ᠢᠳᠡᠬᠡᠯ
2026-01-23 10:35:55
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠲᠠᠢᠨ᠎ᠤ ᠬᠠᠮᠤᠭ᠎ᠤᠨ ᠬᠡᠴᠡᠬᠦᠤ ᠡᠳᠤᠷ᠎ᠤᠳ ᠪᠠᠢᠯ᠎ᠠ᠃ ᠡᠳᠤᠷ ᠪᠦᠷᠢ ᠬᠠᠮᠤᠭ᠎ᠤᠨ ᠬᠠᠳᠠᠭᠤ ᠰᠢᠷᠤᠬᠦᠨ ᠬᠠᠢᠷ᠎ᠠ ᠨᠠᠢᠷ ᠦᠬᠡᠢ ᠳᠤᠯᠤᠯᠳᠤᠭᠠᠨ ᠪᠤᠯᠵᠤ ᠪᠠᠢᠬᠰᠠᠠ ᠡᠳᠤᠷ᠎ᠤᠳ ᠶᠤᠮ᠃ ᠴᠡᠷᠢᠭ ᠡᠷ᠎ᠠ ᠬᠠᠮᠤᠭ᠎ᠤᠨ ᠰᠠᠢᠨ ᠨᠠᠢᠵᠠ ᠵᠢᠨ ᠵᠢᠠᠨ ᠲᠠᠢᠰᠤᠨ᠎ᠤ ᠰᠤᠮᠤᠨ᠎ᠳᠤ ᠤᠨᠤᠭᠳᠠᠨ ᠤᠨᠠᠬᠤ ᠵᠢ ᠤᠯᠵᠤ ᠬᠠᠷᠠᠵᠠᠢ᠃ ᠰᠤᠮᠤ ᠮᠦᠨᠳᠤᠷ ᠮᠡᠳᠤ ᠱᠠᠬᠢᠵᠤ ᠪᠠᠢᠭᠰᠠᠠ ᠴᠤ᠌ ᠴᠡᠷᠢᠭ ᠡᠷ᠎ᠠ ᠲᠡᠰᠯᠡᠭᠴᠢ ᠲᠡᠬᠡᠷ᠎ᠠ ᠪᠡᠨ ᠤᠴᠢᠨ᠌᠄

— ᠨᠦᠬᠦᠷ ᠲᠡᠰᠯᠡᠭᠴᠢ ᠡ! ᠪᠢ ᠮᠠᠰᠢ ᠬᠤᠷᠳᠤᠨ ᠬᠦᠶᠤᠬᠡᠳ ᠨᠠᠢᠵᠠ ᠪᠡᠨ ᠠᠪᠤᠭᠠᠳ ᠢᠷᠡᠶ᠎ᠠ᠂ ᠨᠠᠢᠵᠠ ᠮᠢᠨᠢ ᠲᠠᠨᠳᠠ ᠫᠤᠤᠳᠠᠭᠤᠯᠴᠢᠬᠠᠯ᠎ᠠ᠃

ᠲᠡᠰᠯᠡᠭᠴᠢ ᠴᠡᠷᠢᠭ ᠤᠷᠤᠭᠤ 《ᠴᠢ ᠭᠠᠯᠵᠠᠭᠤᠷᠠᠴᠢᠬᠠᠪᠠ ᠤᠤ?》 ᠬᠡᠰᠡᠨ  ᠪᠠᠢᠳᠠᠯ  ᠲᠠᠢ ᠬᠠᠷᠠᠭᠠᠳ᠄

— ᠲᠡᠬᠡᠬᠦ ᠬᠡᠷᠡᠭ ᠪᠠᠢᠬᠤ ᠶᠤᠮ ᠤᠤ? ᠨᠠᠢᠵᠠ ᠴᠢᠨᠢ ᠪᠠᠷᠤᠭ ᠰᠢᠬᠦᠬᠦᠷ ᠰᠢᠨᠠᠭ᠎ᠠ ᠪᠤᠯᠳᠠᠯ᠎ᠠ ᠪᠡᠨ ᠫᠤᠤᠳᠠᠭᠤᠯᠤᠭᠰᠠᠠ᠃ ᠬᠡᠳᠤᠬᠡᠨ ᠮᠢᠨᠦ᠋ᠲ᠎ᠤᠨ ᠲᠠᠷᠠᠭ᠎ᠠ ᠨᠠᠰᠤ ᠪᠠᠷᠠᠨ᠎ᠠ᠂ ᠠᠮᠢᠳᠤ ᠭᠠᠷᠬᠤ ᠶᠠᠮᠠᠷᠴᠤ ᠪᠤᠯᠤᠮᠵᠢ ᠦᠬᠡᠢ᠃ ᠲᠡᠬᠡᠬᠦᠯᠠᠷ ᠴᠢ ᠪᠠᠷᠤᠭ ᠲᠠᠮᠠᠢ ᠶᠠᠭᠤᠮᠠᠨ᠎ᠤ ᠲᠦᠯᠦᠬᠡ ᠠᠮᠢ ᠪᠡᠨ ᠵᠤᠯᠢᠶᠠᠰᠤᠯᠠᠨ ᠶᠠᠪᠤᠵᠤ ᠪᠠᠢᠭ᠎ᠠ ᠬᠡᠰᠡᠨ ᠦᠬᠡ᠃ ᠴᠢ ᠲᠠᠨᠳᠠ ᠤᠴᠢᠯ᠎ᠠ ᠬᠡᠳ ᠶᠠᠭᠤ ᠴᠤ᠌ ᠦᠬᠡᠷᠡᠴᠢᠯᠡᠭᠳᠡᠬᠦ ᠦᠬᠡᠢ᠃

ᠴᠡᠷᠢᠭ ᠡᠷ᠎ᠠ ᠲᠡᠰᠯᠡᠭᠴᠢ ᠡᠴᠨ ᠪᠡᠨ ᠲᠠᠬᠢᠨ ᠰᠢᠮᠳᠠᠨ ᠭᠤᠶᠤᠭᠰᠠᠠ ᠤᠴᠢᠷ ᠠᠷᠭ᠎ᠠ ᠦᠬᠡᠢ ᠶᠠᠪᠤᠬᠤ ᠵᠢ ᠨᠢ ᠵᠦᠪᠰᠢᠶᠡᠷᠡᠵᠠᠢ᠃

ᠮᠦᠨᠳᠤᠷ ᠮᠡᠳᠤ ᠰᠦᠷᠴᠢᠬᠦ ᠰᠤᠮᠤᠨ᠎ᠳᠤ ᠤᠨᠤᠭᠳᠠᠯ ᠦᠬᠡᠢ ᠮᠦᠯᠬᠦᠭᠰᠡᠬᠡᠷ ᠠᠷᠠᠢ ᠬᠡᠵᠤ ᠨᠠᠢᠵᠠ ᠵᠢᠨ ᠵᠢᠠᠨ ᠲᠡᠷᠬᠡᠳᠡ ᠢᠷᠡᠪᠡ᠃ ᠲᠠᠷᠠᠭ᠎ᠠ ᠨᠢ ᠨᠠᠢᠵᠠ ᠵᠢ ᠪᠡᠨ ᠡᠬᠦᠷᠤᠨ ᠡᠷᠬᠢᠵᠤ ᠮᠦᠯᠬᠦᠭᠰᠡᠬᠡᠷ ᠨᠢᠭᠤᠪᠴᠢᠨ ᠳ᠋ᠠᠭᠠᠨ ᠠᠪᠴᠢᠷᠠᠪᠠ᠃ ᠲᠡᠰᠯᠡᠭᠴᠢ ᠴᠢᠰᠤ ᠰᠢᠪᠡᠷ ᠲᠤ᠌ ᠬᠤᠳᠬᠤᠯᠳᠤᠭᠰᠠᠠ ᠨᠠᠢᠵᠠ ᠳ᠋ᠤᠨᠢ ᠦᠵᠡᠯᠬᠡ ᠦᠵᠡᠬᠡᠳ᠄

— ᠪᠢ ᠴᠢᠮ᠎ᠠ᠎ᠳᠤ ᠬᠡᠯᠡᠭᠰᠡᠨ ᠰᠢᠤ ᠳ᠋ᠠ᠃ ᠠᠮᠢ ᠪᠡᠷ ᠵᠢᠠᠨ ᠲᠠᠨᠵᠢᠨ (ᠲᠡᠨᠵᠢ ᠪᠠᠷᠢᠴᠠᠭ᠎ᠠ — ᠪᠠᠭᠤᠯᠭᠠᠭᠴᠢ) ᠲᠡᠯᠪᠢᠨ ᠶᠠᠪᠤᠬᠤ ᠬᠡᠷᠡᠭ ᠦᠬᠡᠢ᠂ ᠶᠠᠭᠤ ᠴᠤ᠌ ᠦᠬᠡᠷᠡᠴᠢᠯᠡᠭᠳᠡᠬᠦ ᠦᠬᠡᠢ ᠬᠡᠵᠤ ᠁ ᠨᠠᠢᠵᠠ ᠴᠢᠨᠢ ᠨᠠᠰᠤ ᠪᠠᠷᠠᠭᠰᠠᠠ ᠪᠠᠢᠨ᠎ᠠ᠃

— ᠨᠦᠬᠦᠷ ᠲᠡᠰᠯᠡᠭᠴᠢ ᠡ᠂ ᠠᠮᠢ ᠪᠡᠷ ᠵᠢᠠᠨ ᠲᠡᠨᠵᠢᠨ ᠲᠠᠯᠪᠢᠵᠤ ᠤᠴᠢᠬᠰᠠᠠ ᠨᠢ ᠶᠡᠬᠡ ᠶᠠᠭᠤᠮ᠎ᠠ ᠵᠢ ᠦᠬᠡᠷᠡᠴᠢᠯᠡᠭᠰᠡᠡ᠃ ᠨᠠᠮ᠎ᠠ ᠵᠢ ᠤᠴᠢᠬᠤ᠎ᠳᠤ ᠨᠠᠢᠵᠠ ᠮᠢᠨᠢ ᠠᠮᠢᠳᠤ ᠪᠠᠢᠬᠰᠠᠠ ᠂ ᠲᠡᠬᠡᠬᠡᠳ ᠨᠠᠮ᠎ᠠ ᠵᠢ ᠬᠠᠷᠠᠭᠠᠳ ᠮᠠᠰᠢ ᠶᠡᠬᠡ ᠪᠠᠶᠠᠷᠯᠠᠵᠤ ᠪᠠᠢᠬᠰᠠᠠ ᠶᠤᠮ᠃ ᠨᠠᠢᠵᠠ ᠵᠢᠨ ᠵᠢᠠᠨ ᠢᠳᠡᠬᠡᠯ ᠲᠦᠬᠦᠷᠡᠩ ᠬᠠᠷᠠᠴᠠ ᠲᠠᠢ᠂ ᠪᠠᠶᠠᠷᠯᠠᠵᠤ ᠲᠡᠨᠢᠢᠭᠰᠡᠡ ᠰᠡᠳᠬᠢᠯ ᠵᠢᠡᠷ ᠲᠦᠬᠦᠷᠡᠩ ᠪᠠᠢᠬᠰᠠᠠ ᠲᠠᠷᠠ ᠭᠱᠠᠨ᠎ᠢ ᠪᠢ ᠶᠠᠭᠤ ᠪᠡᠷ ᠴᠤ᠌ ᠰᠤᠯᠢᠬᠤ ᠪᠡᠷ ᠦᠬᠡᠢ ᠲᠠᠢᠮᠤ ᠰᠠᠢᠬᠠᠨ ᠭᠱᠡᠨ ᠪᠠᠢᠬᠰᠠᠠ ᠶᠤᠮ ᠬᠡᠳ ᠲᠡᠬᠦᠨ᠎ᠤ ᠰᠡᠬᠦᠯ᠎ᠤᠨ ᠦᠬᠡ ᠵᠢ ᠡᠬᠡᠷ ᠲᠡᠳᠡᠨ ᠲᠠᠪᠳᠡᠨ ᠬᠡᠯᠡᠯ᠎ᠠ᠃

《ᠬᠠᠢᠷᠠᠳᠤ ᠨᠠᠢᠵᠠ ᠮᠢᠨᠢ᠂ ᠴᠢᠮ᠎ᠠ ᠵᠢ ᠢᠷᠡᠨ᠎ᠠ ᠬᠡᠳᠡᠭ᠎ᠢ ᠪᠢ ᠮᠡᠳᠡᠵᠤ ᠪᠠᠢᠬᠰᠠᠠ ᠶᠤᠮ》᠃

(《ᠲᠡᠯᠡᠬᠡᠢ ᠵᠢᠨ ᠰᠤᠷᠭᠠᠮᠵᠢᠳᠤ ᠦᠬᠦᠯᠡᠯᠬᠡ》 ᠨᠤᠮ ᠡᠴᠨ ᠨᠠᠢᠷᠠᠭᠤᠯᠤᠨ ᠠᠪᠤᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号