ᠡᠳᠦᠷ ᠪᠦᠷᠢ ᠰᠢᠳᠦ ᠪᠠᠨ ᠤᠬᠢᠶᠠᠵᠦ᠍ ᠪᠠᠶ᠋ᠢᠪᠠᠴᠤ᠌ ᠶᠠᠭᠠᠬᠢᠭᠠᠳ ᠰᠢᠳᠦ ᠴᠢᠯᠠᠭᠤᠰᠢᠷᠠᠳᠠᠭ ᠪᠤᠢ? ᠡᠳᠦᠷ ᠪᠦᠷᠢ ᠬᠣᠭᠣᠯᠠ ᠢᠳᠡᠭᠰᠡᠨ ᠬᠤᠶ᠋ᠢᠨᠠ᠂ ᠰᠢᠳᠦᠨᠤ ᠭᠠᠳᠠᠷᠭᠤ ᠲᠡᠭᠡᠷᠡ ᠴᠢᠨᠢ ᠪᠦᠷ ᠢᠳᠡᠭᠡᠨ ᠤ ᠵᠣᠶ᠋ᠢᠯᠡᠰ ᠨᠠᠭᠠᠯᠳᠤᠵᠤ ᠪᠠᠶ᠋ᠢᠳᠠᠭ᠃ ᠡᠨᠡ ᠪᠣᠯ ᠳᠠᠷᠤᠶ ᠰᠢᠳᠦᠨᠤ ᠪᠠᠺᠲ᠋ᠧᠷᠢᠶᠢᠨ ᠲᠣᠯᠪᠣ ᠪᠣᠯᠤᠨᠠ᠂ ᠲᠡᠷᠡᠨᠢ ᠠᠮᠠᠨ ᠬᠥᠨᠳᠡᠶᠶᠢᠨ ᠪᠠᠺᠲ᠋ᠧᠷᠢ᠂ ᠢᠳᠡᠭᠡᠨᠤ ᠦᠯᠡᠳᠡᠭᠳᠡᠯ ᠪᠠ ᠰᠢᠯᠦᠰᠦᠨᠤ ᠤᠭᠤᠷᠠᠭᠤᠨ 《ᠨᠡᠶ᠋ᠢᠯᠡᠮᠡᠯ ᠪᠦᠲᠦᠭᠡᠭᠳᠡᠬᠦᠨ》 ᠪᠤᠯᠬᠤ ᠮᠦᠷᠳᠡᠭᠡᠨ ᠪᠠᠰᠠ ᠡᠳᠦᠷ ᠪᠦᠷᠢ᠂ ᠴᠠᠭ ᠢᠮᠠᠭᠲᠠ ᠰᠡᠮᠡᠭᠡᠷ ᠦᠷᠡᠵᠢᠵᠦ᠍ ᠪᠠᠶ᠋ᠢᠳᠠᠭ᠃ ᠶᠠᠭᠤᠨᠳᠤ ᠡᠳᠦᠷ ᠪᠦᠷᠢ ᠰᠢᠳᠦᠪᠠᠨ ᠤᠬᠢᠶᠠᠵᠦ᠍ ᠪᠠᠶ᠋ᠢᠪᠠᠴᠤ᠌ ᠪᠠᠰᠠ ᠰᠢᠳᠦ ᠴᠢᠯᠠᠭᠤᠰᠢᠷᠠᠳᠠᠭ ᠪᠤᠢ? ᠰᠢᠳᠦ ᠪᠡᠨ ᠤᠬᠢᠶᠠᠪᠠᠯ ᠦᠨᠡᠬᠡᠷ ᠰᠢᠳᠦᠨᠤ ᠪᠠᠺᠲ᠋ᠧᠷᠢᠶᠢᠨ ᠣᠯᠠᠩᠬᠢ ᠲᠣᠯᠪᠣᠶᠢ ᠠᠷᠢᠯᠭᠠᠵᠤ ᠲᠠᠶ᠋ᠢᠯᠤᠨᠠ᠂ ᠭᠡᠪᠡᠴᠦ᠍ ᠬᠠᠷᠠᠮᠰᠠᠯᠲᠠᠶᠨᠢ ᠰᠢᠳᠦ ᠤᠬᠢᠶᠠᠬᠤᠨᠢ ᠠᠮᠠᠨᠤ ᠬᠦᠨᠳᠡᠢ ᠵᠢ ᠦᠨᠡᠨ ᠬᠦ᠌ ᠴᠡᠪᠡᠷᠰᠢᠬᠦᠯᠵᠤ ᠲᠡᠢᠯᠬᠦ ᠶᠠᠪᠤᠳᠠᠯ ᠪᠢᠰᠢ᠃ ᠭᠤᠤᠯ ᠠᠰᠠᠭᠤᠳᠠᠯᠨᠢ ᠰᠢᠳᠦᠨᠤ ᠪᠠᠺᠲ᠋ᠧᠷᠢᠶᠢᠨ ᠲᠣᠯᠪᠣ ᠨᠢᠭᠤᠭᠳᠠᠵᠤ ᠪᠠᠢᠭᠠ ᠭᠠᠵᠠᠷ ᠬᠡᠲᠦᠷᠬᠡᠶ ᠣᠯᠠᠨ᠂ ᠬᠡᠲᠦᠷᠬᠡᠶ ᠳᠠᠯᠳᠠ ᠪᠠᠶ᠋ᠢᠳᠠᠭ ᠶᠤᠮ᠃
ᠰᠢᠳᠦᠨᠤ ᠴᠢᠯᠠᠭᠤᠰᠢᠷᠠᠯ ᠨᠢ ᠲᠠᠨᠤ ᠠᠮᠠ ᠦᠮᠡᠬᠡᠶ᠋ᠢᠷᠡᠵᠦ᠍ ᠪᠠᠶ᠋ᠢᠬᠤᠶᠢᠨ ᠦᠨᠳᠦᠰᠦ ᠪᠤᠯᠵᠤ ᠪᠠᠶ᠋ᠢᠭᠠ ᠮᠠᠭᠠᠳ ᠦᠭᠡᠢ᠃ ᠬᠡᠳᠦᠶ᠋ᠢᠪᠡᠷ ᠮᠠᠰᠢ ᠣᠯᠠᠨ ᠬᠦᠮᠦᠰ ᠠᠮᠠ ᠦᠮᠡᠬᠡᠶ᠋ᠢᠷᠡᠬᠦ᠌ ᠵᠢ ᠬᠣᠳᠣᠭᠣᠳᠣ ᠮᠠᠭᠤ ᠡᠴᠡ ᠪᠤᠯᠤᠯᠠ ᠭᠡᠵᠦ᠍ ᠦᠵᠡᠳᠡᠭ ᠪᠣᠯᠪᠠᠴᠤ᠌ ᠦᠨᠡᠨᠳᠡᠭᠡᠨ ᠣᠯᠠᠩᠬᠢ ᠬᠥᠮᠦᠨᠤ ᠠᠮᠠ ᠦᠮᠡᠬᠡᠶ᠋ᠢᠷᠡᠬᠦ᠌ ᠰᠢᠯᠲᠠᠭᠠᠨᠨᠢ ᠴᠥᠮ ᠰᠢᠳᠦᠨᠤ ᠴᠢᠯᠠᠭᠤᠰᠢᠷᠠᠯ ᠪᠠᠶ᠋ᠢᠭᠠ ᠶᠤᠮ᠂ ᠦᠷᠭᠦᠯᠵᠢ ᠲᠣᠬᠢᠶᠠᠯᠳᠤᠳᠠᠭᠨᠢ ᠳᠠᠷᠤᠶ ᠰᠢᠳᠦᠨ ᠤ ᠴᠢᠯᠠᠭᠤᠰᠢᠷᠠᠯ ᠶᠡᠬᠡ ᠬᠡᠮᠵᠢᠶᠡᠪᠠᠷ ᠣᠪᠣᠭᠠᠷᠠᠭᠰᠠᠨ ᠡᠴᠡ ᠪᠤᠯᠤᠬᠰᠠᠨ ᠰᠢᠳᠦᠨᠤ ᠣᠷᠴᠢᠨ ᠤ ᠦᠷᠪᠢᠰᠦᠯ ᠪᠣᠯᠤᠨᠠ᠃ ᠲᠡᠷᠡᠨᠢ ᠢᠳᠡᠭᠡᠨ ᠤ ᠵᠢᠵᠢᠭ ᠦᠯᠡᠳᠡᠭᠳᠡᠯ ᠢ᠋ ᠰᠣᠷᠣᠵᠤ᠂ ᠪᠠᠺᠲ᠋ᠧᠷᠢᠶᠢ ᠴᠤᠭᠯᠠᠭᠤᠯᠵᠤ᠂ ᠡᠲᠡᠭᠡᠷ ᠪᠠᠺᠲ᠋ᠧᠷᠢ ᠨᠢ ᠤᠭᠤᠷᠠᠭᠢ ᠵᠠᠳᠠᠷᠠᠭᠤᠯᠵᠤ᠂ ᠬᠦᠬᠦᠷᠲᠦ᠍ ᠪᠤᠳᠠᠰ ᠢ᠋ ᠢᠯᠭᠠᠷᠠᠭᠤᠯᠳᠠᠭ — ᠦᠭᠡᠷᠡ ᠪᠡᠷ ᠬᠡᠯᠡᠪᠡᠯ ᠳᠠᠷᠤᠶ 《ᠠᠮᠠ ᠦᠮᠡᠬᠡᠶ᠋ᠢᠷᠡᠬᠦ᠌》 ᠶᠠᠪᠤᠳᠠᠯ ᠪᠣᠯᠤᠨᠠ᠃
ᠦᠨᠡᠨᠳᠡᠭᠡᠨ ᠰᠢᠳᠦᠨ ᠤ ᠴᠢᠯᠠᠭᠤᠰᠢᠷᠠᠯᠢ ᠰᠡᠷᠭᠡᠶ᠋ᠢᠯᠡᠬᠦ᠌ᠨᠢ ᠳᠠᠷᠤᠶ ᠰᠢᠳᠦᠨᠤ ᠪᠠᠺᠲ᠋ᠧᠷᠢᠶᠢᠨ ᠲᠣᠯᠪᠣᠶᠢᠨ 《ᠴᠢᠯᠠᠭᠤᠰᠢᠷᠠᠬᠤ》ᠵᠢ ᠰᠡᠷᠭᠡᠶ᠋ᠢᠯᠡᠬᠦ᠌ ᠶᠠᠪᠤᠴᠠ ᠪᠣᠯᠤᠨᠠ᠃ ᠵᠠᠩᠭᠢᠯᠠᠭᠠ ᠨᠢ ᠲᠣᠭᠲᠠᠭᠰᠠᠨ ᠬᠤᠭᠤᠴᠠᠭᠠᠨ ᠳᠤ ᠰᠢᠳᠦᠨ ᠤ ᠪᠠᠺᠲ᠋ᠧᠷᠢᠶᠢᠨ ᠲᠣᠯᠪᠣᠶᠢᠨ ᠦᠷᠡᠵᠢᠯᠳᠡᠶᠢ ᠲᠠᠰᠤᠯᠵᠤ᠂ ᠡᠷᠡᠭᠦᠯ ᠬᠠᠮᠠᠭᠠᠯᠠᠯᠤᠨ ᠦᠯᠦ᠍ ᠤᠯᠵᠤ ᠦᠵᠡᠭᠳᠡᠬᠦ᠌ ᠬᠡᠰᠡᠭᠢ ᠴᠡᠪᠡᠷᠯᠡᠬᠦ᠌ᠳᠤ ᠤᠷᠤᠰᠢᠨᠡ᠃
(《ᠠᠷᠠᠳᠤᠨ ᠰᠦᠯᠵᠢᠶᠠ》 ᠡᠴᠨ ᠨᠠᠢᠷᠠᠭᠤᠯᠤᠨ ᠠᠪᠤᠪᠠ)