ᠨᠤᠲᠤᠭ ᠲᠠᠭᠠᠨ ᠪᠤᠴᠠᠵᠦ ᠤᠢᠯᠡᠰ ᠪᠤᠰᠬᠠᠭᠰᠠᠠ ᠤᠶᠤᠳᠠᠨ — ᠬᠠᠡᠭᠭᠠᠢ
2026-01-16 10:58:06
ᠵᠣᠬᠢᠶᠠᠭ᠍ᠴᠢ᠄
​ᠡᠤ ᠰᠡᠷᠬᠦᠯᠡᠩ ᠲᠤᠯᠭᠠᠭᠤᠷᠢ
ᠣᠩᠱᠢᠭ᠍ᠰᠠᠨ ᠣᠳᠠᠭ᠎ᠠ᠄
★★★☆☆

ᠬᠠᠡᠭᠭᠠᠢ ᠪᠤᠯ ᠨᠤᠳᠤᠭ ᠲᠠᠭᠠᠨ ᠪᠤᠴᠠᠵᠤ ᠦᠢᠯᠡᠰ ᠪᠤᠰᠬᠠᠭᠰᠠᠠ ᠤᠶᠤᠳᠠᠨ ᠵᠠᠯᠠᠭᠤ᠂ ᠬᠤᠷᠴᠢᠨ ᠪᠠᠷᠠᠭᠤᠨ ᠭᠠᠷᠦᠨ ᠡᠮᠦᠨᠡᠳᠤ ᠬᠤᠰᠢᠭᠤᠨ ᠤ᠋ ᠮᠠᠨᠵᠦᠲ᠋ᠦ᠋ᠨ ᠤ᠋ ᠮᠠᠨᠵᠦ ᠦᠨᠳᠦᠰᠦᠳᠡᠨ ᠤ᠋ ᠰᠢᠶᠠᠩ ᠤ᠋ᠨ ᠮᠠᠨᠳᠤᠯᠳᠤ ᠭᠠᠴᠠᠭ᠎ᠠ ᠪᠡᠷ ᠨᠤᠳᠤᠬᠳᠠᠢ᠂ ᠡᠨᠡ ᠵᠢᠯ ᠭᠤᠴᠢᠨ ᠲᠦᠷᠪᠡᠳᠡᠢ᠂ ᠨᠢ᠋ᠮᠠᠨ ᠵᠢᠯ ᠦᠢᠯᠡᠰ ᠪᠤᠰᠬᠠᠬᠰᠠᠨ ᠲᠤᠷᠰᠢᠯᠭ᠎ᠠ ᠲᠠᠢ ᠪᠦᠭᠡᠳ ᠤᠳᠤ ᠮᠤᠨᠭᠭᠤᠯ ᠬᠤᠪᠴᠠᠰᠤ ᠵᠠᠰᠠᠯ᠎ᠤᠨ ᠲᠡᠯᠭᠡᠭᠦᠷ᠂ ᠰᠡᠬᠦᠳᠡᠷ ᠲᠠᠳᠠᠬᠤ  ᠦᠷᠦᠬᠡ ᠵᠡᠷᠭᠡ ᠪᠠᠨ ᠰᠠᠢᠳᠤᠷ ᠠᠵᠢᠯᠯᠠᠭᠤᠯᠤᠨ ᠬᠢᠯᠠᠷᠠᠭᠤᠯᠵᠦ ᠶᠠᠪᠤᠭ᠎ᠠ ᠶᠤᠮ᠃

ᠬᠠᠨᠭᠭᠠᠢ ᠬᠠᠷᠠᠬᠠᠨ ᠪᠠᠭ᠎ᠠ ᠡᠴᠨ ᠪᠠᠨ ᠲᠠᠭᠤᠤ ᠤᠷᠠᠯᠢᠭ ᠲᠤ᠌ ᠪᠠᠬᠠᠳᠠᠢ ᠪᠤᠯᠬᠤᠷ 2009 ᠤᠨ ᠳ᠋ᠤ ᠬᠦᠬᠡᠬᠤᠳᠠ ᠵᠢᠨ ᠲᠡᠳᠮ᠎ᠡ ᠤᠷᠠᠯᠢᠭ ᠤ᠋ᠨ ᠰᠤᠷᠭᠠᠭᠤᠯᠢ ᠳ᠋ᠤ ᠭᠤᠷᠪᠠᠨ ᠵᠢᠯ ᠲᠠᠭᠤᠤ ᠬᠦᠭᠵᠢᠮ ᠤ᠋ᠨ ᠮᠡᠷᠬᠡᠵᠢᠯ ᠰᠤᠷᠴᠦ᠂ 2012 ᠤᠨ ᠳ᠋ᠤ ᠮᠤᠨᠭᠭᠤᠯ ᠤᠯᠤᠰ ᠤ᠋ᠨ ᠰᠤᠶᠤᠯ ᠤᠷᠠᠯᠢᠭ ᠤ᠋ᠨ ᠶᠡᠬᠡ ᠰᠤᠷᠭᠠᠭᠤᠯᠢ ᠳ᠋ᠤ ᠲᠦᠷᠪᠡᠨ ᠵᠢᠯ ᠰᠤᠷᠤᠯᠴᠠᠵᠦ ᠮᠡᠳᠡᠯᠬᠡ ᠮᠡᠷᠬᠡᠵᠢᠯ ᠵᠢᠡᠨ ᠤᠯᠠᠮ ᠴᠢᠨᠠᠬᠰᠢᠳᠠ ᠲᠡᠭᠡᠭᠰᠢᠯᠡᠬᠦᠯᠵᠡᠢ᠃ ᠤᠯᠠᠨ ᠵᠢᠯ ᠭᠠᠳᠠᠬᠰᠢ ᠶᠠᠪᠤᠵᠦ ᠠᠮᠢᠳᠦᠷᠠᠯ ᠰᠤᠷᠤᠯᠭ᠎ᠠ ᠳ᠋ᠠᠭᠠᠨ ᠴᠢᠷᠮᠠᠢᠵᠤ ᠢᠷᠡᠭᠰᠡᠡ ᠬᠠᠨᠭᠭᠠᠢ ᠨᠤᠳᠤᠭ ᠲᠠᠭᠠᠨ ᠪᠤᠴᠠᠵᠦ ᠦᠨᠳᠦᠰᠦᠲᠡᠨ ᠤ᠋ ᠤᠨᠴᠠᠯᠢᠬᠲᠦ ᠦᠢᠯᠡᠰ ᠡᠷᠬᠢᠯᠡᠬᠦ ᠪᠠᠷ ᠵᠤᠷᠢᠭ ᠰᠢᠭᠤᠳᠴᠠᠢ᠃ ᠢᠳᠡᠬᠡᠯ ᠤ᠋ᠨ ᠬᠦᠴᠦᠨ ᠳ᠋ᠤ ᠠᠮᠢᠳᠦᠷᠠᠯ ᠰᠠᠢᠬᠠᠨ᠂ ᠵᠢᠳᠬᠦᠯ ᠤ᠋ᠨ ᠬᠦᠴᠦᠨ ᠳ᠋ᠤ ᠦᠢᠯᠡᠰ ᠰᠠᠢᠬᠠᠨ ᠬᠡᠳᠡᠭ ᠵᠢᠡᠷ᠂ ᠬᠠᠨᠭᠭᠠᠢ ᠬᠡᠳᠦᠨ ᠰᠠᠷ᠎ᠠ ᠭᠠᠷᠦᠢ ᠵᠢᠨ ᠴᠠᠬ ᠵᠠᠷᠦᠴᠠᠭᠤᠯᠦᠨ ᠵᠠᠬ᠎ᠠ ᠲᠡᠯᠬᠡᠬᠦᠷ ᠤ᠋ᠨ ᠪᠠᠢᠴᠠᠭᠠᠯᠳᠠ ᠬᠢᠵᠦ᠂ 2017 ᠤᠨ ᠳ᠋ᠤ᠂ ᠬᠤᠷᠴᠢᠨ ᠪᠠᠷᠠᠭᠤᠨ ᠭᠠᠷᠦᠨ ᠡᠮᠦᠨᠡᠳᠤ ᠬᠤᠰᠢᠭᠤᠨ ᠤ᠋ ᠬᠤᠷᠴᠢᠨ ᠪᠠᠯᠭᠠᠰᠦᠨ ᠳ᠋ᠤ 《ᠬᠤᠨᠭᠭᠤᠷ ᠮᠤᠨᠭᠭᠤᠯ ᠬᠤᠪᠴᠠᠰᠦ ᠵᠠᠰᠠᠯ ᠤ᠋ᠨ ᠲᠡᠯᠬᠡᠬᠦᠷ》 ᠵᠢᠡᠨ ᠨᠡᠬᠡᠬᠡᠵᠦ ᠠᠵᠢᠯᠯᠠᠭᠤᠯᠵᠠᠢ᠃


QQ截图20260114155100.png


ᠬᠠᠩᠭᠠᠢ


ᠮᠤᠨᠭᠭᠤᠯ ᠬᠤᠪᠴᠠᠰᠦ ᠵᠠᠰᠠᠯ᠎ᠤᠨ ᠲᠡᠯᠭᠡᠭᠦᠷ ᠵᠢᠡᠨ ᠡᠵᠡᠩᠨᠡᠬᠦ ᠶᠠᠪᠤᠴᠠ᠎ᠳᠤ ᠮᠤᠨᠭᠭᠤᠯ ᠬᠤᠪᠴᠠᠰᠦ ᠵᠠᠰᠠᠯ ᠵᠢᠡᠷ ᠵᠢᠡᠨ ᠭᠤᠶᠤᠯᠠᠵᠦ ᠬᠦᠳᠡᠬᠡ ᠬᠡᠬᠡᠷ᠎ᠡ ᠬᠡᠷᠡᠯ ᠵᠢᠷᠤᠭ ᠲᠠᠳᠠᠭᠤᠯᠪᠠᠯ ᠨᠡᠩ ᠭᠤᠶᠤ ᠪᠤᠯᠤᠨ᠎ᠠ᠎ᠬᠡᠵᠦ  ᠪᠤᠳᠤᠭᠰᠠᠨ ᠲᠠᠷᠠ ᠪᠠᠷ ᠪᠠᠰᠠ ᠵᠢᠷᠤᠭ ᠰᠡᠬᠦᠳᠡᠷ ᠲᠠᠳᠠᠬᠤ ᠦᠢᠯᠡᠰ ᠡᠷᠬᠢᠯᠡᠬᠦ ᠪᠠᠷ ᠡᠯ᠎ᠠ ᠵᠤᠢᠯ ᠤ᠋ᠨ ᠨᠦᠬᠦᠴᠡᠯ ᠢ᠋ ᠪᠦᠷᠢᠳᠦᠭᠦᠯᠵᠦ ᠭᠠᠷᠳᠠᠵᠦ ᠬᠢᠭᠰᠡᠨ ᠪᠠᠢᠨ᠎ᠠ᠃  ᠳᠡᠯᠭᠡᠭᠦᠷ ᠵᠢᠨᠨ ᠳᠡᠰ ᠳᠡᠪᠰᠢᠬᠦᠯᠵᠦ᠂ ᠡᠵᠡᠨᠭᠨᠡᠯᠲᠠ ᠵᠢᠨ ᠬᠡᠯᠪᠡᠷᠢ ᠮᠠᠶᠢᠬ ᠵᠢᠨᠨ ᠰᠢᠯᠢᠳᠡᠭᠵᠢᠭᠦᠯᠦᠨ ᠨᠡᠡᠭ ᠤᠯᠠᠨ ᠤᠷᠠᠨ ᠪᠦᠲᠦᠭᠡᠯ ᠭᠠᠷᠭᠠᠵᠦ ᠨᠡᠡᠭ ᠤᠯᠠᠨ ᠬᠦᠮᠦᠨ ᠵᠤᠨ ᠤ᠋ ᠠᠡᠭᠬᠠᠷᠦᠯ ᠢ᠋ ᠲᠠᠳᠠᠬᠤ ᠡᠭᠦᠳᠡᠨ ᠡᠴᠨ 2019 ᠤᠨ ᠳ᠋ᠤ᠂ ᠲᠡᠷᠡ ᠪᠡᠷ ᠡᠾᠸᠨᠠᠨ ᠮᠤᠵᠢ ᠵᠢᠨ ᠵᠸᠨᠭᠵᠸᠤ ᠬᠤᠳᠠ ᠳ᠋ᠤ ᠬᠦᠷᠴᠦ ᠵᠢᠷᠤᠭ ᠰᠡᠬᠦᠳᠡᠷ ᠲᠠᠳᠠᠬᠤ ᠮᠡᠷᠬᠡᠵᠢᠯ ᠢ᠋ ᠬᠡᠳᠦᠨ ᠰᠠᠷ᠎ᠠ ᠰᠤᠷᠤᠯᠴᠠᠵᠦ᠂ ᠦᠪᠡᠷ ᠤ᠋ᠨ ᠵᠢᠷᠦᠬ ᠰᠡᠭᠦᠳᠡᠷ ᠰᠡᠭᠦᠳᠡᠷᠯᠡᠬᠦ ᠤᠷ᠎ᠠ ᠮᠡᠷᠭᠡᠵᠢᠯ ᠵᠢᠡᠨ ᠳᠡᠭᠡᠭᠰᠢᠯᠡᠬᠦᠯᠬᠦ ᠵᠢᠨ ᠳᠠᠭᠠᠤ ᠶᠠᠮᠠᠷ ᠰᠢᠤᠬᠠᠨ ᠡᠵᠡᠡᠭᠨᠡᠯᠲᠠ ᠵᠢᠨ ᠬᠡᠯᠪᠡᠷᠢ ᠪᠠᠷ ᠵᠠᠬ᠎ᠠ ᠳᠡᠯᠭᠡᠭᠦᠷ ᠪᠠ ᠰᠢᠨ᠎ᠠ ᠴᠠᠬ ᠤ᠋ᠨ ᠬᠡᠷᠡᠭᠯᠡᠭᠴᠢᠳ ᠤ᠋ᠨ ᠪᠠᠢᠳᠠᠯ ᠳ᠋ᠤ ᠲᠤᠬᠢᠷᠠᠭᠤᠯᠦᠨ ᠳᠡᠯᠭᠡᠭᠦᠷ ᠡᠷᠬᠢᠯᠡᠬᠦ ᠶᠤᠰᠤ ᠤᠬᠠᠭᠠᠨ ᠢ᠋ ᠬᠠᠢᠵᠦ ᠰᠦᠪᠡᠭᠴᠢᠯᠡᠭᠰᠡᠨ ᠪᠠᠢᠨ᠎ᠠ᠃


QQ截图20260114161434.png


ᠬᠡᠷᠡᠯ ᠵᠢᠷᠤᠭ ᠵᠠᠰᠠᠵᠤ ᠪᠠᠢᠭ᠎ᠠ ᠨᠢ 


ᠭᠠᠳᠠᠬᠰᠢ ᠭᠠᠷᠴᠦ ᠰᠤᠷᠤᠯᠴᠠᠵᠦ ᠬᠠᠷᠠᠭ᠎ᠠ ᠪᠠᠨ ᠲᠡᠯᠡᠭᠰᠡᠨ ᠤ᠋ ᠳᠠᠷᠠᠭ᠎ᠠ  ᠬᠠᠨᠭᠭᠠᠢ 2020 ᠤᠨ ᠳ᠋ᠤ 《ᠬᠤᠨᠭᠭᠤᠷ ᠵᠢᠷᠤᠭ ᠰᠡᠬᠦᠳᠡᠷ ᠤ᠋ᠨ ᠦᠷᠦᠬᠡ》 ᠪᠠᠨ ᠨᠡᠭᠡᠬᠡᠵᠦ᠂ ᠬᠡᠳᠦᠨ ᠵᠢᠯ ᠤ᠋ᠨ ᠲᠤᠷᠰᠢ ᠬᠡᠷ ᠪᠦᠯᠢ ᠵᠢᠨ ᠵᠢᠷᠭᠠᠯᠳᠤ ᠮᠦᠴᠡ᠂ ᠬᠡᠤᠬᠡᠳ ᠪᠠᠭᠠᠴᠤᠳ ᠤ᠋ᠨ ᠪᠠᠶᠠᠷᠳᠤ ᠢᠨᠢᠶᠡᠳᠤ ᠪᠦᠬᠦᠨ ᠢ᠋ ᠰᠡᠬᠦᠳᠡᠷᠯᠡᠨ ᠲᠡᠮᠳᠡᠭᠯᠡᠵᠦ᠂ ᠬᠡᠷᠡᠭᠯᠡᠭᠴᠢᠳ ᠪᠦᠬᠦᠨ ᠳ᠋ᠤ ᠬᠠᠮᠤᠭ ᠤ᠋ᠨ ᠨᠠᠨᠳᠢᠨ ᠲᠤᠷᠠᠰᠬᠠᠯ ᠦᠯᠡᠳᠡᠬᠡᠵᠦ ᠦᠭᠬᠦ ᠪᠡᠷ ᠮᠡᠷᠡᠢᠨ ᠴᠢᠷᠮᠠᠢᠬᠰᠠᠭᠠᠷ ᠢᠷᠡᠵᠡᠢ᠃ ᠠᠡᠭᠬ᠎ᠠ ᠡᠬᠢᠯᠡᠬᠦ ᠳ᠋ᠡᠭᠡᠨ ᠬᠠᠡᠭᠭᠠᠢ ᠵᠦᠪᠬᠡᠨ ᠪᠤᠳᠠᠲᠦ ᠴᠤᠬᠴᠠ ᠵᠢᠨ ᠳᠡᠯᠭᠡᠭᠦᠷ ᠵᠢᠨᠨ ᠴᠢᠷᠮᠠᠢᠨ ᠰᠢᠮᠳᠡᠨ ᠬᠢᠵᠦ᠂ ᠬᠦᠷᠰᠢ ᠤᠢᠷᠠᠯᠴᠠᠭ᠎ᠠ᠂ ᠤᠷᠤᠨ ᠨᠤᠲᠤᠭ ᠤ᠋ᠨ ᠬᠦᠮᠦᠰ ᠤ᠋ᠨ ᠠᠵᠢᠯ ᠢ᠋ ᠲᠤᠰᠴᠦ ᠬᠢᠵᠦ ᠪᠠᠢᠬᠰᠠᠨ ᠡᠴᠨ ᠤᠳᠤ 《ᠢᠨᠲᠸᠷ ᠰᠦᠯᠵᠢᠢ᠎ᠠ + 》 ᠵᠠᠬᠪᠦᠷ ᠵᠢᠡᠷ ᠡᠵᠡᠡᠭᠨᠡᠯᠲᠠ ᠵᠢᠨ ᠬᠡᠯᠪᠡᠷᠢ ᠪᠠᠨ ᠦᠷᠭᠡᠳᠭᠡᠵᠦ᠂ ᠡᠯ᠎ᠠ ᠭᠠᠵᠠᠷ ᠤ᠋ᠨ ᠬᠡᠷᠡᠭᠯᠡᠭᠴᠢᠳ ᠤ᠋ᠨ ᠵᠠᠬᠢᠶᠠᠯᠠᠭ᠎ᠠ ᠵᠢ ᠲᠤᠰᠴᠦ᠂ ᠬᠦᠮᠦᠨ ᠤᠯᠠᠨ ᠤ᠋ ᠳᠠᠭᠠᠰᠢᠶᠠᠯ ᠢ᠋ ᠬᠦᠷᠲᠡᠵᠦ  ᠨᠤᠲᠤᠭ ᠤ᠋ᠨ ᠵᠠᠯᠠᠭᠤ ᠲᠡᠭᠦᠦ ᠨᠠᠷ ᠲᠡᠬᠡᠨ ᠳᠠᠭᠤᠷᠢᠶᠠᠯ ᠪᠤᠯᠵᠦ᠂ ᠤᠢᠯᠡᠰ ᠤ᠋ᠨ ᠬᠠᠷᠭᠤᠢ ᠪᠠᠨ ᠰᠠᠷᠠᠭᠤᠯᠵᠢᠭᠤᠯᠵᠦ ᠶᠠᠪᠤᠨ᠎ᠠ᠃

《ᠡᠬᠦᠨ ᠡᠴᠨ ᠬᠤᠵᠢᠮ ᠪᠢ ᠵᠢᠷᠤᠭ ᠰᠡᠬᠦᠳᠡᠷ ᠲᠠᠳᠠᠬᠤ ᠠᠵᠢᠯ ᠵᠢᠡᠨ ᠰᠠᠢᠳᠦᠷ ᠬᠢᠵᠦ᠂ ᠬᠡᠷᠡᠭᠯᠡᠭᠴᠢᠳ ᠲᠤ᠌ ᠬᠠᠮᠤᠭ ᠤ᠋ᠨ ᠰᠢᠯᠢᠳᠡᠭ ᠦᠢᠯᠡᠴᠢᠯᠡᠬᠡ ᠬᠠᠨᠭᠭᠠᠬᠤ ᠪᠡᠷ ᠪᠠᠷᠠᠬᠤ ᠦᠬᠡᠢ ᠴᠠᠭ ᠤ᠋ᠨ ᠤᠷᠤᠰᠬᠠᠯ ᠢ᠋ ᠲᠠᠭᠠᠵᠦ᠂ ᠰᠦᠯᠵᠢᠶᠡᠨ ᠲᠡᠭᠡᠷ᠎ᠡ ᠮᠤᠨᠭᠭᠤᠯ ᠬᠤᠪᠴᠠᠰᠦ ᠵᠠᠰᠠᠯ ᠵᠢᠡᠨ ᠨᠡᠩ ᠤᠯᠠᠨ ᠬᠦᠮᠤᠨ ᠳ᠋ᠤ ᠲᠠᠨᠢᠭᠤᠯᠬᠤ ᠪᠠᠷ ᠴᠢᠷᠮᠠᠢᠨ᠎ᠠ》 ᠭᠡᠵᠤ ᠬᠠᠨᠭᠭᠠᠢ ᠰᠤᠷᠪᠤᠯᠵᠢᠯᠠᠭ᠎ᠠ ᠬᠦᠯᠢᠶᠡᠬᠥ ᠳ᠋ᠡᠭᠡᠨ ᠶᠠᠷᠢᠨ᠎ᠠ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号