠᠭᠤ ᠠᠯᠳᠠᠭᠤᠯᠤᠮᠠᠷ ᠪᠢᠰᠢᠷᠡᠯ ᠲᠦᠷᠤᠭ᠌ᠲᠡᠬᠥᠯᠬᠥ᠌》 ᠦᠩᠭᠡᠨ ᠲᠠᠯᠠᠶᠢᠨ ᠭᠠᠶ᠋ᠢᠬᠠᠮᠰᠢᠭ ᠢ᠋《ᠪᠢᠴᠢᠵᠤ ᠵᠢᠷᠤᠭᠰᠠᠨ》 ᠰᠢᠬ ᠪᠤᠯᠪᠠᠴᠤ ᠪᠤᠲᠠᠲᠤ᠌ ᠠᠵᠢᠯᠤᠨ ᠶᠠᠪᠤᠴᠠᠳᠤ ᠴᠣᠬᠤᠮ ᠬᠢᠷᠢ ᠵᠡᠷᠭᠡ ᠤᠶ᠋ᠢᠯᠡᠲᠤᠯᠭᠡᠵᠢᠬᠦᠯᠵᠣ ᠪᠠᠶ᠋ᠢᠬᠤᠶᠢ ᠰᠡᠳᠬᠢᠬᠥᠳᠤ ᠠᠷᠠᠢ ᠴᠤ᠌ ᠵᠦᠷᠢᠶᠡ ᠲᠠᠢ ᠪᠠᠶ᠋ᠢᠬᠤ ᠰᠢᠭ᠋ ᠪᠤᠲᠤᠭᠲᠠᠨᠠ᠃ ᠦᠯᠢᠳᠭᠡᠵᠤ ᠬᠡᠯᠡᠪᠡᠯ 《ᠭᠠᠲᠠᠨᠠ ᠪᠠᠨ ᠭᠢᠯᠠᠨᠴᠠᠭ᠂ ᠲᠤᠲᠤᠷᠠᠪᠠᠨ ᠫᠠᠯᠠᠨᠴᠠᠭ》 ᠭᠡᠲᠡᠭᠦᠨ ᠦᠯᠢᠭᠡᠷ ᠤᠴᠢᠷᠢ ᠬᠠᠷᠠᠭᠤᠯᠵᠤ ᠪᠠᠢᠬᠤ ᠰᠢᠬ ᠰᠠᠨᠠᠭᠲᠠᠬᠤᠶᠢ ᠶᠠᠭᠠᠬᠢᠨᠠ⁈
ᠪᠢᠳᠡ ᠪᠦᠬᠥᠨ《ᠲᠦᠮᠡᠨ ᠦᠭᠡᠨ ᠦ ᠲᠤᠪᠴᠢ ᠨᠢ ᠨᠢᠭᠡ》ᠭᠡᠲᠡᠭ ᠤᠳᠬᠠᠶᠢ ᠬᠦᠢᠴᠡᠳ ᠰᠠᠶ᠋ᠢᠨ ᠤᠶ᠋ᠢᠯᠠᠭᠠᠨ ᠮᠡᠲᠡᠷᠡᠵᠤ᠂《ᠦᠨᠡᠨ ᠪᠤᠲᠠᠲᠠᠢ ᠠᠵᠢᠯᠯᠠᠨᠠ》 ᠭᠡᠲᠡᠭ ᠬᠤᠶᠠᠷ ᠭᠤᠷᠪᠠᠬᠠᠨ ᠦᠭᠡᠨᠦ ᠬᠤᠷᠸᠠ ᠤᠳᠬᠠᠪᠠᠷ ᠢᠲᠡᠭᠡᠯ ᠵᠢᠷᠤᠮ ᠪᠤᠯᠭᠠᠨ᠂ ᠲᠦᠷᠤ ᠲᠦᠮᠡᠨᠳ᠋ᠡᠬᠡᠨ ᠬᠠᠷᠢᠭᠤᠴᠠᠬᠤ ᠲᠦᠪ ᠴᠢᠩᠭᠠ ᠠᠵᠢᠯ ᠤᠨ ᠰᠤᠷᠲᠠᠯᠢ ᠢᠮᠠᠭᠲᠠ ᠬᠢᠴᠢᠶᠡᠩᠬᠥᠶ᠋ᠢᠯᠡᠨ ᠬᠢᠪᠡᠯ ᠵᠤᠬᠢᠯᠳᠠᠢ᠃ ᠶᠠᠭ ᠢ᠌ᠢᠮᠤ ᠡᠴᠨ ᠬᠡᠷᠡᠮ ᠬᠠᠨᠠ ᠲᠡᠭᠡᠷᠡᠪᠠᠨ ᠢᠷᠠᠶ᠋ᠢᠲᠠᠯᠠ ᠪᠢᠴᠢᠵᠤ ᠲᠤᠷᠠᠶ᠋ᠢᠲᠠᠯᠠ ᠡᠯᠬᠥᠭᠰᠡᠨ ᠦᠨᠤᠬᠢ ᠲᠦᠷᠢᠮ ᠲᠤᠭᠲᠠᠭᠠᠯᠤᠨ ᠵᠢᠡᠨ《ᠮᠦᠨ ᠴᠢᠨᠠᠷ》 ᠢ᠋ ᠲᠠᠷᠤᠭᠠ ᠨᠤᠶᠠᠳ ᠭᠡᠰᠡᠨ ᠦᠭᠡᠢ᠂ ᠺᠠᠳ᠋ᠷ ᠠᠵᠢᠯᠲᠠᠨ ᠨᠢᠭᠡᠪᠤᠷᠢ ᠦᠨᠡᠨ ᠬᠦ᠌ ᠤᠶ᠋ᠢᠯᠡᠲᠤᠯᠭᠡᠵᠢᠬᠥᠯᠬᠥ ᠶᠢ ᠪᠤᠲᠠᠲᠤ᠌ ᠠᠵᠢᠯ ᠤᠨ ᠶᠠᠪᠤᠴᠠᠳᠤ ᠲᠤᠭᠤᠰᠢᠯᠠᠭᠤᠯᠤᠨ ᠨᠠᠶ᠋ᠢᠳᠠᠪᠤᠷᠢᠵᠢᠭᠤᠯᠬᠤ ᠴᠢᠬᠤᠯᠠᠲᠠᠢ ᠪᠢᠰᠢ ᠬᠠᠷᠢᠨ ᠬᠢᠬᠦ ᠠᠯᠪᠠ ᠪᠤᠯᠵᠠᠢ᠃ ᠢᠩᠭᠢᠪᠡᠯ ᠰᠠᠶᠢ ᠲᠡᠷᠡ ᠬᠦ᠌ ᠲᠦᠷᠢᠮ ᠲᠤᠭᠲᠠᠭᠠᠯᠤᠳᠤᠨ《ᠷᠢᠳᠢ ᠰᠢᠳᠢ》ᠵᠢ ᠨᠢ ᠪᠠᠳᠠᠷᠠᠭᠤᠯᠵᠤ᠂ ᠠᠵᠢᠯ ᠤᠢᠯᠠᠰ ᠤᠷᠤᠭᠰᠢᠳᠠᠢ ᠶᠠᠪᠤᠭᠳᠠᠨᠠ᠃ ᠲᠠᠷᠤᠢ ᠬᠡᠯᠡᠵᠤ ᠬᠢᠬᠥᠪᠡᠨ ᠨᠢᠭᠡᠳᠬᠡᠵᠤ᠂《ᠴᠢᠨᠠᠷ ᠰᠠᠶ᠋ᠢᠲᠠᠢ》ᠬᠦᠭᠵᠢᠯᠲᠡ ᠭᠡᠲᠡᠭ ᠦᠭᠡᠨᠦ ᠲᠤᠲᠤᠭᠠᠲᠤ᠌ ᠠᠭᠤᠯᠬᠤᠨ ᠵᠢᠠᠷ ᠦᠨᠡᠨᠢ ᠪᠠᠷᠢᠮᠲᠠᠯᠠᠨ ᠪᠤᠲᠠᠲᠠᠢᠶᠢ ᠡᠷᠬᠢᠮᠯᠡᠬᠥ᠌ ᠬᠠᠷᠢᠭᠤᠴᠠᠯᠭᠠ ᠡᠬᠥᠷᠭᠡᠯᠠᠯᠤᠨ ᠤᠬᠠᠮᠰᠠᠷ ᠲᠠᠢ ᠪᠠᠶ᠋ᠢᠵᠤ᠂ ᠪᠠᠭᠠ ᠪᠡᠯᠡᠪᠡᠷ ᠶᠡᠬᠡ ᠠᠰᠢᠭ ᠡᠬᠥᠳᠬᠥ᠌ ᠪᠤᠲᠠᠲᠤ᠌ ᠬᠡᠷᠡᠭᠴᠡᠭᠡᠲᠦ᠍ ᠴᠢᠨᠠᠷᠤᠨ ᠵᠢᠩᠬᠢᠨᠢ ᠶᠠᠭᠤᠮᠠ ᠵᠢ ᠬᠢᠵᠤ ᠪᠦᠲᠤᠭᠡᠬᠥ᠌ ᠲᠡᠭᠡᠷᠡ ᠲᠠᠷᠢᠬᠢ ᠲᠤᠯᠤᠭᠠᠢ ᠪᠠᠨ ᠰᠠᠶ᠋ᠢᠲᠤᠷ ᠰᠢᠪᠬᠠᠵᠤ᠂ ᠤᠬᠠᠭᠠᠨ ᠪᠤᠲᠤᠯᠭᠠ ᠲᠠᠢ ᠠᠵᠢᠯᠯᠠᠬᠤ ᠶᠢ ᠪᠠᠶ᠋ᠢᠩᠭᠤ ᠠᠩᠬᠠᠷᠤᠭᠤᠰᠢᠲᠠᠢ ᠪᠠᠶ᠋ᠢᠨᠠ᠃ ᠬᠠᠷᠢᠨ《ᠶᠠᠮᠠᠷᠲᠠᠭᠠᠨ ᠠᠯᠪᠠᠨᠤ ᠮᠦᠩᠬᠥ᠌ ᠲᠦᠬᠥᠷᠢᠭ ᠮᠤᠩᠲᠠᠬᠤ ᠤᠤ? ᠪᠠᠶ᠋ᠢᠬᠤ ᠯᠠ ᠪᠤᠶᠠᠨ》 ᠭᠡᠰᠡᠨ ᠤᠩᠬᠢᠷᠠᠭᠠ ᠦᠵᠡᠯᠲᠡᠪᠡᠷ ᠲᠠᠷᠤᠭᠠ ᠨᠢ ᠨᠢᠭᠡ ᠰᠤᠯᠢᠭᠲᠠᠬᠤᠳᠤ ᠲᠠᠭᠠᠯᠲᠤᠭᠠᠳ ᠨᠢᠭᠡ ᠶᠡᠬᠡ ᠵᠠᠷᠤᠯᠭᠠ ᠭᠠᠷᠭᠠᠨ᠂ ᠪᠠᠶ᠋ᠢᠳᠠᠭᠢᠶᠠᠨ ᠰᠢᠨᠡᠳᠭᠡᠵᠤ ᠪᠠᠶ᠋ᠢᠬᠤ ᠰᠢᠭ᠋《ᠦᠩᠭᠡᠨ ᠲᠠᠯᠠᠶᠢᠨ ᠡᠷᠭᠢ ᠱᠤᠷᠠᠭ》ᠢ᠋ ᠴᠢᠩᠭᠠᠯᠠᠬᠣ ᠭᠡᠳ ᠪᠠᠶ᠋ᠢᠳᠠᠭ ᠦᠨᠤ ᠮᠠᠭᠤᠬᠠᠢ ᠬᠡᠯᠪᠡᠷᠢᠴᠢ ᠦᠵᠡᠯᠦᠨ ᠬᠣᠭ ᠨᠤᠪᠰᠢ ᠪᠤᠯᠤᠭᠰᠠᠨ ᠪᠦᠷᠢᠯᠭᠡᠨ ᠰᠤᠶ᠋ᠢᠳᠭᠡᠬᠥ᠌ ᠦᠵᠡᠭᠲᠡᠯ ᠢᠶᠡᠨ ᠡᠷᠬᠡᠪᠰᠢ ᠬᠠᠯᠠᠨ ᠰᠠᠶ᠋ᠢᠵᠢᠷᠠᠭᠤᠯᠬᠤ ᠴᠢᠬᠤᠯᠠᠲᠠᠢ ᠶᠣᠮ᠃ ᠦᠨᠡᠨ ᠬᠦ᠌ ᠢᠩᠬᠢᠵᠤ ᠬᠢᠵᠤ ᠴᠢᠳᠠᠪᠠᠯ ᠰᠠᠶᠢ ᠲᠦᠮᠡᠨᠦ ᠵᠢᠭᠰᠢᠯ ᠡᠴᠠ ᠰᠡᠯᠵᠤ᠂ ᠲᠥᠪ ᠰᠤᠷᠲᠠᠯ ᠤᠨ ᠢᠷᠠᠭᠤ ᠲᠠᠭᠤᠨᠢ ᠮᠦᠩᠬᠡᠲᠡ ᠬᠠᠩᠬᠢᠨᠠᠭᠤᠯᠬᠤ ᠪᠤᠯᠤᠮᠵᠢ ᠲᠠᠢ᠃