ᠡᠶ᠋ᠢᠮᠦ᠍ ᠪᠦᠷᠢᠯᠳᠦᠬᠦᠨ ᠤᠷᠤᠬᠰᠠᠨ ᠤᠷᠤᠭᠤᠯ᠎ᠤᠨ ᠪᠤᠳᠤᠭ᠎ᠢ ᠪᠢᠲᠡᠭᠡᠶ ᠬᠡᠷᠡᠭᠯᠡᠬᠡᠷᠡᠢ
2026-02-06 16:31:32
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠡᠶ᠋ᠢᠮᠦ᠍ ᠪᠦᠷᠢᠯᠳᠦᠬᠦᠨ ᠤᠷᠤᠬᠰᠠᠨ ᠤᠷᠤᠭᠤᠯ᠎ᠤᠨ ᠪᠤᠳᠤᠭ᠎ᠢ  ᠪᠣᠯᠭᠣᠮᠵᠢᠲᠠᠶ ᠬᠡᠷᠡᠭᠯᠡᠬᠦ᠌ ᠬᠡᠷᠡᠭᠲᠡᠶ᠃

ᠬᠣᠶᠠᠷ ᠫᠷᠤᠫᠠᠨᠤᠨ - 3 (BP 3) ᠤᠷᠤᠬᠰᠠᠨ ᠤᠷᠤᠭᠤᠯ ᠎ᠤᠨ ᠪᠤᠳᠤᠭ ᠲᠤ᠌ ᠨᠢᠭᠡ ᠵᠤᠶ᠋ᠢᠯ ᠎ᠤᠨ ᠰᠢᠷᠠᠭᠳᠠᠬᠤ᠎ᠠᠴᠠ ᠰᠡᠷᠭᠡᠶ᠋ᠢᠯᠡᠬᠦ᠌ ᠪᠦᠷᠢᠯᠳᠦᠬᠦᠨ ᠤᠷᠤᠭᠤᠯᠤᠬᠰᠠᠨ  ᠪᠤᠯᠬᠤᠷ ᠬᠡᠰᠡᠭ ᠬᠥᠮᠦᠨ ᠬᠡᠷᠡᠭᠯᠡᠭᠰᠡᠨ᠎ᠤ ᠳᠠᠷᠠᠭ᠎ᠠ ᠤᠷᠤᠭᠤᠯ ᠨᠢ ᠵᠠᠭᠠᠲᠤᠨᠠᠬᠤ᠂ ᠠᠮᠠᠨ᠎ᠤ ᠲᠣᠭᠣᠷᠢᠨ᠎ᠤ ᠦᠷᠪᠢᠰᠦᠯ ᠵᠡᠷᠭᠡ ᠬᠠᠷᠰᠢᠮᠠᠲᠠᠭᠠᠶ ᠤᠷᠪᠠᠯ ᠭᠠᠷᠴᠤ᠌ ᠮᠡᠳᠡᠨ᠎ᠡ᠂ ᠬᠠᠷᠰᠢᠮᠠᠲᠠᠭᠠᠶ ᠠᠷᠠᠰᠤ ᠮᠢᠬ᠎ᠠ ᠲᠠᠢ ᠬᠦᠮᠦᠰ ᠬᠡᠷᠡᠭᠯᠡᠬᠦ᠌᠎ᠠᠴᠠ ᠵᠠᠶ᠋ᠢᠯᠠᠰᠬᠢᠬᠦ᠌ ᠬᠡᠷᠡᠭᠲᠡᠶ᠃ ᠪᠠᠳᠷᠠᠰᠢ᠂ ᠪᠧᠨ᠋ᠽᠧᠨ ᠹᠧᠨᠣᠯ᠂ ᠰᠠᠯᠢᠼᠢᠯ ᠬᠦᠴᠢᠯ ᠤᠷᠤᠬᠰᠠᠨ ᠤᠷᠤᠭᠤᠯ᠎ᠤᠨ ᠪᠤᠳᠤᠭ ᠪᠠᠳᠷᠠᠰᠢ ᠪᠠ ᠪᠧᠨ᠋ᠽᠧᠨ ᠹᠧᠨᠣᠯ ᠬᠡᠳᠦᠶ᠋ᠢᠪᠡᠷ ᠰᠡᠷᠢᠭᠦᠨ ᠰᠠᠨᠠᠭᠳᠠᠪᠠᠴᠤ᠌ ᠲᠡᠷᠡ ᠨᠢ ᠤᠷᠤᠭᠤᠯ ᠎ᠤᠨ ᠬᠡᠰᠡᠭ᠎ᠲᠤ᠌ ᠰᠡᠳᠦᠯᠲᠡ ᠦᠭᠳᠡᠭ᠂ ᠡᠶ᠋ᠢᠮᠦ᠍ ᠡᠴᠡ ᠤᠷᠤᠭᠤᠯ ᠬᠠᠭᠤᠷᠠᠶ᠋ᠢᠰᠢᠵᠦ᠍᠂ ᠠᠷᠠᠰᠤ ᠨᠢ ᠱᠠᠭᠠᠷᠠᠵᠦ᠍ ᠮᠡᠳᠡᠨ᠎ᠡ; ᠰᠠᠯᠢᠼᠢᠯ ᠬᠦᠴᠢᠯ᠎ᠨᠢ ᠪᠠᠰᠠ ᠤᠷᠤᠭᠤᠯ ᠎ᠢ ᠲᠠᠭ᠎ᠠ ᠦᠭᠡᠢ ᠪᠣᠯᠭᠠᠳᠠᠭ᠂ ᠬᠠᠷᠰᠢᠮᠠᠲᠠᠭᠠᠶ ᠠᠷᠠᠰᠤ ᠮᠢᠬ᠎ᠠ ᠲᠠᠢ ᠬᠦᠮᠦᠰ ᠬᠡᠷᠡᠭᠯᠡᠬᠦ᠌ ᠳ᠋ᠡᠬᠡᠨ ᠬᠢᠴᠢᠶᠡᠪᠡᠯ ᠵᠣᠬᠢᠨ᠎ᠠ᠃ ᠬᠣᠨᠢᠨ᠎ᠤ ᠥᠭᠡᠬᠦ᠌ ᠤᠷᠤᠬᠰᠠᠨ ᠤᠷᠤᠭᠤᠯ᠎ᠤᠨ ᠪᠤᠳᠤᠭ ᠬᠡᠳᠦᠶ᠋ᠢᠪᠡᠷ ᠰᠢᠮᠡᠵᠢᠭᠦᠯᠬᠦ᠌ ᠦᠢᠯᠡᠳᠦᠯ᠎ᠲᠠᠢ ᠪᠣᠯᠪᠠᠴᠤ᠌ ᠤᠷᠤᠭᠤᠯᠤᠬᠰᠠᠨ ᠪᠦᠷᠢᠯᠳᠦᠬᠦᠨ᠎ᠨᠢ ᠪᠤᠳᠤᠯᠢᠶᠠᠨᠲᠠᠢ ᠪᠤᠯᠬᠤᠷ ᠬᠠᠷᠰᠢᠯ ᠡᠭᠦᠰᠴᠦ᠍᠂ ᠤᠷᠤᠭᠤᠯ᠎ᠨᠢ ᠬᠠᠭᠤᠷᠠᠶ᠋ᠢᠰᠢᠬᠤ ᠪᠤᠶᠤ ᠵᠠᠭᠠᠲᠤᠨᠠᠵᠦ᠍ ᠮᠡᠳᠡᠨ᠎ᠡ᠃ ᠡᠷᠦᠳᠡᠰᠦ᠎ᠶᠢᠨ ᠥᠭᠡᠬᠦ᠂ ᠯᠠ ᠵᠡᠷᠭᠡ ᠡᠷᠦᠳᠡᠰᠦ ᠎ᠶᠢᠨ ᠲᠣᠰᠣ ᠤᠷᠤᠬᠰᠠᠨ ᠤᠷᠤᠭᠤᠯ᠎ᠤᠨ ᠪᠤᠳᠤᠭ  ᠢ᠋ ᠤᠷᠲᠤ᠌ ᠬᠤᠭᠤᠴᠠᠭ᠎ᠠ᠎ᠪᠠᠷ ᠬᠡᠷᠡᠭᠯᠡᠪᠡᠯ ᠤᠷᠤᠭᠤᠯ ᠎ᠤᠨ ᠬᠡᠰᠡᠭ᠎ᠤᠨ ᠲᠣᠰ ᠪᠡᠶ᠎ᠡ᠎ᠶᠢᠨ ᠴᠢᠭᠢᠭ ᠎ᠢ ᠬᠠᠮᠠᠭᠠᠯᠠᠬᠤ ᠴᠢᠳᠠᠪᠤᠷᠢ ᠎ᠶᠢ ᠨᠥᠯᠥᠭᠡᠯᠡᠵᠦ᠍᠂ ᠴᠢᠨᠠᠭᠰᠢᠯᠠᠨ ᠤᠷᠤᠭᠤᠯ᠎ᠤᠨ ᠦᠷᠪᠢᠰᠦᠯ ᠎ᠢ ᠡᠭᠦᠰᠭᠡᠵᠦ᠍ ᠮᠡᠳᠡᠨ᠎ᠡ᠂ ᠡᠶ᠋ᠢᠮᠦ ᠡᠴᠡ ᠤᠷᠭᠤᠮᠠᠯ᠎ᠤᠨ ᠲᠣᠰᠣ ᠪᠤᠶᠤ ᠪᠠᠶ᠋ᠢᠭᠠᠯᠢ᠎ᠶᠢᠨ ᠲᠣᠰᠣ᠎ᠶᠢᠨ ᠪᠦᠷᠢᠯᠳᠦᠬᠦᠨ ᠤᠷᠤᠬᠰᠠᠨ ᠤᠷᠤᠭᠤᠯ ᠎ᠤᠨ ᠪᠤᠳᠤᠭ ᠎ᠢ  ᠰᠣᠩᠭᠣᠬᠤ᠎ᠶᠢ ᠰᠠᠨᠠᠭᠤᠯᠤᠶ᠎ᠠ᠃

ᠬᠦᠴᠢᠯ ᠎ᠤᠨ ᠲᠥᠷᠥᠯ᠂ ᠭᠠᠳᠢᠷ᠎ᠠ ᠎ᠶᠢᠨ ᠤᠭᠤᠷᠠᠭ᠎ᠤᠨ ᠢᠰᠬᠡᠭᠦᠷ ᠤᠷᠤᠬᠰᠠᠨ ᠤᠷᠤᠭᠤᠯ᠎ᠤᠨ ᠪᠤᠳᠤᠭ᠎ᠤᠨ ᠡᠳᠡᠭᠡᠷ ᠪᠦᠷᠢᠯᠳᠦᠬᠦᠨ᠎ᠨᠢ ᠦᠬᠦᠵᠢᠭᠰᠡᠨ ᠠᠷᠠᠰᠤ ᠪᠤᠶᠤ ᠡᠪᠡᠷᠯᠢᠭ ᠡᠳ᠋᠎ᠢ ᠱᠠᠭᠠᠯᠵᠤ ᠮᠡᠳᠡᠨ᠎ᠡ᠂ ᠭᠡᠪᠡᠴᠦ᠍ ᠬᠡᠲᠦᠷᠡᠲᠡᠯ᠎ᠡ ᠬᠡᠷᠡᠭᠯᠡᠪᠡᠯ ᠤᠷᠤᠭᠤᠯ᠎ᠤᠨ ᠰᠠᠯᠢᠰᠤᠲᠤ᠌ ᠪᠦᠷᠬᠦᠪᠴᠢ᠎ᠶᠢᠨ ᠬᠠᠯᠬᠠᠪᠴᠢ᠎ᠶᠢ ᠡᠪᠳᠡᠨ᠎ᠡ᠃ ᠪᠤᠳᠤᠭ᠂ ᠪᠤᠳᠤᠬᠳᠤ ᠡᠳ᠋ ᠤᠷᠤᠬᠰᠠᠨ ᠤᠷᠤᠭᠤᠯ᠎ᠤᠨ ᠪᠤᠳᠤᠭ ᠥᠩᠭᠡ᠎ᠨᠢ ᠲᠤᠳᠤ ᠤᠷᠤᠭᠤᠯ᠎ᠤᠨ ᠪᠤᠳᠤᠭ᠎ᠲᠤ᠌ ᠲᠤᠭᠤᠯᠭ᠎ᠠ᠂ ᠺᠠᠳ᠋ᠮᠢ ᠵᠡᠷᠭᠡ ᠬᠦᠨᠳᠦ ᠲᠡᠮᠦᠷᠯᠢᠭ ᠤᠷᠤᠬᠰᠠᠨ ᠮᠠᠭᠠᠳ ᠦᠭᠡᠢ᠂ ᠣᠷᠳᠣ ᠬᠤᠭᠤᠴᠠᠭ᠎ᠠ᠎ᠪᠠᠷ ᠬᠡᠷᠡᠭᠯᠡᠪᠡᠯ ᠠᠮᠠᠨ ᠳ᠋ᠤ ᠤᠷᠤᠵᠤ ᠡᠷᠡᠭᠦᠯ ᠮᠡᠨᠳᠦ᠎ᠶᠢ ᠨᠥᠯᠥᠭᠡᠯᠡᠵᠦ᠍ ᠮᠡᠳᠡᠨ᠎ᠡ᠂ ᠲᠡᠢᠮᠤ ᠳ᠋ᠡᠬᠡᠨ ᠥᠩᠭᠡ ᠥᠬᠡᠶ ᠪᠤᠶᠤ ᠪᠠᠶ᠋ᠢᠭᠠᠯᠢ᠎ᠶᠢᠨ ᠪᠦᠷᠢᠯᠳᠦᠬᠦᠨ᠎ᠲᠠᠢ ᠤᠷᠤᠭᠤᠯ᠎ᠤᠨ ᠪᠤᠳᠤᠭ᠎ᠢ ᠰᠣᠩᠭᠣᠵᠦ᠍ ᠬᠡᠷᠡᠭᠯᠡᠭᠡᠷᠡᠢ᠃


     (《ᠠᠷᠠᠳ᠎ᠤᠨ ᠰᠦᠯᠵᠢᠶ᠎ᠠ》ᠡᠴᠨ ᠨᠠᠢᠷᠠᠭᠤᠯᠤᠨ ᠠᠪᠤᠪᠠ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号