ᠬᠦᠮᠤᠨ᠎ᠤ ᠶᠡᠬᠡ ᠲᠠᠷᠢᠬᠢ 60 ᠨᠠᠰᠤᠨ᠎ᠠᠴᠠ ᠣᠷᠭᠢᠯ᠎ᠦᠨ ᠱᠠᠳᠤᠨ ᠳ᠋ᠥ᠍ ᠤᠷᠤᠳᠠᠭ
2026-01-16 11:22:10
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

60 ᠨᠠᠰᠤ ᠪᠣᠯ ᠰᠠᠶᠢ ᠶᠡᠬᠡ ᠲᠠᠷᠢᠬᠢᠨ᠎ᠤ ᠣᠷᠭᠢᠯ᠎ᠦᠨ ᠦᠶ᠎ᠡ ᠪᠤᠯᠬᠤ ᠵᠢ ᠰᠤᠳᠤᠯᠭᠠᠨ ᠵᠢᠡᠷ ᠲᠠᠮᠵᠢᠨ ᠢᠯᠡᠷᠡᠭᠦᠯᠪᠠ᠃

《ᠨᠠᠰᠤ ᠠᠬᠢᠪᠠᠯ ᠴᠡᠭᠡᠵᠢᠯᠡᠬᠦ᠌ ᠴᠢᠳᠠᠪᠤᠷᠢ ᠮᠠᠭᠤᠳᠠᠵᠤ᠂ ᠲᠠᠷᠢᠬᠢ ᠴᠤ᠌ ᠤᠷᠢᠳᠤᠬᠢ᠎ᠪᠠᠨ ᠬᠦᠷᠬᠦ᠌ ᠦᠭᠡᠢ ᠪᠣᠯᠳᠠᠭ》᠃ ᠠᠮᠢᠳᠤᠷᠠᠯ ᠳᠤᠮᠳᠠ ᠮᠠᠰᠢ ᠣᠯᠠᠨ ᠬᠥᠮᠦᠨ ᠪᠦᠷ ᠡᠶ᠋ᠢᠮᠦᠷᠬᠦᠤ ᠲᠥᠷᠥᠭᠳᠡᠯ᠎ᠲᠠᠢ ᠪᠠᠶ᠋ᠢᠳᠠᠭ᠃ ᠡᠨᠡ᠎ᠨᠢ ᠲᠠᠨ᠎ᠤ ᠶᠡᠬᠡ ᠲᠠᠷᠢᠬᠢᠨ᠎ᠤ ᠲᠤᠬᠠᠶ ᠬᠠᠮᠤᠭ᠎ᠤᠨ ᠶᠡᠬᠡ ᠡᠨᠳᠡᠭᠦᠷᠡᠯ ᠪᠠᠶ᠋ᠢᠵᠤ ᠮᠡᠳᠡᠨ᠎ᠡ᠂ ᠦᠨᠡᠨ᠎ᠳᠡᠭᠡᠨ ᠡᠨᠡ ᠦᠶ᠎ᠡ ᠪᠤᠯ ᠰᠠᠶᠢ ᠶᠡᠭᠡ ᠲᠠᠷᠢᠬᠢᠨ᠎ᠤ ᠴᠢᠨᠢ 《ᠣᠷᠭᠢᠯ ᠎ᠦᠨ ᠦᠶ᠎ᠡ》 ᠪᠣᠯᠤᠨ᠎ᠠ᠃

2025 ᠣᠨ᠎ᠳᠤ 《ᠤᠶᠤᠨ ᠴᠢᠳᠠᠪᠤᠷᠢ》 ᠰᠡᠳᠬᠦᠯ ᠳᠡᠭᠡᠷ᠎ᠡ ᠨᠡᠶ᠋ᠢᠲᠡᠯᠡᠭᠰᠡᠨ ᠨᠢᠭᠡᠨ ᠰᠤᠳᠤᠯᠭᠠᠨ ᠳ᠋ᠥ᠄ ᠬᠥᠮᠦᠨ᠎ᠤ ᠲᠠᠷᠢᠬᠢᠨ᠎ᠤ ᠶᠡᠷᠦᠩᠬᠡᠶ᠋ᠢᠯᠡᠭᠰᠡᠨ ᠴᠢᠳᠠᠪᠤᠷᠢ 60 ᠨᠠᠰᠤᠨ᠎ᠤ ᠣᠷᠴᠢᠮ᠎ᠢᠶᠠᠷ ᠰᠠᠶᠢ ᠤᠷᠬᠢᠯ᠎ᠳᠠᠭᠠᠨ ᠬᠦᠷᠳᠡᠭ ᠬᠡᠰᠡᠨ ᠮᠡᠳᠡᠬᠡᠯᠡᠯ᠎ᠨᠢ ᠬᠥᠮᠦᠰ᠎ᠢ ᠭᠠᠶ᠋ᠢᠬᠠᠰᠢ ᠠᠯᠳᠠᠭᠤᠯᠪᠠ᠃ ᠡᠨᠡ᠎ᠨᠢ ᠨᠠᠷᠢᠨ ᠪᠤᠳᠤᠯᠢᠶᠠᠨᠲᠠᠶ ᠪᠤᠶᠤ ᠴᠢᠬᠤᠯᠠ ᠡᠭᠦᠷᠭᠡ᠎ᠶᠢ ᠰᠢᠢᠳᠪᠦᠷᠢᠯᠡᠬᠦ᠌ ᠦᠶ᠎ᠡ᠎ᠳᠤ ᠡᠨᠡ ᠨᠠᠰᠤᠨ᠎ᠤ ᠬᠦᠮᠦᠰ ᠵᠠᠯᠠᠭᠤ ᠬᠦᠮᠦᠰ ᠢ᠋ ᠪᠤᠳᠤᠪᠠᠯ ᠨᠠᠩ ᠭᠠᠷᠮᠠᠭᠠᠶ ᠪᠠᠶ᠋ᠢᠳᠠᠭ ᠢ᠋ ᠬᠠᠷᠠᠭᠤᠯᠵᠤ ᠪᠠᠶ᠋ᠢᠨ᠎ᠠ᠃

ᠰᠤᠳᠤᠯᠭᠠᠨ᠎ᠳᠤ ᠵᠠᠳᠠᠯᠤᠨ ᠰᠢᠨᠵᠢᠯᠡᠭᠰᠡᠡ ᠵᠢᠡᠷ᠄ ᠲᠠᠨᠢᠨ ᠮᠡᠳᠡᠬᠦᠶ᠂ ᠣᠶ᠋ᠢᠯᠠᠭᠠᠬᠤ ᠪᠠ ᠮᠠᠭᠠᠳᠯᠠᠬᠤ ᠴᠢᠳᠠᠪᠤᠷᠢ᠎ᠨᠢ 60 ᠨᠠᠰᠤᠨ᠎ᠠᠴᠠ ᠣᠷᠭᠢᠯ᠎ᠦᠨ ᠱᠠᠳᠤᠨ ᠳ᠋ᠥ᠍ ᠤᠷᠤᠳᠠᠭ᠃ ᠶᠡᠷᠦᠩᠬᠡᠶ᠋ᠢᠯᠡᠭᠡᠳ ᠦᠵᠡᠪᠡᠯ ᠬᠥᠮᠦᠨ ᠲᠥᠷᠥᠯᠬᠢᠲᠡᠨ᠎ᠤ ᠪᠦᠬᠦᠯᠢ ᠴᠣᠭᠴᠠ᠎ᠶᠢᠨ ᠣᠶᠣᠨ ᠤᠬᠠᠭᠠᠨ 55 ᠡᠴᠡ 60 ᠨᠠᠰᠤᠨ᠎ᠤ ᠬᠣᠭᠣᠷᠣᠨᠳᠣ ᠣᠷᠭᠢᠯ᠎ᠳᠠᠭᠠᠨ ᠬᠦᠷᠴᠤ᠂ 65 ᠨᠠᠰᠤᠨ᠎ᠠᠴᠠ ᠡᠬᠢᠯᠡᠨ ᠭᠡᠳᠦᠶ᠋ᠢᠪᠡᠷ ᠳᠣᠷᠣᠭᠰᠢᠯᠠᠳᠠᠭ ᠪᠤᠯᠪᠠᠴᠤ᠌ ᠲᠡᠭᠦᠨ᠎ᠤ ᠳᠣᠷᠣᠭᠰᠢᠯᠠᠬᠤ ᠬᠠᠨᠳᠤᠰᠢ᠎ᠨᠢ 75 ᠨᠠᠰᠤ ᠬᠦᠷᠦᠭᠡᠳ ᠰᠠᠶᠢ ᠨᠡᠩ ᠢᠯᠡᠷᠬᠡᠢ ᠪᠣᠯᠳᠠᠭ ᠢ᠋ ᠤᠯᠵᠤ ᠮᠡᠳᠡᠪᠡ᠃ ᠡᠨᠡ ᠬᠦ᠌ ᠰᠤᠳᠤᠯᠭᠠᠨ᠎ᠤ ᠠᠴᠢ ᠬᠣᠯᠪᠣᠭᠳᠠᠯ᠎ᠨᠢ ᠵᠥᠪᠬᠡᠨ 〈ᠨᠠᠰᠤ ᠠᠬᠢᠬᠤ ᠵᠢ ᠲᠠᠭᠠᠯᠳᠤᠨ ᠣᠶᠤᠨ ᠴᠢᠳᠠᠪᠤᠷᠢ ᠪᠠᠭᠤᠷᠠᠳᠠᠭ〉 ᠭᠡᠬᠦ᠌ ᠤᠤᠯ᠎ᠤᠨ ᠦᠵᠡᠯᠲᠡ᠎ᠶᠢ ᠨᠢᠴᠣᠭᠠᠭᠰᠠᠨ ᠲᠡᠳᠦᠶ ᠦᠭᠡᠶ᠂ ᠨᠡᠩ ᠴᠤ᠌ 60 ᠨᠠᠰᠤᠨ᠎ᠤ ᠬᠥᠮᠦᠨ᠎ᠤ ᠠᠮᠢᠳᠤᠷᠠᠯ᠎ᠤᠨ ᠳᠠᠯᠳᠠ ᠬᠦᠴᠦᠨ ᠬᠢᠵᠠᠭᠠᠷ ᠦᠭᠡᠶ ᠪᠠᠶ᠋ᠢᠬᠤ᠎ᠶᠢ ᠪᠢᠳᠡᠨ᠎ᠳᠤ ᠰᠠᠨᠠᠭᠤᠯᠤᠭᠰᠠᠨ ᠪᠠᠶ᠋ᠢᠨ᠎ᠠ᠃

(《ᠠᠷᠠᠳ᠎ᠤᠨ ᠰᠦᠯᠵᠢᠶ᠎ᠠ》 ᠡᠴᠨ ᠨᠠᠢᠷᠠᠭᠤᠯᠤᠨ ᠠᠪᠤᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号