6 ᠵᠢᠯ ᠬᠡᠲᠦᠷᠡᠭᠰᠡᠡ ᠴᠠᠬᠢᠯᠭᠠᠨ ᠬᠡᠷᠡᠭᠰᠡᠯ᠎ᠢ ᠪᠤᠤ ᠬᠡᠷᠡᠭᠯᠡᠬᠡᠷᠡᠢ
2026-01-23 10:46:56
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠴᠠᠬᠢᠯᠭᠠᠨ ᠳᠤᠯᠠᠭᠠᠯᠠᠭ᠎ᠠ ᠵᠢᠨ ᠲᠥᠬᠥᠭᠡᠷᠦᠮᠵᠢ᠎ᠶᠢ ᠵᠣᠬᠢᠰ ᠦᠭᠡᠢ ᠬᠡᠷᠡᠭᠯᠡᠪᠡᠯ ᠶᠠᠮᠠᠷ ᠠᠶᠤᠯᠳᠠᠢ ᠪᠤᠢ? ᠵᠢᠶᠠᠩᠰᠢ ᠮᠤᠵᠢ᠎ᠶᠢᠨ ᠭᠠᠨᠵᠸᠦ᠍ ᠬᠣᠲᠠ᠎ᠶᠢᠨ ᠨᠢᠭᠡᠨ ᠰᠠᠭᠤᠭᠠᠯᠢ ᠠᠷᠠᠳ ᠬᠡᠷ᠎ᠲᠡᠭᠡᠨ 《ᠰᠢᠶᠦᠤ ᠲᠠᠢ ᠶᠠᠨᠭ᠌》 ᠨᠡᠷᠡᠮᠵᠢᠳᠦ ᠳᠤᠯᠠᠭᠠᠯᠠᠭ᠎ᠠ ᠵᠢᠨ ᠴᠡᠬᠢᠯᠭᠠᠨ ᠭᠡᠷᠡᠭᠰᠡᠯ ᠢ᠋ ᠬᠡᠷᠡᠭᠯᠡᠵᠦ᠍ ᠪᠠᠶ᠋ᠢᠭᠠᠳ ᠭᠠᠳᠠᠬᠰᠢ ᠭᠠᠷᠬᠤ᠎ᠳᠠᠭᠠᠨ ᠴᠠᠬᠢᠯᠭᠠᠨ ᠢ᠋ ᠨᠢ ᠬᠠᠭᠠᠭᠰᠠᠨ ᠥᠬᠡᠶ᠃ ᠡᠨᠡ ᠭᠦ᠌ ᠴᠡᠬᠢᠯᠭᠠᠨ ᠭᠡᠷᠡᠭᠰᠡᠯ ᠨᠢ ᠣᠷᠳᠣ ᠬᠤᠭᠤᠴᠠᠭ᠎ᠠ ᠪᠡᠷ ᠬᠠᠯᠠᠬᠤ᠎ᠪᠠᠷ ᠳᠡᠮᠵᠢᠨ ᠴᠡᠬᠢᠯᠭᠠᠨ ᠭᠡᠷᠡᠭᠰᠡᠯ᠎ᠤᠨ ᠡᠷᠬᠢᠨ ᠲᠣᠭᠣᠷᠢᠨ᠎ᠤ ᠬᠢᠨᠢ ᠡᠳ᠋ ᠪᠣᠳᠠᠰ᠎ᠢ ᠨᠣᠴᠣᠭᠠᠵᠤ᠂ ᠬᠡᠷ ᠳᠣᠲᠣᠷ᠎ᠠ ᠨᠢ ᠥᠳᠬᠡᠨ ᠣᠲᠣᠭ᠎ᠠ ᠪᠦᠷᠬᠦᠵᠡᠢ᠃


d664af81-c574-4d00-85b5-b707cc28ac29.png


ᠴᠠᠬᠢᠯᠭᠠᠨ ᠳᠤᠯᠠᠭᠠᠯᠠᠭ᠎ᠠ᠎ᠶᠢᠨ ᠲᠥᠬᠥᠭᠡᠷᠦᠮᠵᠢ ᠳᠡᠭᠡᠷ᠎ᠡ ᠶᠠᠭᠤᠮ᠎ᠠ ᠪᠦᠲᠡᠭᠡᠬᠦ᠌᠎ᠨᠢ ᠬᠡᠴᠢᠨᠡᠨ ᠠᠶᠤᠯᠳᠠᠢ ᠪᠠᠶ᠋ᠢᠳᠠᠭ ᠪᠤᠢ? ᠭᠠᠯ ᠭᠠᠷᠬᠤ᠎ᠳᠤ ᠵᠥᠪᠬᠡᠨ ᠬᠣᠶᠠᠷ ᠮᠢᠨᠦ᠋ᠲ ᠬᠡᠷᠡᠭᠰᠡᠳᠡᠭ᠃ ᠭᠠᠯ ᠤᠨᠲᠠᠷᠠᠭᠠᠭᠴᠢ ᠣᠷᠣ᠎ᠶᠢᠨ ᠪᠦᠲᠡᠭᠡᠯᠭᠡ᠎ᠶᠢ ᠴᠠᠬᠢᠯᠭᠠᠨ ᠳᠤᠯᠠᠭᠠᠴᠠᠭᠤᠷ ᠳᠡᠭᠡᠷ᠎ᠡ ᠪᠦᠲᠡᠭᠡᠵᠦ᠍ ᠲᠠᠯᠪᠢᠭᠠᠳ ᠨᠢᠭᠡ ᠮᠢᠨᠦ᠋ᠲ ᠪᠣᠯᠤᠮᠠᠭᠴᠠ ᠣᠷᠣ᠎ᠶᠢᠨ ᠪᠦᠲᠡᠭᠡᠯᠭᠡ ᠮᠡᠳᠡᠭᠳᠡᠮ᠎ᠡ ᠰᠢᠲᠠᠭᠳᠠᠨ ᠨᠦᠭᠡ ᠭᠠᠷᠴᠠᠢ᠃ ᠬᠣᠶᠠᠷ ᠮᠢᠨᠦ᠋ᠲ ᠪᠤᠯᠤᠮᠠᠬᠴᠠ ᠣᠷᠣ᠎ᠶᠢᠨ ᠪᠦᠲᠡᠭᠡᠯᠭᠡ ᠭᠡᠨᠡᠳᠲᠡ ᠶᠡᠬᠡ ᠭᠠᠯ ᠭᠠᠷᠪᠠ᠃ ᠬᠡᠷᠪᠡ ᠤᠷᠤ ᠵᠢᠨ ᠪᠦᠳᠡᠬᠡᠯᠬᠡ ᠴᠠᠭᠠᠰᠤᠨ ᠠᠯᠴᠢᠭᠤᠷ ᠴᠠᠬᠢᠯᠭᠠᠨ ᠳᠤᠯᠠᠭᠠᠯᠠᠭ᠎ᠠ ᠳᠡᠭᠡᠷ᠎ᠡ ᠤᠨᠠᠬᠤ ᠳ᠋ᠥ᠍ ᠬᠦᠷᠪᠡᠯ ᠨᠠᠩ ᠠᠮᠠᠷᠬᠠᠨ ᠭᠠᠯ ᠭᠠᠷᠤᠨ᠎ᠠ᠂ ᠨᠢᠭᠡ ᠮᠢᠨᠦ᠋ᠲ ᠪᠣᠯᠤᠯ ᠦᠭᠡᠢ᠎ᠪᠠᠷ ᠭᠠᠯ᠎ᠤᠨ ᠠᠶᠤᠯ ᠭᠠᠷᠤᠨ᠎ᠠ᠃

ᠴᠠᠬᠢᠯᠭᠠᠨ ᠬᠠᠯᠠᠭᠠᠯᠲᠠ᠎ᠶᠢᠨ ᠬᠤᠪᠴᠠᠰᠤ᠄ ᠴᠢᠭᠢᠭᠯᠢᠭ ᠣᠷᠴᠢᠨ ᠲᠣᠭᠣᠷᠢᠨ᠎ᠳᠤ ᠴᠠᠬᠢᠯᠭᠠᠨ ᠬᠠᠯᠠᠭᠠᠯᠲᠠ᠎ᠶᠢᠨ ᠬᠤᠪᠴᠠᠰᠤ ᠡᠮᠦᠰᠬᠦ᠌ ᠦᠭᠡᠢ ᠪᠠᠶ᠋ᠢᠪᠠᠯ ᠵᠤᠬᠢᠨ᠎ᠠ; ᠴᠠᠬᠢᠯᠭᠠᠨ ᠬᠠᠯᠠᠭᠠᠯᠲᠠ᠎ᠶᠢᠨ ᠬᠤᠪᠴᠠᠰᠤ ᠬᠦᠨᠳᠦ ᠪᠣᠳᠠᠰ᠎ᠲᠤ᠌ ᠳᠠᠷᠤᠭᠳᠠᠬᠤ ᠪᠤᠶᠤ ᠨᠤᠭᠤᠯᠤᠬᠳᠠᠬᠤ ᠡᠴᠠ ᠠᠯᠢ ᠴᠢᠳᠠᠬᠤ᠎ᠪᠠᠷ ᠬᠢᠴᠢᠶᠡᠬᠦ ᠬᠡᠷᠡᠭᠲᠡᠶ᠂ ᠨᠠᠩ ᠴᠤ᠌ ᠳᠤᠷ᠎ᠠ᠎ᠪᠠᠷ᠎ᠢᠶᠠᠨ ᠥᠭᠡᠷᠡᠴᠢᠯᠡᠨ ᠤᠭᠰᠠᠷᠠᠬᠤ ᠪᠤᠶᠤ ᠵᠠᠳᠠᠯᠵᠤ ᠪᠣᠯᠬᠤ ᠥᠬᠡᠶ᠃

ᠴᠠᠬᠢᠯᠭᠠᠨ ᠬᠠᠯᠠᠭᠠᠯᠲᠠ᠎ᠶᠢᠨ ᠲᠡᠪᠢᠰᠬᠡᠷ᠄ ᠴᠠᠬᠢᠯᠭᠠᠨ ᠬᠠᠯᠠᠭᠠᠯᠲᠠ᠎ᠶᠢᠨ ᠲᠡᠪᠢᠰᠬᠡᠷ᠎ᠢ ᠬᠡᠷᠡᠭᠯᠡᠬᠦ᠌ ᠦᠶ᠎ᠡ᠎ᠳᠤ ᠡᠪᠬᠡᠵᠦ᠍ ᠲᠠᠯᠪᠢᠭᠠᠳ ᠴᠠᠬᠢᠯᠭᠠᠨ ᠴᠡᠨᠡᠭᠯᠡᠵᠦ᠍ ᠪᠣᠯᠬᠤ ᠦᠭᠡᠢ᠂ ᠴᠠᠬᠢᠯᠭᠠᠨ ᠨᠡᠪᠲᠡᠷᠡᠬᠦ᠌ ᠴᠠᠭ᠎ᠢ ᠬᠡᠲᠦᠷᠬᠡᠢ ᠤᠷᠲᠤ᠌ ᠪᠠᠶ᠋ᠢᠯᠭᠠᠵᠤ ᠪᠣᠯᠬᠤ ᠦᠭᠡᠢ᠂ ᠤᠨᠲᠠᠬᠤ ᠦᠶ᠎ᠡ᠎ᠳᠤ ᠴᠠᠬᠢᠯᠭᠠᠨ᠎ᠢ᠎ᠨᠢ ᠲᠠᠰᠤᠯᠬᠤ ᠬᠡᠷᠡᠭᠲᠡᠢ᠂ ᠰᠥᠨᠢᠵᠢᠨ ᠬᠡᠷᠡᠭᠯᠡᠵᠦ᠍ ᠪᠣᠯᠬᠤ ᠦᠭᠡᠢ᠃ ᠴᠠᠬᠢᠯᠭᠠᠨ ᠬᠠᠯᠠᠭᠠᠯᠲᠠ᠎ᠶᠢᠨ ᠲᠡᠪᠢᠰᠬᠡᠷ ᠎ᠤᠨ ᠳᠤᠮᠳᠠᠴᠢ ᠬᠡᠷᠡᠭᠯᠡᠬᠦ᠌ ᠬᠤᠭᠤᠴᠠᠭ᠎ᠠ᠎ᠨᠢ 5 ᠡᠴᠡ 6 ᠵᠢᠯ ᠪᠣᠯᠤᠨ᠎ᠠ᠃

ᠪᠠᠶ᠎ᠡ ᠳ᠋ᠡᠬᠡᠨ ᠨᠠᠭᠠᠵᠤ ᠳᠤᠯᠠᠭᠠᠯᠠᠬᠤ ᠬᠡᠷᠡᠭᠰᠡᠯ᠄ ᠡᠳᠡᠬᠡᠷ ᠪᠦᠳᠤᠬᠡᠭᠳᠡᠬᠦᠨ ᠢ᠋ ᠬᠡᠷᠡᠭᠯᠡᠬᠦ᠌ ᠳ᠋ᠡᠬᠡᠨ ᠰᠢᠭᠤᠳ ᠠᠷᠠᠰᠤ ᠮᠢᠬᠠᠨ ᠳᠡᠭᠡᠷ᠎ᠡ᠎ᠪᠠᠨ ᠨᠠᠭᠠᠵᠦ᠍ ᠪᠤᠯᠬᠤ ᠦᠭᠡᠢ᠃

(《ᠠᠷᠠᠳ᠎ᠤᠨ ᠰᠦᠯᠵᠢᠶ᠎ᠠ》 ᠡᠴᠨ ᠨᠠᠢᠷᠠᠭᠤᠯᠤᠨ ᠠᠪᠤᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号