ᠠᠪᠢᠶᠠᠰ ᠪᠢᠯᠢᠭ ᠲᠠᠢ ᠠᠷᠠᠳ᠎ᠤᠨ ᠤᠷᠠᠯᠢᠬᠴᠢᠨ ᠵᠢᠨ ᠭᠠᠩ
2026-02-06 16:12:09
ᠵᠣᠬᠢᠶᠠᠭ᠍ᠴᠢ᠄
ᠵ · ᠷᠢᠨᠴᠢᠨ
ᠣᠩᠱᠢᠭ᠍ᠰᠠᠨ ᠣᠳᠠᠭ᠎ᠠ᠄
★★★☆☆

— ᠮᠠᠨ ᠎ᠤ  ᠬᠢᠨ ᠎ᠤ ᠲᠤᠮᠳᠠ ᠠᠪᠤᠨ ᠳᠤᠤᠷ᠎ᠠ ᠪᠡᠨ ᠬᠤᠯᠪᠤᠭ᠎ᠠ ᠬᠡᠯᠡᠴᠢᠬᠡᠳᠡᠭ ᠭᠡᠳᠦᠨ ᠬᠦᠮᠦᠨ᠎ᠦ ᠨᠢᠭᠡ ᠨᠢ ᠵᠢᠨ ᠭᠠᠩ᠃

—  ᠲᠠᠷᠤᠤ ᠬᠢᠴᠢᠶᠡᠩᠬᠦᠢ ᠪᠠᠷ ᠰᠤᠷᠤᠯᠴᠠᠵᠤ ᠬᠡᠯᠡᠯᠭᠡ ᠪᠠᠨ ᠪᠠᠶᠠᠯᠢᠭᠵᠢᠭᠤᠯᠳᠠᠭ᠎ᠤᠨ ᠨᠢᠭᠡ ᠨᠢ ᠵᠢᠨ ᠭᠠᠩ᠃

ᠵᠢᠨ ᠭᠠᠩ ᠪᠤᠯ ᠬᠤᠷᠴᠢᠨ ᠵᠡᠬᠦᠨ ᠭᠠᠷᠤᠨ ᠬᠤᠶ᠋ᠢᠳᠤ ᠬᠤᠰᠢᠭᠤᠨ᠎ᠤ ᠤᠯᠤᠰ ᠲᠦᠷᠦ᠎ᠶᠢᠨ ᠵᠦᠪᠯᠡᠯᠭᠡᠨ᠎ᠦ ᠭᠡᠰᠢᠬᠦᠨ᠂《ᠬᠤᠷᠴᠢᠨ ᠲᠤᠤᠯᠢ》ᠵᠢᠨ ᠬᠤᠳᠠ᠎ᠶᠢᠨ ᠲᠡᠰ᠎ᠦᠨ ᠪᠤᠳᠠᠰ᠎ᠤᠨ ᠪᠤᠰᠤ ᠰᠤᠶᠤᠯ᠎ᠤᠨ ᠦᠪ ᠎ᠤᠨ ᠲᠦᠯᠦᠭᠡᠯᠡᠬᠦ᠌ ᠴᠢᠨᠠᠷᠳᠠᠢ ᠤᠯᠠᠮᠵᠢᠯᠠᠭᠴᠢ᠂ ᠬᠤᠷᠴᠢᠨ ᠵᠡᠬᠦᠨ ᠭᠠᠷᠤᠨ ᠬᠤᠶ᠋ᠢᠳᠤ ᠬᠤᠰᠢᠭᠤᠨ ᠎ᠤ ᠠᠷᠠᠳ᠎ᠤᠨ ᠤᠷᠠᠯᠢᠭᠴᠢᠨ ᠶᠤᠮ᠃


QQ20260206-160737.png


ᠭᠠᠳᠠᠭᠠᠳᠤ ᠵᠢᠨ ᠶᠡᠬᠡ  ᠰᠤᠷᠭᠠᠭᠤᠯᠢ ᠵᠢᠨ ᠬᠢᠴᠢᠶᠠᠯ᠎ᠤᠨ ᠲᠠᠩᠬᠢᠮ᠎ᠳᠤ


ᠲᠠᠷᠠ ᠪᠡᠷ 2025 ᠤᠨ᠎ᠤ 10 ᠰᠠᠷ᠎ᠠ᠎ᠳᠤ ᠠᠩᠭ᠌ᠯᠢ ᠤᠯᠤᠰ᠎ᠤᠨ ᠺᠠᠮᠪᠷᠢᠵ ᠶᠡᠭᠡ ᠰᠤᠷᠭᠠᠭᠤᠯᠢ᠂ ᠯᠤᠨᠳᠤᠨ ᠶᠡᠭᠡ ᠰᠤᠷᠭᠠᠭᠤᠯᠢ᠎ᠶᠢᠨ ᠬᠢᠴᠢᠶᠡᠯ᠎ᠦᠨ ᠲᠠᠩᠬᠢᠮ᠎ᠳᠤ ᠲᠡᠷᠯᠢᠭ ᠵᠢᠡᠷ ᠵᠢᠠᠨ ᠭᠤᠶᠤᠵᠤ᠂ ᠴᠤᠭ ᠵᠤᠯᠪᠤᠭ᠎ᠠ ᠲᠠᠢ᠂ ᠤᠷᠠᠨ ᠠᠪᠬᠠᠯᠵᠢ ᠲᠠᠢ ᠪᠡᠷ ᠴᠤᠭᠤᠷ ᠴᠤᠭᠤᠷᠳᠠᠨ ᠲᠤᠤᠯᠢ ᠬᠠᠶ᠋ᠢᠯᠠᠵᠤ᠂ ᠦᠵᠡᠭᠴᠢᠳ᠎ᠤᠨ ᠰᠡᠳᠬᠢᠯ᠎ᠢ ᠲᠠᠳᠠᠭᠰᠠᠠ ᠪᠠᠢᠨ᠎ᠠ᠃ ᠲᠡᠷᠡ ᠪᠠᠷ ᠦᠪᠦᠷ ᠮᠤᠩᠭᠤᠯ᠎ᠤᠨ ᠪᠠᠭᠰᠢ᠎ᠶᠢᠨ ᠶᠡᠭᠡ ᠰᠤᠷᠭᠠᠭᠤᠯᠢ᠎ᠶᠢᠨ ᠫᠷᠤᠹᠸᠰᠰᠤᠷ ᠪᠦᠳᠦᠭᠡᠯᠳᠦ᠎ᠲᠠᠢ ᠬᠠᠮᠳᠤ ᠺᠠᠮᠪᠷᠢᠵ ᠶᠡᠭᠡ ᠰᠤᠷᠭᠠᠭᠤᠯᠢ᠂ ᠯᠤᠨᠳᠤᠨ ᠶᠡᠭᠡ ᠰᠤᠷᠭᠠᠭᠤᠯᠢ᠎ᠶᠢᠨ ᠤᠷᠢᠯᠭ᠎ᠠ᠎ᠶᠢ ᠬᠦᠯᠢᠶᠡᠵᠦ᠍ ᠮᠤᠩᠭᠤᠯ ᠦᠨᠳᠦᠰᠦᠳᠡᠨ᠎ᠦ ᠪᠤᠳᠠᠰ ᠎ᠤᠨ ᠪᠤᠰᠤ ᠰᠤᠶᠤᠯ᠎ᠤᠨ ᠥᠪ᠂ ᠬᠤᠷᠴᠢᠨ ᠤᠷᠠᠯᠢᠭ᠎ᠢ ᠲᠠᠨᠢᠯᠴᠠᠭᠤᠯᠬᠤ ᠵᠤᠷᠢᠯᠭ᠎ᠠ ᠪᠠᠷ ᠲᠤᠬᠠᠢ ᠎ᠶᠢᠨ ᠲᠠᠯᠠᠪᠤᠷ ᠲᠦ᠍ ᠲᠤᠭᠯᠠᠬᠰᠠᠠ ᠨᠢ ᠡᠨᠡ ᠪᠠᠶ᠋ᠢᠯ᠎ᠠ᠃

ᠵᠢᠨ ᠭᠠᠩ ᠭᠡᠵᠦ᠍ ᠲᠠᠷᠢᠶᠠᠨ ᠠᠷᠴᠢᠭᠤᠷ᠎ᠢᠶᠠᠨ ᠬᠠᠶᠠᠭᠠᠳ ᠠᠷᠠᠯᠳᠤ ᠬᠤᠭᠤᠷ ᠠᠳᠬᠤᠭᠰᠠᠨ ᠲᠤᠮᠳᠠ᠎ᠶᠢᠨ ᠪᠡᠶ᠎ᠡ ᠪᠢᠯᠳᠠᠷ ᠲᠠᠢ᠂ ᠪᠤᠷᠤᠪᠳᠤᠷ ᠴᠢᠷᠠᠶ ᠳᠠᠢ᠂ ᠵᠢᠷᠪᠢᠭᠡᠷ ᠰᠠᠬᠠᠯ ᠲᠠᠢ᠂ ᠨᠢᠳᠦᠨ ᠳ᠋ᠡᠬᠡᠨ ᠭᠠᠯ ᠲᠠᠢ ᠨᠢᠭᠤᠷ ᠲᠠᠭᠠᠨ ᠴᠤᠭ ᠳᠠᠢ ᠵᠠᠯᠠᠭᠤ ᠶᠤᠮ᠃ ᠬᠠᠷᠠᠬᠠᠨ ᠪᠠᠭ᠎ᠠ᠎ᠠᠴᠠ ᠪᠠᠨ ᠬᠤᠭᠤᠷᠴᠢᠨ ᠠᠪᠤ᠂ ᠠᠷᠠᠳ᠎ᠤᠨ ᠲᠠᠭᠤᠴᠢᠨ ᠡᠵᠢ ᠵᠢᠨ᠎ᠢᠶᠡᠨ ᠨᠦᠯᠦᠭᠡ ᠪᠠᠷ ᠤᠷᠠᠯᠢᠭ ᠲᠦ᠍ ᠤᠶ᠋ᠢᠷᠠᠳᠤᠭᠰᠠᠨ ᠠᠵᠢ᠃ ᠬᠤᠷᠴᠢᠨ ᠵᠡᠬᠦᠨ ᠭᠠᠷᠤᠨ ᠬᠤᠶ᠋ᠢᠳᠤ ᠬᠤᠰᠢᠭᠤᠨ᠎ᠤ ᠪᠠᠶᠠᠠᠮᠤᠳᠤ ᠰᠤᠮᠤ᠎ᠶᠢᠨ ᠵᠡᠬᠦᠨ ᠮᠦᠸᠸ ᠮᠠᠢ ᠭᠠᠴᠠᠭ᠎ᠠ ᠪᠡᠷ ᠨᠤᠳᠤᠭᠳᠠᠢ ᠵᠢᠨ ᠭᠠᠩ᠎ᠳᠤ ᠠᠪᠴᠤ᠌ ᠬᠡᠯᠡᠪᠡᠯ ᠲᠦᠷᠦᠯᠬᠢ ᠨᠤᠳᠤᠭ᠎ᠤᠨ ᠬᠢᠨᠢ ᠤᠰᠤᠨ ᠠᠷ ᠮᠡᠲᠦ᠍ ᠲᠤᠯᠬᠢᠶ᠎ᠠ ᠲᠠᠢ ᠦᠨᠳᠦᠷ ᠦᠨᠳᠦᠷ ᠮᠠᠩᠬ᠎ᠠ ᠨᠢ ᠲᠡᠬᠦᠨ᠎ᠦ ᠵᠤᠷᠢᠭ᠎ᠢ ᠪᠤᠯᠪᠠᠰᠤᠷᠠᠭᠤᠯᠵᠤ᠂ ᠮᠠᠩᠬᠠᠨ ᠬᠤᠳᠤᠭᠤᠷ᠎ᠤᠨ ᠨᠤᠭᠤᠭᠠᠨ ᠪᠦᠷᠢᠳᠦ ᠨᠢ ᠲᠡᠬᠦᠨ᠎ᠦ ᠬᠠᠶ᠋ᠢᠷ᠎ᠠ᠎ᠶᠢ ᠰᠤᠷᠢᠨᠵᠢᠳᠠᠵᠤ᠂ ᠲᠤᠭᠤᠯ᠎ᠤᠨ ᠪᠡᠯᠴᠢᠭᠡᠷ ᠨᠢ ᠲᠡᠬᠦᠨ᠎ᠦ ᠤᠢ ᠤᠬᠠᠭᠠᠨ᠎ᠢ ᠤᠭᠵᠢᠵᠤ᠂ ᠮᠤᠷᠢᠨ ᠲᠡᠷᠭᠡᠨ᠎ᠤ ᠵᠠᠮ ᠨᠢ ᠲᠡᠬᠦᠨ᠎ᠦ ᠠᠯᠤᠰ᠎ᠤᠨ ᠬᠦᠰᠡᠯ᠎ᠢ ᠬᠦᠳᠦᠯᠦᠭᠰᠡᠨ ᠪᠠᠶ᠋ᠢᠵᠠᠢ᠃

ᠵᠢᠨ ᠭᠠᠩ ᠦᠰᠪᠦᠷᠢ ᠨᠠᠰᠤᠨ᠎ᠳᠠᠭᠠᠨ ᠰᠤᠷᠭᠠᠭᠤᠯᠢ ᠰᠤᠶᠤᠯ᠎ᠤᠨ ᠮᠦᠷ ᠬᠦᠬᠡᠬᠡᠬᠦ  ᠵᠠᠪᠰᠢᠶᠠᠨ᠎ᠢᠶᠠᠨ ᠠᠯᠳᠠᠵᠤ ᠨᠤᠳᠤᠭ ᠲᠠᠭᠠᠨ ᠪᠤᠴᠠᠵᠤ ᠲᠠᠷᠢᠶᠠᠴᠢᠨ ᠪᠤᠯᠵᠠᠢ᠃ ᠨᠤᠳᠤᠭ ᠤᠰᠤᠨ᠎ᠤ ᠬᠢᠨ ᠲᠢᠶᠸ ᠮᠢᠩ᠂ ᠲᠢᠶᠸ ᠭᠠᠩ᠂ ᠵᠢᠨ ᠭᠠᠩ ᠠᠬ᠎ᠠ ᠲᠡᠬᠦᠦ ᠭᠤᠷᠪᠠᠨ ᠬᠤᠭᠤᠷᠴᠢᠨ ᠲᠠᠭᠤᠴᠢᠨ ᠭᠡᠪᠡᠯ ᠮᠡᠳᠡᠬᠦ᠌ ᠦᠭᠡᠢ ᠬᠦᠮᠦᠨ ᠴᠦᠭᠡᠨ᠃ ᠠᠷᠠᠳ ᠎ᠤᠨ ᠦᠭᠡᠨ᠎ᠳᠦ ᠪᠠᠶ᠋ᠢᠳᠠᠭ《ᠬᠤᠭᠤᠷ ᠰᠤᠷᠬᠤ ᠪᠠᠷ ᠬᠤᠯᠠᠭᠠᠶ᠋ᠢᠴᠢ ᠰᠤᠷ》 ᠭᠡᠳᠡᠭ ᠦᠭᠡ᠎ᠶᠢ ᠲᠡᠷᠡ ᠡᠰᠡᠷᠬᠦᠴᠡᠳᠡᠭ ᠦᠭᠡᠢ ᠪᠤᠯᠪᠠᠴᠤ᠌ ᠲᠠᠭᠠᠰᠢᠶᠠᠳᠠᠭ ᠦᠭᠡᠢ᠂ ᠬᠤᠭᠤᠷ ᠰᠤᠷᠬᠤ ᠨᠢ ᠶᠠᠭᠠᠬᠢᠭᠠᠳ ᠬᠤᠯᠠᠭᠠᠶ᠋ᠢᠴᠢ ᠰᠤᠷᠬᠤ᠎ᠶᠢ ᠬᠦᠷᠬᠦ᠌ ᠦᠭᠡᠢ ᠪᠤᠯᠴᠢᠬᠠᠪᠠ ᠭᠡᠵᠦ᠍ ᠳᠠ᠃ 2014 ᠤᠨ᠎ᠠᠴᠠ ᠡᠬᠢᠯᠡᠭᠡᠳ ᠲᠡᠷᠡ ᠪᠠᠷ ᠲᠦᠷᠪᠡᠨ ᠤᠳᠠᠰᠤᠳᠤ ᠬᠤᠭᠤᠷ ᠰᠤᠷᠴᠤ᠌᠂ ᠲᠦᠷᠪᠡᠨ ᠤᠳᠠᠰᠤᠳᠤ ᠬᠤᠭᠤᠷ ᠨᠢ ᠠᠶᠠᠯᠭᠤ ᠭᠠᠷᠭᠠᠳᠠᠭ ᠪᠠᠶ᠋ᠢᠭᠰᠠᠨ᠎ᠠᠴᠠ ᠪᠠᠨ 《ᠯᠦᠸᠸ ᠶᠠᠩ》᠂ 《ᠳᠠᠨᠠᠪᠠᠯ》᠂ 《ᠪᠡᠭᠡᠵᠢᠩ ᠯᠠᠮᠠ》 ᠁ ᠵᠡᠷᠭᠡ ᠠᠷᠠᠳ᠎ᠤᠨ ᠲᠠᠭᠤᠤ᠎ᠨᠤᠭᠤᠳ᠎ᠠᠴᠠ ᠬᠤᠭᠤᠷᠳᠠᠨ ᠳᠠᠭᠤᠯᠠᠳᠠᠭ ᠪᠤᠯᠪᠠ᠃ 2014 ᠤᠨ ᠨᠢ ᠲᠠᠭᠤᠤ ᠬᠦᠭᠵᠢᠮ ᠲᠠᠢ ᠵᠠᠶᠠᠭ᠎ᠠ ᠪᠠᠨ ᠬᠤᠯᠪᠤᠭᠰᠠᠨ ᠲᠡᠬᠦᠨ᠎ᠦ ᠬᠤᠪᠢ᠎ᠳᠤ ᠮᠠᠷᠳᠠᠭᠳᠠᠰᠢ ᠦᠭᠡᠢ ᠨᠢᠭᠡᠨ ᠤᠨ ᠪᠤᠯᠤᠨ᠎ᠠ᠃ ᠵᠢᠯ ᠪᠦᠷᠢ᠎ᠶᠢᠨ ᠠᠷᠭ᠎ᠠ᠎ᠶᠢᠨ ᠤᠯᠠᠷᠢᠯ᠎ᠤᠨ ᠲᠠᠪᠤᠨ ᠰᠠᠷ᠎ᠠ᠎ᠶᠢᠨ ᠰᠢᠨ᠎ᠡ᠎ᠶᠢᠨ ᠲᠠᠪᠤᠨ᠎ᠳᠤ ᠬᠤᠷᠴᠢᠨ ᠵᠡᠬᠦᠨ ᠭᠠᠷᠤᠨ ᠬᠤᠶ᠋ᠢᠳᠤ ᠬᠤᠰᠢᠭᠤᠨ᠎ᠤ 《ᠱᠤᠩᠬᠤᠷ᠎ᠤᠨ ᠴᠤᠭᠯᠠᠭᠠᠨ》 ᠤ᠋ ᠨᠠᠶ᠋ᠢᠷ ᠨᠠᠭᠠᠳᠤᠮ᠎ᠦᠪᠡᠳᠡᠭᠰᠢ ᠶᠡᠭᠡ ᠪᠠᠷ ᠶᠠᠪᠤᠭᠳᠠᠳᠠᠭ᠃ ᠲᠤᠰ ᠵᠢᠯ᠎ᠦᠨ ᠲᠠᠪᠤᠨ ᠰᠠᠷ᠎ᠠ᠎ᠶᠢᠨ ᠲᠠᠪᠤᠨ ᠎ᠤ ᠡᠳᠦᠷ 22 ᠳ᠋ᠤᠭᠠᠷ ᠬᠤᠭᠤᠴᠠᠭᠠᠨ᠎ᠤ《ᠱᠤᠩᠬᠤᠷ᠎ᠤᠨ ᠴᠤᠭᠯᠠᠭᠠᠨ》 ᠦᠵᠡᠮᠵᠢᠳᠦ ᠰᠠᠶ᠋ᠢᠬᠠᠨ ᠱᠤᠩᠬᠤᠷ ᠠᠭᠤᠯᠠ᠎ᠶᠢᠨ ᠵᠢᠭᠤᠯᠴᠢᠯᠠᠯ ᠎ᠤᠨ ᠤᠷᠤᠨ᠎ᠳᠦ ᠦᠩᠭᠡ ᠪᠦᠷᠢ᠎ᠶᠢᠨ ᠬᠤᠪᠴᠠᠰᠤ ᠵᠠᠰᠠᠯ ᠎ᠢᠶᠠᠷ ᠭᠤᠶᠤᠭᠰᠠᠨ ᠮᠠᠯᠴᠢᠨ ᠲᠠᠷᠢᠶᠠᠴᠢᠳ ᠨᠠᠭᠠᠰᠢ ᠴᠠᠭᠠᠰᠢ ᠰᠦᠯᠵᠢᠯᠳᠦᠵᠤ ᠪᠠᠶᠠᠷ ᠨᠠᠶ᠋ᠢᠷ᠎ᠤᠨ ᠠᠭᠤᠷ ᠠᠮᠢᠰᠬᠤᠯ᠎ᠢᠶᠠᠷ ᠪᠢᠯᠬᠠᠨ᠎ᠠ᠃

《ᠱᠤᠩᠬᠤᠷ᠎ᠤᠨ ᠴᠤᠭᠯᠠᠭᠠᠨ》 ᠨᠢ ᠤᠲᠤ᠌ ᠨᠢᠭᠡᠨᠳᠡ ᠬᠤᠳᠠ᠎ᠶᠢᠨ ᠲᠡᠰ᠎ᠦᠨ ᠪᠤᠳᠠᠰ᠎ᠤᠨ ᠪᠤᠰᠤ ᠰᠤᠶᠤᠯ᠎ᠤᠨ ᠥᠪ᠎ᠦᠨ ᠲᠦᠷᠦᠯ ᠵᠦᠢᠯ᠎ᠵᠢᠡᠷ ᠪᠦᠷᠢᠳᠭᠡᠬᠦᠯᠦᠭᠰᠡᠨ ᠪᠠᠶ᠋ᠢᠨ᠎ᠠ᠃ ᠲᠤᠬᠠᠢ᠎ᠶᠢᠨ ᠦᠶ᠎ᠡ᠎ᠳᠦ ᠭᠡᠳᠦᠶ᠋ᠢᠪᠡᠷ ᠲᠡᠷᠡ ᠪᠠᠷ ᠦᠪᠡᠷ᠎ᠦᠨ ᠬᠠᠪᠰᠤᠷᠤᠯ ᠠᠶ᠎ᠠ ᠳᠡᠭᠡᠷ᠎ᠡ ᠲᠠᠭᠤᠯᠠᠬᠤ ᠤᠷ᠎ᠠ ᠮᠡᠷᠭᠡᠵᠢᠯ᠎ᠳ᠋ᠡᠬᠡᠨ ᠲᠡᠳᠦᠢ ᠬᠠᠨᠤᠮᠵᠢ ᠦᠭᠡᠢ ᠪᠠᠢᠬᠰᠠᠠ ᠪᠤᠯᠪᠠᠴᠤ᠌ ᠭᠡᠴᠢᠨᠡᠨ ᠡᠳᠦᠷ ᠪᠤᠳᠤᠯᠬᠢᠯᠠᠭᠰᠠᠨ᠎ᠤ ᠦᠷ᠎ᠡ ᠳ᠋ᠦᠩ᠎ᠳᠦ ᠬᠠᠰᠢ ᠯᠡ ᠤᠷᠤᠯᠳᠤᠭᠠᠨ᠎ᠳᠤ ᠤᠷᠤᠯᠴᠠᠵᠤ ᠦᠵᠡᠬᠦ᠌ ᠪᠠᠷ ᠰᠢ᠌ᠳᠴᠦ᠍ ᠨᠡᠷ᠎ᠡ ᠮᠡᠳᠡᠬᠦᠯᠪᠡ᠃ ᠤᠯᠠᠨ ᠦᠵᠡᠭᠴᠢᠳ᠎ᠦᠨ ᠡᠮᠦᠨ᠎ᠡ ᠲᠡᠷᠡ ᠪᠠᠷ ᠠᠩᠬ᠎ᠠ ᠤᠳᠠᠭ᠎ᠠ ᠲᠤᠭᠯᠠᠬᠤ ᠭᠡᠵᠦ᠍ ᠪᠠᠶ᠋ᠢᠬᠤ ᠲᠤᠯᠠ ᠤᠷᠤᠯᠳᠤᠭᠠᠨ ᠎ᠤ ᠡᠳᠦᠷ ᠎ᠢ ᠪᠤᠳᠤᠬᠤ ᠪᠦᠷᠢ ᠪᠤᠷᠤ ᠵᠢᠷᠦᠭᠡ ᠨᠢ ᠪᠤᠯᠬᠢᠯᠠᠨ᠎ᠠ᠃ ᠬᠤᠶᠠᠷ ᠠᠬ᠎ᠠ᠎ᠶᠢᠨ᠎ᠢᠶᠡᠨ ᠡᠮᠦᠨ᠎ᠡ ᠬᠤᠭᠤᠷᠳᠠᠵᠤ ᠲᠠᠭᠤᠯᠠᠬᠤ᠎ᠳ᠋ᠠᠭᠠᠨ ᠬᠦᠷᠳᠡᠯ᠎ᠠ ᠠᠶᠤᠬᠤ ᠢᠴᠢᠬᠦ᠌ ᠪᠠᠨ ᠲᠡᠪᠴᠢᠵᠦ᠍ ᠴᠢᠳᠠᠳᠠᠭ ᠦᠬᠡᠢ ᠪᠡᠨ ᠰᠠᠶ᠋ᠢᠨ ᠮᠡᠳᠡᠨ᠎ᠡ᠃ ᠤᠷᠤᠯᠳᠤᠭᠠᠨ ᠡᠬᠢᠯᠡᠵᠤ᠂ ᠲᠡᠷᠡ ᠨᠠᠢ᠍ᠮᠠᠳᠤᠭᠠᠷ ᠲᠦ᠍ ᠲᠠᠶ᠋ᠢᠰᠠᠨ᠎ᠳᠤ ᠭᠠᠷᠴᠤ᠌ ᠲᠠᠭᠤᠯᠠᠬᠤ ᠡᠬᠡᠯᠵᠢ ᠪᠤᠯᠬᠤ᠎ᠳᠤ ᠬᠤᠭᠤᠯᠠᠢ ᠪᠠᠨ ᠵᠠᠰᠠᠵᠤ ᠲᠡᠷᠯᠢᠭ ᠲᠠᠢ ᠪᠠᠷ ᠲᠠᠶ᠋ᠢᠰᠠᠨ᠎ᠳᠤ ᠭᠠᠷᠳᠠᠯ᠎ᠠ ᠦᠵᠡᠭᠴᠢᠳ᠎ᠦᠨ ᠬᠠᠯᠠᠭᠤᠨ ᠠᠯᠠᠭ᠎ᠠ ᠲᠠᠰᠢᠯᠲᠠ ᠨᠢᠭᠡᠨ ᠵᠡᠷᠭᠡ ᠨᠢᠵᠢᠭᠢᠨᠡᠪᠡ᠃ ᠲᠡᠷᠡ ᠦᠵᠡᠭᠴᠢᠳ ᠲᠦ᠍ ᠮᠡᠬᠦᠶ᠋ᠢᠨ ᠶᠤᠰᠤᠯᠠᠬᠤ᠎ᠳᠤ ᠴᠢᠭᠵᠢᠷᠡᠭᠰᠡᠨ ᠴᠦᠢᠳ᠋ᠸᠩ᠎ᠦᠨ ᠲᠤᠯᠤᠭᠠᠢ ᠰᠢᠭ᠋ ᠬᠤᠷᠠᠭᠰᠠᠨ ᠤᠯᠠᠨ᠎ᠢ ᠰᠢᠷᠪᠢᠨ ᠬᠠᠷᠠᠬᠤ᠎ᠳᠠᠭᠠᠨ ᠲᠡᠳᠦᠢ ᠪᠠᠯᠢᠳᠠᠭ᠎ᠠ ᠦᠭᠡᠢ ᠪᠠᠨ ᠮᠡᠳᠡᠵᠦ᠍ ᠪᠠᠶ᠋ᠢᠯ᠎ᠠ᠃ ᠬᠡᠪᠡᠴᠤ ᠲᠠᠭᠤᠯᠠᠵᠤ ᠪᠠᠷᠠᠳᠠᠯ᠎ᠠ ᠬᠢᠷᠢ ᠵᠡᠷᠭᠡ ᠲᠠᠭᠤᠯᠠᠭᠰᠠᠨ᠎ᠢᠶᠠᠨ ᠮᠡᠳᠡᠭᠰᠡᠨ ᠦᠭᠡᠢ᠂ ᠦᠭᠡ ᠠᠯᠳᠠᠭᠰᠠᠨ ᠦᠭᠡᠢ᠂ ᠴᠤᠬᠢᠯᠭ᠎ᠠ ᠬᠤᠴᠤᠷᠴᠤ᠌ ᠤᠳᠠᠭᠰᠠᠨ ᠦᠭᠡᠢ ᠪᠠᠨ ᠴᠡᠭᠡᠵᠢᠯᠡᠵᠦ᠍ ᠪᠠᠶ᠋ᠢᠯ᠎ᠠ᠃《ᠨᠡᠶ᠋ᠢᠲᠡ ᠤᠷᠤᠯᠳᠤᠭᠰᠠᠳ᠎ᠤᠨ ᠬᠤᠪᠢ᠎ᠶᠢ ᠨᠡᠶ᠋ᠢᠳᠡᠯᠡᠵᠦ᠍ ᠲᠠᠭᠤᠰᠬᠤ᠎ᠳᠦ ᠦᠪᠡᠷ᠎ᠢ ᠪᠡᠨ ᠮᠠᠩᠯᠠᠢᠯᠠᠬᠰᠠᠠ᠎ᠢ ᠮᠡᠳᠡᠯ᠎ᠠ᠂ ᠮᠠᠩᠯᠠᠶ᠋ᠢᠯᠠᠴᠢᠬᠠᠨ᠎ᠠ ᠭᠡᠵᠦ᠍  ᠨᠠᠩ ᠴᠤ᠌ ᠰᠠᠨᠠᠭᠠᠨ᠎ᠳᠤ ᠦᠭᠡᠢ᠂ ᠴᠤᠬᠤᠮ ᠴᠤ᠌ ᠢᠳᠡᠬᠡᠵᠤ ᠶᠠᠳᠠᠵᠤ ᠪᠠᠢᠬᠰᠠᠠ᠃ ᠭᠡᠳᠡᠯ᠎ᠡ ᠭᠡᠷᠬᠢᠨ ᠲᠠᠭᠤᠯᠠᠵᠤ ᠪᠠᠷᠠᠭᠠᠭᠰᠠᠨ᠎ᠢᠶᠠᠨ ᠶᠠᠭᠠᠬᠢᠭᠰᠠᠨ ᠴᠤ᠌ ᠪᠤᠳᠤᠵᠤ ᠤᠯᠬᠤ ᠦᠭᠡᠢ᠂ ᠪᠠᠷᠤᠭ ᠪᠠᠴᠢᠮᠳᠠᠵᠤ ᠰᠠᠨᠳᠤᠷᠤᠭᠰᠠᠨ᠎ᠤ ᠬᠢ ᠪᠢᠵᠠ》 ᠬᠡᠵᠤ ᠵᠢᠨ ᠭᠠᠩ ᠶᠠᠷᠢᠨ᠎ᠠ᠃

2014 ᠤᠨ ᠎ᠤ ᠤᠷᠤᠯᠳᠤᠭᠠᠨ᠎ᠳᠤ ᠮᠠᠩᠯᠠᠶ᠋ᠢᠯᠠᠭᠰᠠᠨ᠎ᠠᠴᠠ ᠬᠤᠶ᠋ᠢᠰᠢ ᠬᠤᠰᠢᠭᠤ᠂ ᠠᠶ᠋ᠢᠮᠠᠭ ᠬᠤᠳᠠ᠂ ᠤᠯᠤᠰ ᠤᠷᠤᠨ᠎ᠤ ᠲᠡᠰ᠎ᠦᠨ ᠤᠷᠤᠯᠳᠤᠭᠠᠨ᠎ᠳᠤ ᠵᠤᠷᠢᠭᠳᠠᠢ ᠤᠷᠤᠯᠴᠠᠬᠤ ᠪᠤᠯᠤᠭᠰᠠᠨ ᠪᠦᠭᠡᠳ ᠡᠯ᠎ᠡ ᠲᠡᠰ᠎ᠦᠨ ᠱᠠᠩᠨᠠᠯ᠎ᠢ᠎ᠤᠳᠠᠭ᠎ᠠ ᠲᠠᠷᠠᠭᠠᠯᠠᠨ ᠬᠦᠷᠲᠡᠬᠦ᠌ ᠪᠤᠯᠪᠠ᠃ ᠡᠬᠦᠨ᠎ᠢᠶᠠᠷ ᠪᠠᠷᠠᠬᠤ ᠦᠭᠡᠢ ᠤᠳᠠᠭ᠎ᠠ ᠪᠦᠷᠢ᠎ᠶᠢᠨ ᠲᠤᠭᠯᠠᠯᠳᠠ᠎ᠳᠤ ᠦᠪᠡᠷ᠎ᠦᠨ ᠬᠢᠷᠢ ᠪᠦᠳᠦᠮᠵᠢ ᠪᠠᠨ ᠪᠤᠰᠤᠳᠴᠢ ᠪᠠᠷ ᠮᠠᠭᠠᠳᠯᠠᠵᠤ ᠴᠢᠳᠠᠬᠤ ᠪᠤᠯᠵᠠᠢ᠃ 2015 ᠤᠨ᠎ᠠᠴᠠ ᠡᠬᠢᠯᠡᠭᠡᠳ ᠲᠡᠷᠡ ᠪᠠᠷ ᠴᠤᠭᠤᠷ ᠰᠤᠷᠴᠤ᠌ ᠡᠬᠢᠯᠡᠪᠡ᠃ 2016 ᠤᠨ᠎ᠳᠤ ᠦᠪᠦᠷ ᠮᠤᠩᠭᠤᠯ᠎ᠤᠨ ᠭᠤᠷᠪᠠᠳᠤᠭᠠᠷ ᠬᠤᠭᠤᠴᠠᠭᠠᠨ᠎ᠤ 《ᠬᠤᠷᠴᠢᠨ ᠬᠤᠨᠳᠠᠭᠠᠳᠤ》 ᠲᠠᠭᠤᠷᠢᠯᠢᠭ᠎ᠤᠨ ᠤᠷᠤᠯᠳᠤᠭᠠᠨ᠎ᠳᠤ ᠦᠯᠢᠭᠡᠷ ᠲᠤᠤᠯᠢ᠎ᠶᠢᠨ ᠤᠷᠤᠯᠳᠤᠭᠠᠨ᠎ᠤ ᠲᠤᠭᠤᠶ᠋ᠢᠯᠠᠩ᠎ᠤᠨ ᠨᠢᠭᠡᠳᠦᠭᠡᠷ ᠲᠠᠰ᠂ 2017 ᠤᠨ᠎ᠳᠤ ᠪᠦᠬᠦ᠌ ᠤᠷᠤᠨ᠎ᠤ ᠠᠩᠬᠠᠳᠤᠭᠠᠷ ᠬᠤᠭᠤᠴᠠᠭᠠᠨ᠎ᠤ ᠦᠯᠢᠭᠡᠷ᠎ᠦᠨ ᠤᠷᠤᠯᠳᠤᠭᠠᠨ᠎ᠤ ᠬᠤᠶᠠᠳᠤᠭᠠᠷ ᠲᠠᠰ᠂ 2018 ᠤᠨ᠎ᠤ ᠪᠦᠬᠦ᠌ ᠤᠷᠤᠨ᠎ᠤ 《ᠨᠢᠭᠡ ᠪᠦᠰᠡ ᠨᠢᠭᠡ ᠵᠠᠮ᠂ ᠤᠪᠤᠭᠠᠨ ᠲᠡᠭᠡᠷᠡᠬᠢ ᠠᠭᠤᠯᠵᠠᠯᠳᠠ》ᠬᠤᠷᠴᠢᠨ ᠠᠷᠠᠳ᠎ᠤᠨ ᠲᠠᠭᠤᠤ᠎ᠶᠢᠨ ᠤᠷᠤᠯᠳᠤᠭᠠᠨ᠎ᠤ ᠨᠢᠭᠡᠳᠦᠭᠡᠷ  ᠲᠠᠰ᠂ 2023 ᠤᠨ᠎ᠳᠤ ᠬᠢᠩᠭᠠᠨ ᠠᠶ᠋ᠢᠮᠠᠭ᠎ᠤᠨ 《ᠵᠠᠰᠠᠭ ᠬᠤᠨᠳᠠᠭᠠᠳᠤ》ᠦᠯᠢᠭᠡᠷᠳᠦ ᠠᠷᠠᠳ᠎ᠤᠨ ᠲᠠᠭᠤᠤ᠎ᠶᠢᠨ ᠤᠷᠤᠯᠳᠤᠭᠠᠨ᠎ᠤ ᠨᠢᠭᠡᠳᠦᠭᠡᠷ ᠲᠠᠰ᠂ 2024 ᠤᠨ᠎ᠤ 5 ᠰᠠᠷ᠎ᠠ᠎ᠳᠤ ᠲᠠᠪᠤᠳᠤᠭᠠᠷ ᠬᠤᠭᠤᠴᠠᠭᠠᠨ᠎ᠤ 《ᠤᠶᠤᠳᠠᠢ ᠬᠤᠨᠳᠠᠭᠠᠳᠤ》 ᠬᠤᠷᠴᠢᠨ ᠠᠷᠠᠳ᠎ᠤᠨ ᠲᠠᠭᠤᠤ᠎ᠶᠢᠨ ᠤᠷᠤᠯᠳᠤᠭᠠᠨ᠎ᠤ ᠨᠢᠭᠡᠳᠦᠭᠡᠷ ᠲᠠᠰ᠂ 6 ᠰᠠᠷ᠎ᠠ᠎ᠳᠤᠨᠢ 32 ᠳ᠋ᠤᠭᠠᠷ ᠬᠤᠭᠤᠴᠠᠭᠠᠨ᠎ᠤ 《ᠱᠤᠩᠬᠤᠷ᠎ᠤᠨ ᠴᠤᠭᠯᠠᠭᠠᠨ》 ᠤ᠋ ᠦᠯᠢᠭᠡᠷ᠎ᠦᠨ ᠤᠷᠤᠯᠳᠤᠭᠠᠨ᠎ᠤ ᠨᠢᠭᠡᠳᠦᠭᠡᠷ ᠲᠠᠰ᠂ 2025 ᠤᠨ᠎ᠳᠤ ᠲᠦᠩᠯᠢᠶᠤᠤ ᠬᠤᠳᠠ᠎ᠶᠢᠨ ᠲᠦᠷᠪᠡᠨ ᠤᠳᠠᠰᠤᠳᠤ ᠬᠤᠭᠤᠷ᠎ᠤᠨ ᠤᠷᠤᠯᠳᠤᠭᠠᠨ᠎ᠤ ᠬᠤᠶᠠᠳᠤᠭᠠᠷ ᠲᠠᠰ᠂ ᠲᠤᠰ ᠤᠨ᠎ᠤ 33 ᠳ᠋ᠤᠭᠠᠷ ᠬᠤᠭᠤᠴᠠᠭᠠᠨ᠎ᠤ 《ᠱᠤᠩᠬᠤᠷ᠎ᠤᠨ ᠴᠤᠭᠯᠠᠭᠠᠨ》 ᠤ᠋ ᠪᠦᠬᠦ᠌ ᠤᠷᠤᠨ᠎ᠤ ᠬᠤᠯᠪᠤᠭ᠎ᠠ᠎ᠶᠢᠨ ᠤᠷᠤᠯᠳᠤᠭᠠᠨ᠎ᠤ ᠨᠢᠭᠡᠳᠦᠭᠡᠷ ᠲᠠᠰ᠎ᠤᠨ ᠱᠠᠩᠨᠠᠯ ᠲᠤᠰᠪᠠ᠃ 2017 ᠤᠨ᠎ᠳᠤ 《ᠬᠤᠷᠴᠢᠨ ᠲᠤᠤᠯᠢ》 ᠵᠢᠨ ᠬᠤᠳᠠ᠎ᠶᠢᠨ ᠲᠡᠰ᠎ᠦᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠯᠦᠭᠡᠯᠡᠬᠦ᠌ ᠴᠢᠨᠠᠷᠳᠠᠢ ᠤᠯᠠᠮᠵᠢᠯᠠᠭᠴᠢ ᠪᠠᠷ ᠨᠡᠷᠡᠶ᠋ᠢᠳᠦᠭᠳᠡᠪᠡ᠃

ᠵᠢᠨ ᠭᠠᠩ᠎ᠤᠨ ᠰᠢᠯᠢᠳᠡᠭ ᠬᠢᠷᠢ ᠪᠦᠳᠦᠮᠵᠢ ᠨᠢ ᠠᠭᠠᠵᠢᠮ᠎ᠢᠶᠠᠷ ᠨᠡᠶ᠋ᠢᠭᠡᠮ ᠨᠡᠶ᠋ᠢᠲᠡ᠎ᠳᠦ ᠮᠡᠳᠡᠷᠡᠭᠳᠡᠵᠦ᠍᠂ ᠲᠤᠮᠤ ᠬᠡᠪᠴᠢᠶᠡᠨ᠎ᠦ ᠨᠠᠶ᠋ᠢᠷ᠎ᠤᠨ ᠤᠷᠢᠯᠭ᠎ᠠ᠎ᠶᠢ ᠬᠦᠯᠢᠶᠡᠭᠰᠡᠨ ᠪᠤᠶᠤ ᠲᠤᠰᠬᠠᠢ ᠮᠡᠷᠭᠡᠵᠢᠯ᠎ᠦᠨ ᠰᠤᠷᠤᠭᠴᠢᠳ ᠲᠦ᠍ ᠤᠯᠠᠨ ᠤᠳᠠᠭᠠᠨ᠎ᠤ ᠮᠡᠷᠭᠡᠵᠢᠯ᠎ᠦᠨ ᠬᠢᠴᠢᠶᠡᠯ ᠤᠷᠤᠵᠤ ᠮᠡᠳᠡᠯᠭᠡ ᠮᠡᠷᠭᠡᠵᠢᠯ᠎ᠢᠶᠡᠨ ᠤᠯᠠᠮᠵᠢᠯᠠᠵᠤ ᠶᠠᠪᠤᠭᠰᠠᠠ ᠶᠤᠮ᠃ 2016 ᠤᠨ᠎ᠳᠤ 《ᠲᠤᠮᠳᠠᠳᠤ ᠤᠯᠤᠰ᠎ᠤᠨ ᠤᠯᠠᠮᠵᠢᠯᠠᠯᠳᠤ ᠲᠠᠭᠤᠤ ᠬᠦᠭᠵᠢᠮ᠎ᠦᠨ ᠨᠡᠢᠬᠡᠮᠯᠢᠭ᠎ᠦᠨ ᠠᠷᠪᠠ ᠶᠢᠰᠦᠳᠦᠭᠡᠷ ᠬᠤᠭᠤᠴᠠᠭᠠᠨ᠎ᠤ ᠤᠨ᠎ᠤ ᠬᠤᠷᠠᠯ᠎ᠤᠨ ᠲᠡᠯᠭᠡᠨ ᠦᠵᠡᠬᠦᠯᠭᠡ》 ᠳ᠋ᠤ ᠤᠷᠢᠭᠳᠠᠨ ᠤᠷᠤᠯᠴᠠᠪᠠ;2019 ᠤᠨ᠎ᠳᠤ ᠦᠪᠦᠷ ᠮᠤᠩᠭᠤᠯ᠎ᠤᠨ ᠠᠩᠬᠠᠳᠤᠭᠠᠷ ᠬᠤᠭᠤᠴᠠᠭᠠᠨ᠎ᠤ ᠮᠤᠷᠢᠨ ᠬᠤᠭᠤᠷ᠎ᠤᠨ ᠤᠷᠠᠯᠢᠭ᠎ᠤᠨ ᠨᠠᠶ᠋ᠢᠷ᠎ᠤᠨ ᠲᠡᠬᠦᠰᠬᠦ᠌ ᠶᠤᠰᠤᠯᠠᠯ ᠎ᠳᠤ ᠤᠷᠢᠭᠳᠠᠨ ᠤᠷᠤᠯᠴᠠᠵᠠᠢ; 2023 ᠤᠨ᠎ᠳᠤ ᠦᠪᠦᠷ ᠮᠤᠩᠭᠤᠯ᠎ᠤᠨ ᠤᠷᠠᠯᠢᠭ ᠎ᠤᠨ ᠵᠦᠴᠦᠭᠡ᠎ᠶᠢᠨ ᠪᠦᠯᠬᠦᠮ᠎ᠳᠤ ᠬᠢᠴᠢᠶᠡᠯᠯᠡᠵᠤ᠂ ᠲᠦᠩᠯᠢᠶᠤᠤ ᠬᠤᠳᠠ᠎ᠶᠢᠨ 《ᠬᠤᠷᠴᠢᠨ ᠴᠤᠭᠤᠷ》 ᠪᠤᠯᠪᠠᠰᠤᠷᠠᠯ᠎ᠤᠨ ᠠᠩᠬᠢ᠎ᠳᠤ ᠬᠢᠴᠢᠶᠡᠯᠯᠡᠪᠡ; 2024 ᠤᠨ᠎ᠳᠤ ᠦᠪᠦᠷ ᠮᠤᠩᠭᠤᠯ᠎ᠤᠨ ᠤᠷᠠᠯᠢᠭ᠎ᠤᠨ ᠵᠦᠴᠦᠭᠡ᠎ᠶᠢᠨ ᠪᠦᠯᠬᠦᠮ᠎ᠳᠦ ᠤᠷᠢᠭᠳᠠᠵᠤ ᠬᠢᠴᠢᠶᠡᠯᠯᠡᠵᠠᠢ᠃ 2025 ᠤᠨ ᠳ᠋ᠤ ᠦᠪᠦᠷ ᠮᠤᠩᠭᠤᠯ᠎ᠤᠨ ᠪᠤᠳᠠᠰ᠎ᠤᠨ ᠪᠤᠰᠤ ᠰᠤᠶᠤᠯ᠎ᠤᠨ ᠥᠪ᠎ᠦᠨ ᠰᠤᠳᠤᠯᠤᠨ ᠶᠠᠷᠢᠯᠴᠠᠬᠤ ᠬᠤᠷᠠᠯ᠎ᠳᠤ ᠤᠷᠢᠭᠳᠠᠨ ᠦᠪᠦᠷ ᠮᠤᠩᠭᠤᠯ᠎ᠤᠨ ᠤᠷᠠᠯᠢᠭ᠎ᠤᠨ ᠲᠡᠭᠡᠳᠦ ᠰᠤᠷᠭᠠᠭᠤᠯᠢ᠎ᠳᠤ ᠴᠤᠭᠤᠷ ᠲᠤᠤᠯᠢ᠎ᠶᠢᠨ ᠲᠤᠬᠠᠢ ᠲᠠᠶ᠋ᠢᠯᠤᠨ ᠳᠤᠭᠯᠠᠯᠳᠠ ᠬᠢᠪᠡ᠃

ᠲᠡᠬᠦᠨ᠎ᠦ ᠤᠷᠠᠯᠢᠭ᠎ᠤᠨ ᠤᠯᠠ ᠮᠦᠷ ᠨᠢ ᠪᠦᠬᠦ᠌ ᠤᠷᠤᠨ᠎ᠳᠤ ᠦᠨᠴᠦᠭ ᠪᠤᠯᠤᠩ ᠦᠬᠡᠢ ᠲᠠᠷᠬᠠᠭᠰᠠᠨ᠎ᠢᠶᠠᠷ ᠦᠯᠦ᠍ ᠪᠠᠷᠠᠨ ᠭᠠᠳᠠᠭᠠᠳᠤ᠎ᠶᠢᠨ ᠦᠵᠡᠭᠴᠢᠳ᠎ᠦᠨ ᠰᠤᠨᠢᠷᠬᠠᠯ ᠲᠠᠭᠠᠰᠢᠶᠠᠯ᠎ᠢ ᠤᠯᠵᠤ ᠶᠠᠪᠤᠭᠰᠠᠨ ᠨᠢ ᠲᠡᠬᠦᠨ᠎ᠢ ᠨᠡᠩ ᠢᠯᠡᠬᠦᠦ ᠵᠤᠷᠢᠭᠵᠢᠭᠤᠯᠤᠭᠰᠠᠨ ᠪᠠᠶ᠋ᠢᠨ᠎ᠠ᠃ 2019 ᠤᠨ᠎ᠳᠤ ᠵᠡᠬᠦᠨ ᠡᠸᠦ᠋ᠷᠦᠫᠡ᠎ᠶᠢᠨ ᠪᠤᠯᠭᠠᠷᠢᠶ᠎ᠠ᠂ ᠰᠸᠷᠪᠢᠶ᠎ᠠ ᠵᠡᠷᠭᠡ ᠤᠯᠤᠰ᠎ᠤᠨ ᠲᠤᠭᠤᠷᠢᠨ ᠲᠤᠭᠯᠠᠯᠳᠠ᠎ᠳᠤ ᠤᠷᠤᠯᠴᠠᠵᠤ᠂ ᠲᠤᠮᠳᠠᠳᠤ ᠤᠯᠤᠰ — ᠲᠤᠮᠳᠠᠳᠤ ᠲᠤᠷᠤᠨᠠᠳᠤ ᠡᠸᠦ᠋ᠷᠦᠫᠡ᠎ᠶᠢᠨ ᠤᠯᠤᠰ᠎ᠤᠨ ᠲᠠᠪᠤᠳᠤᠭᠠᠷ ᠬᠤᠭᠤᠴᠠᠭᠠᠨ᠎ᠤ ᠪᠦᠵᠢᠭ᠎ᠦᠨ ᠵᠤᠰᠠᠯᠠᠩ᠎ᠤᠨ ᠵᠢᠭᠠᠨ ᠰᠤᠷᠭᠠᠭᠴᠢ ᠪᠠᠷ ᠤᠷᠢᠭᠳᠠᠨ ᠤᠷᠤᠯᠴᠠᠪᠠ᠃

ᠪᠤᠳᠠᠰ᠎ᠤᠨ ᠪᠤᠰᠤ ᠰᠤᠶᠤᠯ᠎ᠤᠨ ᠥᠪ ᠨᠢ ᠠᠯᠢ ᠨᠢᠭᠡᠨ ᠤᠯᠤᠰ ᠦᠨᠳᠦᠰᠦᠳᠡᠨ᠎ᠳᠦ ᠠᠪᠴᠤ᠌ ᠬᠡᠯᠡᠭᠰᠡᠨ ᠴᠤ᠌ ᠠᠪᠤᠷᠠᠨ ᠬᠠᠮᠠᠭᠠᠯᠠᠬᠤ ᠴᠢᠬᠤᠯᠠ ᠲᠠᠢ ᠰᠤᠶᠤᠯ᠎ᠤᠨ ᠦᠨᠡᠳᠦ ᠥᠪ ᠬᠦᠷᠦᠩᠭᠡ ᠪᠤᠯᠬᠤ ᠶᠤᠮ᠃ ᠠᠳᠠᠯᠢ ᠪᠤᠰᠤ ᠲᠡᠰ᠎ᠦᠨ ᠪᠤᠳᠠᠰ᠎ᠤᠨ ᠪᠤᠰᠤ ᠰᠤᠶᠤᠯ᠎ᠤᠨ ᠥᠪ᠎ᠦᠨ ᠲᠦᠷᠦᠯ ᠵᠦᠢᠯ ᠪᠤᠯᠤᠭᠰᠠᠨ ᠲᠦᠷᠪᠡᠨ ᠤᠳᠠᠰᠤᠳᠤ ᠬᠤᠭᠤᠷ᠂ ᠠᠷᠠᠳ᠎ᠤᠨ ᠲᠠᠭᠤᠤ᠂ ᠴᠤᠭᠤᠷ᠂ ᠲᠤᠤᠯᠢ ᠨᠢ ᠦᠪᠡᠷᠮᠢᠴᠠ ᠤᠨᠴᠠᠯᠢᠭ᠎ᠢᠶᠠᠷ᠎ᠢᠶᠠᠨ ᠬᠤᠷᠴᠢᠨ ᠨᠤᠳᠤᠭ᠎ᠤᠨ ᠤᠷᠠᠯᠢᠭ᠎ᠤᠨ ᠲᠡᠭᠷᠢ᠎ᠳᠦ ᠬᠢᠯᠠᠯᠵᠠᠨ ᠭᠡᠷᠡᠯᠳᠦᠵᠦ᠍ ᠪᠠᠶ᠋ᠢᠳᠠᠭ᠃ ᠪᠤᠳᠠᠰ᠎ᠤᠨ ᠪᠤᠰᠤ ᠰᠤᠶᠤᠯ᠎ᠤᠨ ᠥᠪ᠎ᠢ ᠬᠠᠮᠠᠭᠠᠯᠠᠨ ᠦᠯᠡᠳᠡᠭᠡᠬᠦ᠌ ᠠᠵᠢᠯ ᠨᠢ ᠰᠤᠶᠤᠯ᠎ᠤᠨ ᠡᠳᠡᠭᠡᠳ᠎ᠦᠨ ᠬᠢᠨ ᠲᠡᠳᠦᠢ ᠪᠢᠰᠢ᠂ ᠪᠦᠬᠦ᠌ ᠨᠡᠶ᠋ᠢᠭᠡᠮ᠎ᠵᠢᠡᠷ ᠬᠠᠯᠠᠮᠵᠢᠯᠠᠵᠤ ᠬᠦᠨᠳᠤᠳᠬᠡᠵᠤ ᠶᠠᠪᠤᠬᠤ ᠵᠢ ᠱᠠᠭᠠᠷᠳᠠᠳᠠᠭ᠃ 2020 — 2021 ᠤᠨ᠎ᠤ ᠬᠤᠭᠤᠴᠠᠭᠠᠨ᠎ᠳᠤ ᠵᠢᠨ ᠭᠠᠩ ᠨᠡᠶ᠋ᠢᠲᠡ 500 ᠴᠠᠭ᠎ᠤᠨ ᠬᠤᠷᠴᠢᠨ ᠲᠤᠤᠯᠢ ᠵᠢ ᠰᠢᠩᠭᠡᠭᠡᠨ ᠦᠢᠯᠡᠳᠴᠤ᠂ 2024 ᠤᠨ ᠎ᠳᠤ ᠦᠪᠦᠷ ᠮᠤᠩᠭᠤᠯ᠎ᠤᠨ ᠲᠸᠯᠸᠢᠰ ᠬᠤᠷᠢᠶ᠎ᠠ᠎ᠶᠢᠨ ᠤᠷᠢᠯᠭ᠎ᠠ ᠪᠠᠷ 100 ᠴᠠᠭ ᠎ᠤᠨ ᠬᠤᠷᠴᠢᠨ ᠲᠤᠤᠯᠢ ᠎ᠶᠢ ᠰᠢᠩᠭᠡᠭᠡᠨ ᠦᠢᠯᠡᠳᠦᠭᠰᠡᠨ ᠶᠤᠮ᠃

ᠲᠠᠷᠢᠶᠠᠨ ᠠᠷᠴᠢᠭᠤᠷ᠎ᠢᠶᠠᠨ ᠬᠠᠶᠠᠵᠤ ᠤᠷᠠᠯᠢᠭᠴᠢᠨ᠎ᠤ ᠵᠠᠮ᠎ᠢ ᠡᠯᠭᠦᠭᠰᠡᠨ ᠲᠡᠷᠡ ᠪᠠᠷ 《ᠳᠤᠷ᠎ᠠ᠎ᠳᠤ ᠰᠢᠷ᠎ᠠ ᠦᠭᠡᠢ》 ᠵᠢᠨ ᠶᠤᠰᠤ ᠪᠠᠷ ᠤᠷᠠᠯᠢᠭ᠎ᠤᠨ ᠪᠤᠯᠪᠠᠰᠤᠷᠠᠯ᠎ᠢᠶᠠᠨ ᠲᠠᠰᠤᠷᠠᠯᠳᠠ ᠦᠭᠡᠢ ᠴᠢᠩᠭᠠᠳᠬᠠᠵᠤ᠂ ᠪᠤᠰᠤᠳ᠎ᠠᠴᠠ ᠲᠠᠷᠤᠤ ᠬᠢᠴᠢᠶᠡᠩᠬᠦᠢ ᠪᠠᠷ ᠰᠤᠷᠤᠯᠴᠠᠨ᠂ ᠲᠤᠭᠯᠠᠯᠳᠠ᠎ᠶᠢᠨ ᠢᠯᠡᠷᠡᠬᠦᠯᠬᠦ᠌ ᠠᠷᠭ᠎ᠠ ᠬᠡᠯᠪᠡᠷᠢ᠎ᠶᠢ ᠤᠶ᠋ᠢᠭ᠎ᠠ ᠦᠭᠡᠢ ᠬᠠᠶ᠋ᠢᠨ ᠰᠦᠪᠡᠭᠴᠢᠯᠡᠵᠦ᠍᠂ ᠥᠩ ᠵᠤᠵᠠᠭᠠᠨ ᠬᠤᠷᠴᠢᠨ ᠨᠤᠳᠤᠭ᠎ᠤᠨ ᠤᠷᠠᠯᠢᠭ᠎ᠤᠨ ᠬᠦᠷᠦᠰᠦ ᠰᠢᠷᠤᠢ᠎ᠠᠴᠠ ᠰᠢᠮ᠎ᠡ ᠲᠡᠵᠢᠭᠡᠯ ᠠᠪᠴᠤ᠌ ᠪᠠᠶ᠋ᠢᠳᠠᠭ᠃ ᠵᠢᠨ ᠭᠠᠩ᠎ᠤᠨ ᠴᠤᠭᠤᠷ ᠴᠤᠭᠤᠷᠳᠠᠬᠤ᠂ ᠬᠤᠷᠴᠢᠨ ᠳᠤᠤᠯᠢ ᠬᠠᠢᠯᠠᠬᠤ ᠨᠢ ᠨᠤᠳᠤᠭ᠎ᠤᠨ ᠦᠨᠦᠷ ᠠᠮᠲᠠ ᠪᠠᠷ ᠥᠳᠭᠡᠨ᠂ ᠬᠡᠪ ᠨᠠᠮᠪᠠ ᠦᠪᠡᠷᠮᠢᠴᠡ᠂ ᠬᠡᠯᠡ ᠬᠡᠯᠡᠯᠬᠡ ᠰᠤᠳᠤᠨ ᠭᠠᠶ᠋ᠢᠬᠠᠯᠳᠠᠢ᠂ ᠴᠤᠭᠳᠠᠢ ᠵᠢᠪᠬᠤᠭᠠᠯᠢᠭ ᠪᠠᠢᠳᠠᠭ ᠵᠢᠡᠷ ᠵᠢᠠᠨ ᠤᠷᠠᠯᠢᠭ᠎ᠤᠨ ᠲᠠᠶ᠋ᠢᠰᠠᠨ᠎ᠤ 《ᠡᠵᠡᠷᠭᠡᠭᠴᠢ》 ᠪᠤᠯᠵᠤ᠂ ᠦᠵᠡᠭᠴᠢ ᠤᠯᠠᠨ᠎ᠳᠤ ᠪᠠᠬᠠᠷᠬᠠᠭᠳᠠᠵᠤ ᠶᠠᠪᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号