ᠮᠢᠨᠤ ᠶᠠᠷᠤᠮᠳᠡᠭ ᠠᠵᠢᠯ
2026-02-06 16:19:56
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

1973 ᠣᠨ ᠎ᠤ 6 ᠰᠠᠷ᠎ᠠ᠎ᠳᠤ ᠪᠢ ᠰᠢᠨᠵᠢᠶᠠᠩ᠎ᠤᠨ ᠨᠢᠬᠡᠨ ᠰᠤᠮᠤᠨ ᠠᠩᠬᠢ᠎ᠳᠤ ᠠᠵᠢᠯᠯᠠᠪᠠ᠃ ᠲᠡᠷᠡ ᠦᠶ᠎ᠡ᠎ᠳᠦ ᠦᠬᠡᠷ ᠲᠡᠷᠭᠡᠨ᠎ᠦ ᠲᠠᠰᠤᠭ᠎ᠤᠨ ᠭᠣᠣᠯ ᠡᠭᠦᠷᠭᠡ ᠪᠣᠯ ᠰᠤᠮᠤᠨ ᠠᠩᠬᠢ ᠵᠢᠨ ᠳᠤᠭᠤᠭᠠᠨ ᠬᠡᠷ ᠎ᠤᠨ ᠲᠦᠯᠡᠭᠡ ᠵᠢ ᠲᠡᠬᠦᠵᠤ ᠠᠪᠴᠢᠷᠠᠨ᠎ᠠ᠂ ᠤᠴᠢᠷ᠎ᠨᠢ ᠮᠢᠨᠦ᠍ ᠪᠡᠶ᠎ᠡ ᠴᠢᠬᠢᠷᠠᠭ᠂ ᠠᠩᠭᠢ᠎ᠶ᠋ᠢᠨ ᠳᠠᠷᠤᠭ᠎ᠠ ᠪᠤᠯᠬᠤᠷ ᠡᠨᠡ ᠡᠭᠦᠷᠭᠡ᠎ᠶ᠋ᠢ ᠨᠠᠳᠠᠳᠤ ᠲᠤᠱᠢᠶᠠᠵᠤ ᠥᠭ᠌ᠭᠥᠭ᠌ᠰᠡᠨ ᠶᠤᠮ᠃

ᠲᠣᠰ ᠰᠤᠮᠤᠨ ᠠᠩᠬᠢ᠎ᠨᠢ ᠢᠷᠬᠢᠶᠠᠩ (ᠶᠠᠷᠺᠺᠠᠨ) ᠭᠤᠣᠯ᠎ᠤᠨ ᠰᠠᠯᠪᠤᠷᠢ ᠤᠷᠤᠰᠭᠠᠯ ᠪᠣᠯᠬᠤ ᠽᠧ ᠾᠧ ᠭᠤᠣᠯ᠎ᠤᠨ ᠵᠡᠭᠦᠨ ᠡᠷᠭᠢ᠎ᠳᠤ ᠪᠠᠢᠷᠢᠯᠠᠵᠤ᠂ ᠰᠤᠮᠤᠨ ᠠᠩᠭᠢ᠎ᠠᠴᠠ ᠤᠮᠠᠷᠠᠰᠢ ᠬᠠᠭᠠᠰ ᠴᠠᠭ ᠭᠠᠷᠤᠢ  ᠶᠠᠪᠤᠭᠰᠠᠭᠠᠷ ᠽᠸ ᠾᠸ ᠭᠤᠤᠯ᠎ᠤᠨ ᠬᠦᠪᠡᠬᠡᠨ᠎ᠳᠤ ᠬᠦᠷᠴᠢᠬᠡᠳᠡᠭ᠂ ᠽᠧ ᠾᠧ ᠭᠤᠣᠯ᠎ᠤᠨ ᠬᠤᠶᠠᠷ ᠡᠷᠭᠢ ᠎ᠪᠡᠷ ᠢᠭ᠍ᠴᠤ ᠰᠠᠬᠤᠯᠢᠭ ᠲᠣᠣᠷᠠᠢ᠎ᠶ᠋ᠢᠨ ᠤᠢ ᠦᠷᠭᠦᠯᠵᠢᠯᠡᠵᠤ᠂ ᠲᠦᠷᠪᠡᠨ ᠤᠯᠠᠷᠢᠯ᠎ᠤᠨ ᠭᠤᠶᠤ ᠦᠵᠡᠮᠵᠢ ᠨᠢ ᠬᠦᠮᠤᠰ ᠎ᠢ ᠰᠤᠭᠳᠤᠭᠤᠷᠠᠭᠤᠯᠤᠨ᠎ᠠ᠃ ᠮᠢᠨᠤ ᠠᠵᠢᠯ  ᠪᠤᠯ  ᠬᠠᠮᠤᠭ ᠎ᠤᠨ  ᠡᠬᠡᠯ  ᠵᠢᠷ ᠎ᠤᠨ ᠠᠵᠢᠯ ᠂ ᠡᠳᠦᠷ ᠪᠦᠷᠢ᠎ᠶ᠋ᠢᠨ ᠥᠷᠯᠥᠭᠡ ᠡᠷᠲᠡ ᠰᠦᠬᠡ᠂ ᠳᠡᠭᠡᠰᠦ ᠪᠡᠨ ᠠᠪᠴᠤ᠂ ᠦᠳᠡ᠎ᠶ᠋ᠢᠨ ᠬᠤᠭᠤᠯᠠ  ᠪᠤᠯᠤᠨ ᠤᠰᠤ  ᠪᠡᠨ ᠠᠪᠤᠭᠠᠳ ᠲᠣᠣᠷᠠᠢ᠎ᠶ᠋ᠢᠨ ᠣᠢ ᠵᠦᠭ ᠴᠢᠭᠯᠡᠳᠡᠭ᠃

ᠲᠣᠣᠷᠠᠢ᠎ᠪᠤᠯ ᠮᠤᠨᠳᠠᠭ ᠶᠡᠬᠡ ᠠᠮᠢᠵᠢᠷᠠᠯ᠎ᠤᠨ ᠬᠦᠴᠦᠨ ᠲᠠᠢ ᠪᠠᠢᠳᠠᠭ ᠵᠢᠡᠷ ᠵᠢᠠᠨ ᠨᠠᠷ᠎ᠠ ᠠᠯᠳᠠᠷᠰᠢᠵᠤ᠂《ᠡᠯᠡᠰᠤᠨ ᠴᠦᠯ ᠎ᠤᠨ ᠪᠠᠭᠠᠳᠤᠷᠯᠢᠬ ᠮᠤᠳᠤ》ᠬᠡᠮᠡᠭᠳᠡᠳᠡᠭ᠂ ᠤᠨᠴᠠᠭᠠᠢᠯᠠᠨ ᠤᠯᠠᠷᠢᠯ᠎ᠤᠨ ᠰᠠᠢᠬᠠᠨ ᠨᠠᠮᠤᠷ ᠵᠢᠡᠷ ᠳᠤᠤᠷᠠᠢ ᠳᠤᠵᠢ᠎ᠳᠠᠭᠠᠨ ᠰᠢᠷᠭᠠᠯᠳᠤᠨ ᠡᠩ ᠪᠠᠢᠭᠠᠯᠢ ᠪᠡᠨ ᠦᠵᠡᠰᠬᠦᠯᠡᠩ ᠴᠢᠮᠡᠵᠤ᠂ ᠲᠦᠮᠡᠨ ᠤᠯᠠᠨ ᠵᠢᠠᠨ ᠪᠠᠶᠠᠰᠬᠠᠨ ᠵᠢᠷᠭᠠᠭᠤᠯᠤᠨ᠎ᠠ᠃《ᠤᠷᠭᠤᠭᠠᠳ ᠮᠢᠩᠭᠠᠨ ᠵᠢᠯ᠂ ᠦᠬᠦᠬᠡᠳ ᠮᠢᠩᠭᠠᠨ ᠵᠢᠯ᠂ ᠦᠵᠢᠷᠡᠬᠡᠳ ᠮᠢᠩᠭᠠᠨ ᠵᠢᠯ》 ᠬᠡᠭᠳᠡᠭᠰᠡᠡ ᠳᠤᠤᠷᠠᠢ ᠵᠢᠨ ᠤᠢ ᠵᠢᠨ ᠦᠵᠡᠮᠵᠢ ᠬᠦᠮᠤᠨ ᠪᠦᠬᠦᠨ᠎ᠤ ᠰᠤᠨᠢᠷᠬᠠᠯ᠎ᠢ ᠲᠠᠳᠠᠳᠠᠭ᠃ ᠪᠢ ᠡᠳᠦᠷ ᠪᠦᠷᠢ ᠨᠢᠭᠡ ᠦᠬᠡᠷ ᠲᠡᠷᠭᠡ ᠬᠠᠲᠠᠬᠰᠠᠠ ᠮᠣᠳᠣᠨ ᠰᠠᠯᠠᠭ᠎ᠠ ᠲᠡᠭᠦᠵᠦ᠍ ᠲᠠᠯᠪᠢᠬᠤ᠎ᠶ᠋ᠢᠨ ᠲᠥᠯᠥᠭᠡ ᠲᠣᠣᠷᠠᠢ᠎ᠶ᠋ᠢᠨ ᠮᠣᠳᠣᠨ᠎ᠤ ᠤᠷᠴᠢᠮ ᠵᠢᠡᠷ ᠳᠤᠭᠤᠷᠢᠵᠤ᠂ ᠵᠠᠷᠢᠮ᠎ᠳᠠᠭᠠᠨ ᠭᠠᠵᠡᠷ ᠲᠤ᠌ ᠤᠨᠠᠭᠰᠠᠠ ᠮᠤᠳᠤᠨ᠎ᠤ ᠰᠠᠯᠠᠭ᠎ᠠ ᠨᠠᠮᠠᠭ᠎ᠠ ᠵᠢ ᠲᠡᠬᠦᠨ᠎ᠠ᠂ ᠵᠠᠷᠢᠮ ᠳ᠋ᠠᠭᠠᠨ ᠮᠤᠳᠤ ᠤᠭᠳᠤᠯᠤᠨ᠎ᠠ᠃ ᠡᠬᠦᠨ᠎ᠢ ᠬᠠᠷᠠᠭᠠᠳ ᠪᠢ ᠳᠤᠤᠷᠠᠢ ᠵᠢ ᠦᠷᠤ ᠡᠪᠡᠳᠤᠨ᠎ᠠ᠂ ᠬᠡᠪᠡᠴᠤ ᠪᠢ ᠪᠠᠰᠠ ᠳᠤᠤᠷᠠᠢ᠎ᠳᠠᠭᠠᠨ ᠬᠠᠢᠷᠠᠳᠠᠢ᠂ ᠳᠤᠤᠷᠠᠢ ᠵᠢᠨ ᠵᠤᠷᠢᠬ ᠰᠠᠨᠠᠭ᠎ᠠ ᠪᠡᠷ ᠴᠢᠷᠮᠠᠢᠨ ᠠᠵᠢᠯᠯᠠᠳᠠᠭ᠃

ᠨᠢᠭᠡᠨ ᠡᠳᠦᠷ ᠪᠢ ᠦᠬᠡᠷ ᠲᠡᠷᠭᠡ ᠪᠡᠷ ᠲᠣᠣᠷᠠᠢ᠎ᠶ᠋ᠢᠨ ᠣᠢ᠎ᠶ᠋ᠢᠨ ᠵᠡᠭᠦᠨ ᠬᠣᠢ᠍ᠢᠲᠤ ᠵᠦᠭ᠌ ᠵᠢᠡᠷ 4 ᠴᠠᠭ᠎ᠤᠨ ᠦᠶᠠᠰ ᠵᠢᠡᠷ ᠦᠩᠬᠡᠷᠡᠬᠦ᠎ᠳᠤ ᠭᠡᠨᠡᠳᠲᠡ ᠨᠢᠳᠦᠨ ᠡᠮᠦᠨᠡᠭᠦᠷ ᠲᠣᠣᠷᠠᠢ᠎ᠶ᠋ᠢᠨ ᠣᠢ ᠳᠣᠲᠣᠷ᠎ᠠ ᠨᠢᠭᠡᠨ ᠬᠡᠰᠡᠭ ᠡᠯᠡᠰᠤᠷᠬᠡᠭ ᠭᠠᠵᠡᠷ ᠬᠠᠷᠠᠭᠳᠠᠪᠡ᠂ ᠳᠤᠮᠳᠠ᠎ᠪᠡᠨ ᠡᠯᠡᠰᠦᠨ ᠳᠤᠪᠤ ᠲᠠᠢ᠂ ᠰᠢᠵᠢᠷ ᠠᠯᠳᠠᠨ ᠡᠯᠡᠰᠦᠨ ᠲᠤᠪᠤ ᠳᠡᠭᠡᠷ᠎ᠡ ᠤᠯᠠᠭᠠᠨ ᠪᠤᠷᠭᠠᠰᠤ ᠪᠠᠢᠬᠤ ᠵᠢ ᠬᠠᠷᠠᠭᠠᠳ ᠬᠠᠭ᠎ᠠ ᠪᠠᠶᠠᠷᠯᠠᠵᠠᠢ᠃

ᠪᠢ ᠨᠢᠭᠡ ᠡᠯᠡᠰᠦᠨ ᠳᠤᠪᠤ᠎ᠶ᠋ᠢᠨ ᠬᠠᠵᠠᠭᠤ᠎ᠳᠤ ᠬᠦᠶᠤᠬᠡᠳ ᠬᠦᠷᠬᠦᠯᠠᠷ ᠲᠡᠨᠳᠡ ᠬᠡᠳᠦᠨ ᠮᠣᠳᠣᠨ᠎ᠠᠴᠠ ᠬᠦᠷᠳᠡᠯ᠎ᠠ ᠳᠤᠮᠤ ᠬᠠᠲᠠᠭ᠍ᠰᠠᠨ ᠪᠤᠷᠭᠠᠰᠤᠨ᠎ᠤ ᠦᠨᠳᠦᠰᠦ ᠦᠵᠡᠭᠳᠡᠬᠦ ᠲᠠᠢ ᠦᠬᠡᠢ ᠲᠠᠢ ᠪᠠᠢᠪᠠ᠃ ᠰᠤᠮᠤᠨ ᠠᠩᠭᠢ᠎ᠶ᠋ᠢᠨ ᠠᠵᠢᠯᠲᠠᠳ᠎ᠤᠨ ᠬᠠᠮᠤᠭ᠎ᠠᠴᠠ ᠳᠤᠷᠠᠲᠠᠢ ᠲᠦᠯᠡᠭᠡ ᠪᠣᠯ ᠬᠠᠲᠠᠭ᠍ᠰᠠᠨ ᠪᠤᠷᠭᠠᠰᠤ᠎ᠶ᠋ᠢᠨ ᠦᠨᠳᠦᠰᠦ ᠶᠤᠮ᠂ ᠱᠢᠲᠠᠬᠤ᠎ᠳᠤ ᠳᠠᠭᠠᠭᠠᠮᠠᠭᠠᠢ ᠮᠦᠷᠳᠡᠬᠡᠨ ᠪᠠᠰᠠ ᠠᠷᠪᠢᠳᠠᠢ ᠪᠠᠢ᠍ᠢᠳᠠᠭ᠃ ᠪᠢ ᠨᠢᠮᠭᠡᠨ ᠬᠥᠷᠥᠰᠥ᠎ᠶ᠋ᠢ ᠨᠢ ᠮᠠᠯᠲᠠᠭ᠍ᠰᠠᠨ᠎ᠤ ᠳᠠᠷᠠᠭ᠎ᠠ ᠪᠥᠷ ᠤᠯᠠᠭᠠᠨ ᠪᠤᠷᠭᠠᠰᠤ ᠵᠢᠨ ᠦᠨᠳᠤᠰᠤ ᠢᠷᠠᠢᠨ ᠦᠵᠡᠭᠳᠡᠨ᠎ᠠ᠂ ᠮᠢᠨᠤ ᠲᠠᠷᠠ ᠪᠠᠶᠠᠷᠯᠠᠭᠰᠠᠠ ᠬᠡᠵᠤ ᠤᠤ? ᠤᠳᠠᠯ ᠦᠭᠡᠢ ᠯᠠ ᠨᠢᠭᠡ ᠲᠡᠷᠭᠡ ᠳᠦᠭᠦᠷᠡᠩ ᠤᠯᠠᠭᠠᠨ ᠪᠤᠷᠭᠠᠰᠤ ᠰᠠᠪᠠᠯᠠᠵᠤ ᠰᠤᠮᠤᠨ ᠠᠩᠬᠢ ᠵᠦᠭ ᠲᠠᠭᠤᠤ ᠠᠶᠠᠯᠭᠤᠯᠠᠨ ᠶᠠᠪᠤᠯ᠎ᠠ᠃

ᠨᠢᠭᠡ ᠵᠢᠯ᠎ᠦᠨ ᠳᠠᠷᠠᠭ᠎ᠠ ᠪᠢ ᠡᠪᠯᠡᠯ ᠎ᠦᠨ ᠬᠣᠷᠢᠶ᠎ᠠ᠎ᠳᠤ ᠠᠵᠢᠯ ᠱᠢᠯᠵᠢᠵᠤ ᠦᠰᠦᠭ ᠪᠢᠴᠢᠭ ᠲᠠᠢ ᠤᠷᠤᠯᠳᠤᠭᠰᠡᠡ ᠪᠤᠯᠪᠠᠴᠤ ᠪᠠᠰᠠ ᠯᠠ ᠨᠡᠯᠢᠶᠡᠳ ᠤᠷᠲᠤ ᠬᠤᠭᠤᠴᠠᠭ᠎ᠠ ᠦᠬᠡᠷ ᠲᠡᠷᠭᠡ ᠬᠥᠲᠥᠯᠵᠦ᠍᠂ ᠠᠯᠲᠠᠨ ᠱᠢᠷᠭᠠᠯ ᠲᠣᠣᠷᠠᠢ ᠎ᠶ᠋ᠢᠨ ᠣᠢ᠎ᠳᠤ ᠲᠦᠯᠡᠭᠡ ᠡᠷᠢᠵᠤ ᠪᠠᠢᠬᠰᠠᠠ ᠪᠢᠯᠠ ᠁

《ᠠᠮᠢᠳᠤᠷᠠᠯ᠎ᠤᠨ ᠤᠷᠤᠢ ᠵᠢᠨ ᠰᠤᠨᠢᠨ》 ᠡᠴᠨ ᠤᠷᠴᠢᠭᠤᠯᠤᠨ ᠨᠠᠢᠷᠠᠭᠤᠯᠪᠠ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号