ᠬᠥᠮᠦᠨ ᠬᠥᠮᠦᠨ ᠬᠣᠭᠣᠷᠣᠨᠳᠣ ᠪᠡᠨ ᠢᠲᠡᠭᠡᠯ ᠬᠠᠶ᠋ᠢᠷ᠎ᠠ ᠲᠠᠢ᠂ ᠡᠶ᠎ᠡ ᠵᠣᠬᠢᠴᠠᠯᠲᠠᠶ ᠪᠣᠯᠪᠠᠯ ᠰᠠᠶᠢ ᠭᠡᠷ ᠪᠦᠯᠢ ᠡᠶ᠎ᠡ ᠵᠣᠬᠢᠴᠠᠯᠲᠠᠶ ᠪᠣᠯᠳᠠᠭ᠂ ᠭᠡᠷ ᠪᠦᠯᠢ ᠡᠶ᠎ᠡ ᠵᠣᠬᠢᠴᠠᠯᠲᠠᠶ ᠪᠣᠯᠪᠠᠯ ᠨᠡᠶ᠋ᠢᠭᠡᠮ ᠨᠡᠶ᠋ᠢᠲᠡ ᠡᠶ᠎ᠡ ᠵᠣᠬᠢᠴᠠᠯᠲᠠᠶ ᠪᠣᠯᠳᠠᠭ᠂ ᠨᠡᠶ᠋ᠢᠭᠡᠮ ᠨᠡᠶ᠋ᠢᠲᠡ ᠪᠡᠷ ᠵᠢᠠᠨ ᠡᠶ᠎ᠡ ᠵᠣᠬᠢᠴᠠᠯᠲᠠᠶ ᠪᠣᠯᠪᠠᠯ ᠰᠠᠶᠢ ᠤᠯᠤᠰ ᠬᠦᠷᠦᠨ ᠡᠶ᠎ᠡ ᠵᠣᠬᠢᠴᠠᠯᠲᠠᠶ ᠪᠣᠯᠵᠤ ᠬᠦᠴᠤᠷᠭᠡᠭᠵᠢᠨ ᠪᠤᠵᠠᠭᠠᠶ᠋ᠢᠷᠠᠵᠤ ᠮᠠᠨᠳᠤᠨ ᠬᠥᠭᠵᠢᠵᠦ᠍ ᠴᠢᠳᠠᠳᠠᠭ᠂ ᠤᠳᠤ ᠵᠢᠨ ᠴᠠᠭ ᠲᠤ᠌ᠠᠭᠤᠤ ᠮᠡᠷᠭᠡᠳᠦᠨ ᠬᠥᠮᠦᠨᠢᠶᠡᠷ ᠰᠠᠭᠤᠷᠢ ᠪᠣᠯᠭᠠᠨ᠂ ᠠᠷᠠᠳ ᠢᠷᠭᠡᠳ ᠪᠣᠯ ᠤᠯᠤᠰᠤᠨ ᠰᠠᠭᠤᠷᠢ ᠪᠤᠯᠠᠢ ᠬᠡᠮᠡᠳᠡᠭ ᠨᠢ ᠶᠠᠭᠠᠬᠢᠬᠤᠶᠢᠨ ᠠᠷᠭ᠎ᠠ ᠦᠭᠡᠢ ᠣᠨᠣᠭᠠᠵᠤ ᠬᠡᠯᠡᠭᠰᠡᠨ ᠮᠡᠷᠭᠡᠨ ᠦᠭᠡ ᠠᠵᠤᠭᠤ᠃
ᠬᠦᠮᠤᠨ ᠳ᠋ᠤ ᠦᠪᠡᠷ ᠢ᠋ ᠪᠡᠨ ᠮᠡᠭᠡᠯᠡᠬᠦ᠌ ᠡᠴᠠ ᠢᠯᠡᠬᠦᠤ ᠢᠴᠢᠬᠦᠷᠢᠳᠠᠢ ᠮᠠᠭᠤᠬᠠᠢ ᠶᠠᠪᠤᠳᠠᠯ ᠬᠡᠵᠤ ᠪᠠᠶ᠋ᠢᠳᠠᠭ ᠦᠭᠡᠢ ᠶᠤᠮ᠂ ᠦᠪᠡᠷ ᠢ᠋ ᠪᠡᠨ ᠦᠪᠡᠷ ᠵᠢᠡᠨ ᠮᠡᠭᠡᠯᠡᠵᠤ ᠪᠠᠶ᠋ᠢᠭ᠎ᠠ ᠪᠡᠨ ᠮᠡᠳᠡᠵᠤ ᠪᠠᠶ᠋ᠢᠭᠠᠳ ᠪᠠᠰᠠ ᠲᠠᠬᠢᠭᠠᠳ ᠦᠪᠡᠷ ᠪᠤᠰᠤᠳ ᠢ᠋ ᠮᠡᠭᠡᠯᠡᠬᠦ᠌ ᠬᠡᠮᠡᠭᠴᠢ ᠦᠨᠡᠭᠡᠷ ᠢᠴᠢᠬᠦᠷᠢ ᠰᠤᠨᠵᠢᠭᠤᠷᠢ ᠦᠭᠡᠢ ᠵᠢᠨ ᠲᠤᠶ᠋ᠢᠯᠳᠤ ᠬᠦᠷᠦᠭᠰᠡᠡ ᠶᠠᠪᠤᠳᠠᠯ ᠪᠦᠭᠡᠳ ᠬᠡᠳᠤᠶ᠋ᠢᠨ ᠬᠦᠮᠤᠨ ᠡᠴᠠ ᠪᠡᠨ ᠭᠠᠷᠴᠢᠬᠠᠭᠰᠠᠨ ᠬᠡᠵᠤ ᠬᠡᠯᠡᠭᠰᠡᠨ ᠴᠤ᠌ ᠠᠬᠠᠳᠠᠬᠤ ᠦᠬᠡᠢ᠃
ᠪᠢ ᠬᠠᠷᠠᠬᠠᠨ ᠪᠠᠭ᠎ᠠ ᠡᠴᠠ ᠪᠡᠨ ᠪᠢᠴᠢᠵᠤ ᠵᠤᠬᠢᠶᠠᠬᠤ ᠶᠡᠭᠡ ᠯᠡ ᠲᠤᠷ᠎ᠠ ᠪᠠᠬ᠎ᠠ ᠲᠠᠢ᠂ ᠡᠳᠤᠢ ᠲᠡᠳᠤᠢ ᠤᠬᠤᠷ ᠰᠢᠯᠤᠭ᠌᠂ ᠵᠤᠬᠢᠶᠠᠯ᠂ ᠬᠤᠯᠪᠤᠭ᠎ᠠ ᠪᠢᠴᠢᠵᠤ ᠰᠤᠨᠢᠨ ᠰᠡᠳᠬᠦᠯᠤᠳ ᠲᠤ᠌ ᠨᠡᠶ᠋ᠢᠳᠡᠯᠡᠬᠦᠯᠤᠭ᠌ᠰᠡᠨ ᠶᠤᠮ᠂ ᠦᠨᠤ ᠬᠠᠷᠢᠨ ᠶᠡᠭᠡ ᠯᠡ ᠤᠷᠮ᠎ᠠ ᠬᠠᠷᠢᠴᠢᠬᠠᠯᠠ᠂ ᠤᠴᠢᠷ ᠨᠢ ᠵᠤᠬᠢᠶᠠᠯ ᠢ᠋ ᠮᠢᠨᠢ ᠤᠩᠰᠢᠬᠤ ᠬᠦᠮᠤᠨ ᠴᠦᠭᠡᠷᠡᠵᠤ᠂ ᠤᠩᠰᠢᠭᠰᠠᠨ ᠴᠤ᠌ ᠤᠶ᠋ᠢᠯᠠᠭᠠᠬᠤ ᠬᠦᠮᠤᠨ ᠨᠢ ᠲᠤᠩ ᠴᠦᠭᠡᠷᠡᠵᠤ᠂ ᠵᠠᠷᠢᠮᠠᠳ ᠨᠢ ᠪᠤᠷᠤᠭᠤ ᠲᠠᠯ᠎ᠠ ᠡᠴᠠ ᠨᠢ ᠤᠶ᠋ᠢᠯᠠᠭᠠᠵᠤ ᠪᠠᠶ᠋ᠢᠬᠤ ᠵᠢ ᠪᠤᠳᠤᠪᠠᠯ ᠦᠨᠡᠭᠡᠷ ᠪᠢᠷ ᠵᠢᠡᠨ ᠬᠤᠭᠤᠯᠵᠤ᠂ ᠴᠠᠭᠠᠰᠤ ᠪᠡᠨ ᠤᠷᠠᠭᠠᠳ ᠬᠠᠶᠠᠴᠢᠬᠠᠶ᠎ᠠ ᠬᠡᠵᠤ ᠪᠤᠳᠤᠬᠤ ᠪᠤᠯᠪᠠ᠃
ᠪᠢ ᠬᠡᠳᠡᠭ ᠬᠦᠮᠤᠨ ᠲᠦᠷᠤᠯᠬᠢ ᠦᠪᠡᠷᠮᠢᠴᠡ ᠵᠠᠩ ᠲᠠᠢ᠂ ᠰᠠᠶ᠋ᠢᠨ ᠬᠦᠮᠤᠨ ᠤ᠋ ᠰᠠᠶ᠋ᠢᠨ ᠠᠵᠢᠯ ᠢ᠋ ᠵᠠᠪᠠᠯ ᠲᠡᠷᠡ ᠲᠠᠷᠤᠢ ᠳ᠋ᠤᠨᠢ ᠰᠠᠶ᠋ᠢᠨ ᠬᠡᠵᠤ ᠬᠡᠯᠡᠨ᠎ᠡ᠂ ᠡᠰᠡᠬᠦᠯ᠎ᠡ ᠪᠢᠴᠢᠨ᠎ᠡ᠂ ᠮᠠᠭᠤ ᠬᠦᠮᠤᠨ ᠤ᠋ ᠮᠠᠭᠤᠬᠠᠢ ᠠᠵᠢᠯᠯᠠᠭ᠎ᠠ ᠵᠢ ᠵᠠᠪᠠᠯ ᠮᠠᠭᠤ ᠬᠡᠵᠤ ᠬᠡᠯᠡᠨ᠎ᠡ᠂ ᠪᠠᠰᠠ ᠪᠢᠴᠢᠨ᠎ᠡ᠃ ᠵᠠᠷᠢᠮ ᠬᠦᠮᠤᠨ ᠤ᠋ ᠮᠡᠷᠭᠡᠯᠡᠬᠦ᠌ ᠪᠡᠷ ᠪᠢ ᠶᠠᠭ ᠡᠨᠡ ᠵᠠᠩ ᠳ᠋ᠠᠭᠠᠨ ᠲᠠᠪᠠᠯᠵᠤ ᠦᠭᠡᠢ ᠬᠡᠨ᠎ᠡ᠃ ᠲᠡᠬᠦᠨ ᠤ᠋ ᠨᠤᠮᠯᠠᠬᠤ ᠪᠡᠷ ᠰᠠᠶ᠋ᠢᠨ ᠬᠦᠮᠤᠨ ᠤ᠋ ᠰᠠᠶ᠋ᠢᠨ ᠠᠵᠢᠯ ᠢ᠋ ᠶᠡᠭᠡ ᠰᠠᠶ᠋ᠢᠨ ᠬᠡᠵᠤ᠂ ᠮᠠᠭᠤ ᠬᠦᠮᠤᠨ ᠤ᠋ ᠮᠠᠭᠤᠬᠠᠢ ᠠᠵᠢᠯ ᠢ᠋ ᠪᠠᠰᠠ ᠰᠠᠶ᠋ᠢᠨ ᠬᠡᠵᠤ ᠬᠤᠳᠠᠯ ᠬᠠᠭᠤᠷᠮᠠᠭ ᠵᠢᠡᠷ ᠮᠠᠭᠳᠠᠪᠠᠯ ᠡᠨᠡ ᠨᠡᠶ᠋ᠢᠭᠡᠮ ᠳ᠋ᠤ ᠰᠠᠶᠢ ᠵᠤᠬᠢᠴᠠᠨ᠎ᠠ ᠬᠡᠨ᠎ᠡ᠃ ᠡᠨᠡ ᠨᠢ ᠮᠠᠨ ᠤ᠋ ᠨᠠᠮᠤᠨ ᠪᠠᠶ᠋ᠢᠭᠤᠯᠤᠯᠳᠠ ᠪᠠ ᠨᠠᠶ᠋ᠢᠭᠡᠮᠤᠨ ᠬᠡᠪ ᠰᠤᠷᠳᠠᠯᠤᠨ ᠲᠡᠭᠡᠭᠰᠢᠯᠡᠯᠳᠡ ᠳ᠋ᠤ ᠵᠤᠬᠢᠴᠠᠬᠤ ᠬᠡᠵᠤ ᠤᠤ?
ᠦᠨᠡᠨ ᠤᠴᠢᠷ ᠢ᠋ ᠦᠨᠡᠨ ᠬᠡᠵᠤ ᠲᠠᠨᠢᠵᠤ ᠲᠡᠶ᠋ᠢᠯᠤᠭᠡᠳ ᠦᠨᠡᠨ ᠬᠡᠵᠤ ᠬᠡᠯᠡᠵᠤ ᠲᠡᠶ᠋ᠢᠯᠳᠡᠭ᠂ ᠬᠤᠳᠠᠯ ᠤᠴᠢᠷ ᠢ᠋ ᠬᠤᠳᠠᠯ ᠬᠡᠵᠤ ᠲᠠᠨᠢᠵᠤ ᠲᠡᠶ᠋ᠢᠯᠤᠭᠡᠳ ᠵᠤᠷᠢᠭᠳᠠᠢ ᠪᠡᠷ ᠬᠤᠳᠠᠯ ᠬᠡᠵᠤ ᠬᠡᠯᠡᠵᠤ ᠲᠡᠶ᠋ᠢᠯᠳᠡᠭ ᠪᠤᠯ ᠲᠠᠷᠤᠢ ᠦᠨᠡᠨᠴᠢ ᠰᠢᠳᠤᠷᠭᠤ ᠪᠦᠭᠡᠳ ᠠᠷᠤᠤᠬᠠᠨ ᠮᠡᠷᠭᠡᠨ ᠬᠦᠮᠤᠨ ᠠᠵᠤᠭᠤ᠃
ᠪᠢᠳᠡᠨᠡᠷ ᠪᠤᠰᠤᠳᠲᠠᠶ ᠡᠶ᠎ᠡ ᠵᠣᠬᠢᠴᠠᠯᠲᠠᠶ ᠰᠠᠶ᠋ᠢᠬᠠᠨ ᠶᠠᠪᠤᠯᠴᠠᠵᠤ᠂ ᠦᠨᠳᠦᠰᠦᠲᠡᠨᠦ ᠪᠦᠯᠬᠦᠮᠳᠡᠯ ᠳᠠᠪᠰᠢᠯᠲᠠᠶᠢᠨ ᠵᠢᠱ᠌ᠢᠶᠡᠴᠢ ᠪᠣᠯᠵᠠᠭᠠᠵᠤ᠂ ᠬᠥᠳᠡᠭᠡ ᠲᠣᠰᠬᠣᠨᠢ ᠬᠦᠭᠵᠢᠬᠦᠯᠤᠨ ᠮᠠᠨᠳᠤᠭᠤᠯᠬᠤᠳᠤ ᠬᠣᠰᠢᠭᠤᠴᠢᠯᠠᠨ᠂ ᠳᠤᠮᠳᠠᠳᠤᠶᠢᠨ ᠦᠨᠳᠦᠰᠦᠲᠡᠨᠦ ᠬᠠᠮᠲᠤᠶᠢᠨ ᠴᠣᠭᠴᠠᠶᠢᠨ ᠤᠬᠠᠮᠰᠠᠷᠢ ᠪᠠᠳᠤ ᠴᠤᠭᠴᠠᠯᠠᠵᠤ᠂ ᠵᠢᠱ᠌ᠢᠶᠡᠴᠢ ᠥᠪᠡᠷᠲᠡᠭᠡᠨ ᠵᠠᠰᠠᠬᠤ ᠣᠷᠣᠨᠢ ᠪᠦᠲᠦᠭᠡᠨ ᠪᠠᠶ᠋ᠢᠭᠤᠯᠬᠤᠳᠤ ᠬᠤᠪᠢ ᠨᠡᠮᠡᠷᠢᠪᠡᠨ ᠡᠷᠬᠦᠵᠤ ᠶᠠᠪᠤᠶ᠎ᠠ!