2 ᠰᠠᠷ᠎ᠠ ᠢ᠋ᠢᠨ 7 ᠤ᠋ ᠥᠷᠯᠥᠭᠡ ᠢ᠋ᠢᠨ 6 ᠴᠠᠭ ᠬᠠᠭᠠᠰ ᠲᠤ᠌᠂ ᠲᠦᠷᠭᠡᠨ ᠬᠦᠷᠭᠡᠭ᠌ᠴᠢ ᠵᠠᠩ ᠯᠸᠢ ᠴᠠᠬᠢᠯᠭᠠᠨ ᠬᠥᠳᠡᠯᠭᠡᠭᠦᠷᠲᠦ ᠲᠡᠷᠭᠡ ᠤᠨᠤᠵᠦ ᠠᠮᠠᠨ ᠡᠴᠡ ᠪᠠᠨ ᠠᠭᠤᠷ ᠰᠠᠪᠰᠠᠭᠤᠯᠤᠭᠰᠠᠭᠠᠷ ᠬᠥᠬᠡᠬᠣᠲᠠ ᠢ᠋ᠢᠨ ᠱᠢᠨ᠎ᠡ ᠬᠤᠳᠠ ᠲᠣᠭᠣᠷᠢᠭ ᠤ᠋ᠨ ᠪᠢ ᠰᠠᠢ ᠲᠠ ᠬᠤᠳᠠᠯᠳᠤᠭᠠᠨ ᠤ᠋ ᠵᠡᠭᠡᠯᠢ ᠢ᠋ᠢᠨ ᠴᠢᠩ ᠹᠸᠩ ᠱᠸ ᠦᠷᠳᠡᠭᠡᠨᠦ ᠡᠭᠦᠳᠡᠨ ᠡᠮᠦᠨ᠎ᠠ ᠢᠷᠡᠵᠦ ᠵᠣᠭ᠍ᠰᠣᠪᠠ᠃
ᠦᠷᠳᠡᠭᠡᠨ ᠲᠤᠳᠤᠷ᠎ᠠ ᠲᠤᠪ ᠲᠤᠯᠠᠭᠠᠬᠠᠨ ᠪᠠᠢᠯ᠎ᠠ᠃ ᠲᠡᠷᠡ ᠬᠠᠯᠠᠭᠤᠨ ᠤᠰᠤᠨᠦ ᠴᠤᠮᠤ ᠪᠠᠨ ᠳᠦᠭᠦᠷᠭᠡᠨ᠂ ᠭᠠᠷ ᠤᠲᠠᠰᠤ ᠪᠡᠨ ᠴᠡᠨᠡᠭᠯᠡᠵᠤ᠂ ᠴᠣᠩᠬᠣᠨᠦ ᠲᠡᠷᠭᠡᠳᠡᠬᠢ ᠰᠠᠨᠳᠠᠯᠢ ᠳᠡᠭᠡᠷ᠎ᠡ ᠰᠠᠭᠤᠭᠠᠳ ᠬᠠᠵᠠᠭᠤ ᠢ᠋ᠢᠨ ᠳᠡᠯᠭᠡᠭᠦᠷᠡᠴᠡ ᠠᠪᠤᠭ᠍ᠰᠠᠨ ᠬᠠᠯᠠᠭᠤᠨ ᠪᠤᠤᠵᠠ ᠢ᠋ᠢᠨ ᠢ᠋ᠢᠡᠨ ᠤᠭᠤᠲᠠ ᠢ᠋ᠢ ᠨᠡᠭᠡᠭᠡᠯᠠ᠃
《ᠤᠤᠯ ᠨᠢ ᠡᠪᠦᠯᠤ᠋ᠨ ᠴᠠᠭ ᠬᠠᠮᠤᠭ ᠤ᠋ᠨ ᠬᠦᠴᠢᠷ ᠪᠠᠢᠪᠠ᠂ ᠤᠳᠤ ᠡᠨᠳᠡ ᠬᠦᠯ ᠭᠠᠷᠢᠶᠠᠨ ᠳᠤᠯᠠᠭᠠᠴᠠᠭᠤᠯᠵᠤ᠂ ᠭᠠᠷ ᠤᠳᠠᠰᠤ ᠪᠠ ᠴᠠᠬᠢᠯᠭᠠᠨ ᠬᠦᠳᠡᠯᠭᠡᠭᠦᠷᠳᠤ ᠲᠡᠷᠭᠡ ᠪᠡᠨ ᠴᠡᠨᠡᠭ᠌ᠯᠡᠵᠦ᠍ ᠪᠤᠯᠤᠨ᠎ᠠ》 ᠭᠡᠵᠦ᠍ ᠵᠠᠩ ᠯᠸᠢ ᠢᠨᠢᠶᠡᠮᠰᠦᠭ᠌ᠯᠡᠨ ᠬᠡᠯᠡᠨ᠎ᠠ᠃ ᠡᠨᠡ ᠬᠦ᠌ 20 ᠲᠡᠭ᠌ᠰᠢ ᠳᠥᠷᠪᠡᠯᠵᠢᠨ ᠮᠧᠲ᠋ᠷ ᠪᠦᠬᠦᠢ ᠣᠷᠣᠨ ᠵᠠᠢ ᠨᠢ ᠨᠢᠭᠡᠨᠲᠡ ᠮᠠᠰᠢ ᠤᠯᠠᠨ ᠵᠠᠩ ᠯᠸᠢ ᠮᠡᠲᠦ᠍ ᠢ᠋ᠢᠨ ᠬᠥᠳᠡᠯᠮᠦᠷᠢᠴᠢᠳ ᠤ᠋ᠨ ᠬᠠᠮᠤᠭ ᠤ᠋ᠨ ᠲᠠᠨᠢᠯ ᠲᠠᠰᠤᠯ ᠭᠠᠷᠠᠮ ᠪᠣᠯᠤᠭ᠍ᠰᠠᠨ ᠪᠠᠢᠨ᠎ᠠ᠃
ᠱᠢᠨ᠎ᠡ ᠬᠣᠲᠠ ᠲᠣᠭᠣᠷᠢᠭ ᠤ᠋ᠨ ᠵᠡᠭᠡᠯᠢ ᠭᠤᠳᠤᠮᠵᠢ ᠪᠠᠷ 《ᠬᠠᠯᠠᠭᠤᠨ ᠳᠤᠯᠠᠭᠠᠨ ᠰᠠᠭᠤᠷᠢᠨ》 ᠵᠠᠯᠭᠠᠯᠳᠤᠨ ᠲᠤᠤᠷᠵᠢᠵᠤ ᠪᠣᠶ᠃ ᠲᠦᠷᠭᠡᠨ ᠬᠦᠷᠭᠡᠯᠲᠡ᠂ ᠵᠠᠬᠢᠶᠠᠯᠠᠭ᠎ᠠ ᠢ᠋ᠢᠨ ᠬᠣᠭᠣᠯᠠ ᠬᠦᠷᠭᠡᠭᠴᠢ ᠳ᠋ᠤ ᠬᠠᠨᠳᠤᠭᠤᠯᠤᠭᠰᠠᠨ《ᠴᠢᠩ ᠹᠸᠩ ᠱᠸ ᠦᠷᠳᠡᠭᠡ》 ᠪᠠᠢᠬᠤ ᠪᠡᠷ ᠪᠠᠷᠠᠬᠤ ᠥᠬᠡᠶ᠂ ᠪᠠᠰᠠ ᠣᠷᠴᠢᠨ ᠲᠣᠭᠣᠷᠢᠨ ᠤ᠋ ᠠᠷᠢᠭᠤᠨ ᠴᠡᠪᠡᠷ ᠤ᠋ᠨ ᠠᠵᠢᠯᠴᠢᠨ᠂ ᠵᠠᠮ ᠬᠠᠷᠢᠯᠴᠠᠭᠠᠨ ᠤ᠋ ᠴᠠᠭ᠍ᠳᠠᠭᠠ ᠢ᠋ᠢᠨ ᠲᠤᠰᠠᠯᠠᠭ᠍ᠴᠢ᠂ ᠲᠦᠷᠢᠶᠡᠰᠦᠨ ᠮᠠᠱᠢᠨ ᠤ᠋ ᠵᠢᠯᠣᠭᠣᠴᠢ ᠵᠡᠷᠭᠡ ᠭᠠᠳᠠᠭ᠎ᠠ ᠠᠵᠢᠯᠯᠠᠳᠠᠭ ᠪᠣᠶ ᠪᠥᠬᠥᠶ ᠬᠥᠳᠡᠯᠮᠦᠷᠢᠴᠢᠨ ᠳ᠋ᠤ ᠬᠠᠨᠳᠤᠭᠤᠯᠤᠭ᠍ᠰᠠᠨ 《ᠨᠤᠸᠠᠨ ᠹᠸᠩ ᠱᠸ ᠦᠷᠳᠡᠭᠡ》᠂ 《ᠠᠵᠢᠯᠴᠢᠨ ᠤ᠋ ᠡᠪᠯᠡᠯ ᠤ᠋ᠨ ᠥᠷᠲᠡᠭᠡ》 ᠪᠣᠶ᠃
ᠡᠳᠡᠭᠡᠷ ᠥᠷᠲᠡᠭᠡᠨ ᠤ᠋ ᠶᠡᠬᠡ ᠪᠠᠭ᠎ᠠ ᠨᠢ ᠠᠳᠠᠯᠢ ᠦᠭᠡᠢ ᠪᠣᠯᠪᠠᠴᠤ᠌ ᠳᠣᠲᠣᠷ᠎ᠠ ᠨᠢ ᠬᠠᠷᠢᠨ ᠱᠢᠷᠡᠭᠡ ᠰᠠᠨᠳᠠᠯᠢ᠂ ᠤᠤᠭᠤᠬᠤ ᠤᠰᠤᠨᠤ ᠮᠠᠱᠢᠨ᠂ ᠪᠢᠴᠢᠯ ᠳᠣᠯᠭᠢᠶᠠᠨ ᠤ᠋ ᠵᠤᠤᠬ᠎ᠠ᠂ ᠴᠠᠬᠢᠯᠭᠠᠨ ᠴᠡᠨᠡᠭ᠌ᠯᠡᠬᠦ᠌ ᠤᠭ᠍ᠯᠠᠭᠤᠷᠭᠠ᠂ ᠪᠠᠴᠢᠮ ᠪᠠᠢᠳᠠᠯᠢ ᠠᠷᠭᠠᠴᠠᠭᠠᠬᠤ ᠡᠮ ᠤ᠋ᠨ ᠬᠠᠢᠷᠴᠠᠭ᠂ ᠦᠨ᠎ᠡ ᠲᠥᠯᠥᠪᠦᠷᠢ ᠦᠭᠡᠢ WiFi ᠲᠤᠬᠢᠷᠠᠭᠤᠯᠵᠤ᠂ ᠤᠰᠤ ᠤᠤᠭᠤᠬᠤ ᠳ᠋ᠤ ᠬᠦᠴᠢᠷ᠂ ᠠᠮᠠᠷᠠᠬᠤ ᠳ᠋ᠤ ᠬᠦᠴᠢᠷ᠂ ᠴᠠᠬᠢᠯᠭᠠᠨ ᠴᠡᠨᠡᠭ᠌ᠯᠡᠬᠦ᠌ ᠳ᠋ᠤ ᠬᠦᠴᠢᠷ᠂ ᠵᠣᠷᠯᠣᠩ ᠳ᠋ᠤ ᠤᠷᠤᠬᠤ ᠳ᠋ᠤ ᠬᠦᠴᠢᠷ ᠵᠡᠷᠭᠡ ᠭᠠᠳᠠᠭ᠎ᠠ ᠠᠵᠢᠯᠯᠠᠳᠠᠭ ᠬᠥᠮᠥᠰ ᠲᠤ᠌ ᠡᠳᠦᠷ ᠪᠦᠷᠢ ᠲᠤᠯᠭᠠᠷᠠᠳᠠᠭ《ᠵᠠᠩᠭᠢᠯᠠᠭ᠎ᠠ ᠢ᠋ᠢᠨ ᠪᠠᠭ᠎ᠠ ᠶᠠᠪᠤᠳᠠᠯ》 ᠢ᠋ ᠱᠢᠢᠳᠪᠦᠷᠢᠯᠡᠵᠦ᠍ ᠦᠭᠴᠡᠢ᠃ ᠦᠷᠳᠡᠭᠡ ᠵᠢ ᠶᠡᠷᠦᠳᠡᠭᠡᠨ ᠵᠡᠭᠡᠯᠢ ᠳᠠᠭᠠᠤ ᠨᠢᠭᠡᠳᠦᠭᠡᠷ ᠳᠠᠪᠬᠤᠷᠭ᠎ᠠ᠂ ᠨᠡᠢᠭᠡᠮ ᠲᠣᠭᠣᠷᠢᠭ ᠤ᠋ᠨ ᠡᠭᠦᠳᠡᠨ ᠳ᠋ᠡᠬᠢ ᠭᠠᠵᠠᠷ ᠢ᠋ ᠰᠣᠩᠭᠣᠨ ᠪᠠᠢᠭᠤᠯᠵᠤ᠂ ᠬᠤᠳᠠᠯᠳᠤᠭ᠎ᠠ ᠬᠡᠲᠦ ᠳᠡᠯᠭᠡᠭᠦᠷ ᠤ᠋ᠨ ᠡᠷᠬᠢᠨ ᠲᠣᠭᠣᠷᠢᠨ ᠳ᠋ᠤ ᠢᠯᠡ ᠲᠣᠳᠣᠷᠬᠠᠢ ᠲᠡᠮᠳᠡᠭ ᠲᠠᠯᠪᠢᠵᠤ᠂ ᠭᠠᠳᠠᠭ᠎ᠠ ᠠᠵᠢᠯᠯᠠᠳᠠᠭ ᠬᠥᠮᠥᠰ ᠲᠤ᠌ ᠦᠨᠡᠨ ᠬᠦ᠌ 《ᠭᠠᠷ ᠲᠤ᠌ ᠪᠠᠷᠢᠭ᠍ᠳᠠᠮᠠ》 ᠦᠢᠯᠡᠴᠢᠯᠡᠭᠡ ᠬᠠᠡᠭᠭᠠᠵᠤ ᠪᠤᠢ᠃
《ᠳᠠᠭᠠᠷᠠᠪᠠᠯ ᠳᠤᠯᠠᠭᠠᠴᠠᠵᠤ ᠬᠠᠯᠠᠭᠤᠴᠠᠪᠠᠯ ᠰᠡᠷᠢᠭᠦᠴᠡᠭᠡᠷᠡᠢ᠃ ᠤᠮᠳᠠᠭᠠᠰᠪᠠᠯ ᠤᠰᠤ ᠤᠤᠭᠤᠵᠤ᠂ ᠶᠠᠳᠠᠷᠠᠪᠠᠯ ᠬᠥᠯ ᠢ᠋ᠢᠡᠨ ᠠᠮᠠᠷᠠᠭᠠᠷᠠᠢ》 ᠃ ᠡᠲᠡᠭᠡᠷ ᠥᠷᠲᠡᠭᠡᠨ ᠤ᠋ ᠬᠡᠷᠡᠮ ᠳᠡᠭᠡᠷᠡᠬᠢ ᠳᠤᠷᠠᠢᠲᠠᠯ᠎ᠠ ᠪᠢᠴᠢᠭᠰᠡᠨ ᠬᠠᠯᠠᠮᠵᠢ ᠵᠢᠨ ᠦᠭᠡᠰ ᠬᠥᠮᠦᠰᠲᠦ ᠮᠠᠰᠢ ᠳᠣᠲᠣᠨᠣ ᠰᠠᠨᠠᠭ᠍ᠳᠠᠵᠤ᠂ ᠣᠬᠣᠷᠬᠠᠨ ᠬᠡᠳᠦᠨ ᠮᠥᠷ ᠦᠰᠦᠭ᠂ ᠶᠠᠭ ᠵᠡᠭᠡᠯᠢ ᠢ᠋ᠢᠨ ᠳ᠋ᠧᠩ ᠱᠢᠭ ᠭᠠᠳᠠᠭ᠎ᠠ ᠠᠵᠢᠯᠯᠠᠳᠠᠭ ᠬᠥᠳᠡᠯᠮᠦᠷᠢᠴᠢᠳ ᠤ᠋ᠨ ᠵᠠᠮᠢ ᠭᠡᠢᠭᠦᠯᠦᠨᠠ᠃
《ᠦᠶ᠋ᠯᠡᠴᠢᠯᠡᠭᠡᠨ ᠤ᠋ ᠵᠢᠭ᠍ᠰᠠᠭᠠᠯ ᠤ᠋ᠨ ᠭᠠᠵᠠᠷ ᠤ᠋ᠨ ᠪᠠᠢᠭᠤᠯᠤᠯᠲᠠ ᠨᠢ ᠦᠨᠳᠦᠰᠦᠨ ᠱᠠᠲᠤᠨ ᠤ᠋ ᠨᠡᠢᠭᠡᠮ ᠤ᠋ᠨ ᠵᠠᠰᠠᠯᠲᠠ ᠪᠠ 〈ᠣᠷᠣᠱᠢᠨ ᠰᠠᠭᠤᠬᠤ ᠳ᠋ᠤ ᠲᠣᠬᠢᠷᠠᠮᠵᠢᠲᠠᠶ ᠴᠢᠨᠠᠷ ᠰᠠᠢᠲᠠᠶ ᠬᠣᠲᠠ ᠢ᠋ᠢᠨ ᠲᠣᠭᠣᠷᠢᠭ〉 ᠤ᠋ᠨ ᠵᠢᠷᠤᠭ ᠲᠥᠰᠦᠪ ᠤ᠋ᠨ ᠣᠷᠭᠠᠨᠢᠭ ᠪᠦᠷᠢᠯᠳᠦᠬᠦᠨ ᠬᠡᠰᠡᠭ ᠮᠥᠨ᠃ ᠣᠳᠣᠬᠠᠨ ᠳ᠋ᠤ᠂ ᠪᠢᠳᠡᠨ ᠤ᠋ ᠪᠠᠢᠭᠤᠯᠤᠨ ᠠᠱᠢᠭ᠍ᠯᠠᠯᠲᠠ ᠳ᠋ᠤ ᠣᠷᠣᠭᠤᠯᠤᠭ᠍ᠰᠠᠨ〈ᠴᠢᠩ ᠹᠸᠩ ᠱᠸ ᠦᠷᠳᠡᠭᠡ〉᠂ 〈ᠬᠤᠩ ᠹᠸᠩ ᠱᠸ ᠦᠷᠳᠡᠭᠡ〉 ᠂ 〈ᠠᠵᠢᠯᠴᠢᠨ ᠤ᠋ ᠡᠪᠯᠡᠯ ᠤ᠋ᠨ ᠥᠷᠲᠡᠭᠡ〉 ᠵᠡᠷᠭᠡ ᠡᠯ᠎ᠡ ᠲᠥᠷᠥᠯ ᠤ᠋ᠨ ᠥᠷᠲᠡᠭᠡ 36 ᠪᠣᠶ》 ᠭᠡᠵᠤ ᠱᠢᠨ᠎ᠡ ᠬᠣᠲᠠ ᠲᠣᠭᠣᠷᠢᠭ ᠤ᠋ᠨ ᠨᠠᠮ ᠤ᠋ᠨ ᠬᠣᠷᠢᠶᠠᠨ ᠤ᠋ ᠨᠡᠢᠭᠡᠮ ᠤ᠋ᠨ ᠠᠵᠢᠯ ᠤ᠋ᠨ ᠬᠡᠯᠲᠡᠰ ᠤ᠋ᠨ ᠳᠠᠷᠤᠭ᠎ᠠ ᠵᠠᠩ ᠯᠢ ᠵᠢᠶᠦ᠋ᠨ ᠲᠡᠨᠢᠯᠴᠠᠭᠤᠯᠵᠤ ᠪᠠᠢᠯ᠎ᠠ᠃
ᠭᠠᠳᠠᠭ᠎ᠠ ᠠᠵᠢᠯᠯᠠᠳᠠᠭ ᠬᠥᠳᠡᠯᠮᠦᠷᠢᠴᠢᠳ ᠤ᠋ᠨ ᠪᠠᠴᠢᠮ ᠲᠤᠯᠭᠠᠮ ᠬᠦᠴᠢᠷ ᠠᠰᠠᠭᠤᠳᠠᠯ ᠢ᠋ ᠱᠢᠢᠳᠪᠦᠷᠢᠯᠡᠬᠦ᠌ ᠡᠴᠡ ᠪᠦᠬᠦ᠌ ᠵᠢᠯ ᠳ᠋ᠤ ᠠᠭᠤᠰᠤᠯᠴᠠᠭ᠍ᠰᠠᠨ ᠦᠢᠯᠡᠴᠢᠯᠡᠭᠡ ᠢ᠋ᠢ 82 ᠤᠳᠠᠭ᠎ᠠ ᠥᠷᠨᠢᠭᠦᠯᠬᠦ ᠬᠦᠷᠲᠡᠯ᠎ᠡ ᠨᠡᠢᠲᠡ 1.4 ᠲᠦᠮᠡᠨ ᠬᠥᠮᠦᠨ ᠳ᠋ᠤ ᠠᠱᠢᠭ ᠬᠦᠷᠲᠡᠭᠡᠪᠡ; 《ᠨᠠᠮ ᠤ᠋ᠨ ᠭᠡᠱᠢᠭᠦᠨ ᠨᠡᠢᠭᠡᠮ ᠤ᠋ᠨ ᠠᠵᠢᠯᠴᠢᠨ + ᠨᠠᠮ ᠤ᠋ᠨ ᠭᠡᠱᠢᠭᠦᠨ ᠰᠠᠢ᠌ᠨ ᠲᠤᠷᠠᠴᠤᠳ 》 ᠤ᠋ᠨ ᠭᠣᠣᠯᠯᠠᠭ᠍ᠴᠢ ᠪᠦᠯᠬᠦᠮᠢ ᠪᠠᠢᠷᠢᠱᠢᠭᠤᠯᠬᠤ ᠡᠴᠡ ᠰᠠᠢ᠌ᠨ ᠳᠤᠷ᠎ᠠ ᠢ᠋ᠢᠨ ᠦᠢᠯᠡᠴᠢᠯᠡᠭᠡᠨ ᠤ᠋ ᠵᠣᠬᠢᠶᠠᠨ ᠪᠠᠢᠭᠤᠯᠤᠯᠲᠠ ᠢ᠋ᠢᠨ ᠱᠢᠰᠲᠸᠮ ᠢ ᠪᠦᠷᠢᠨᠱᠢᠬᠦᠯᠬᠦ᠌ ᠬᠦᠷᠲᠡᠯ᠎ᠡ ᠱᠢᠨ᠎ᠡ ᠬᠤᠳᠠ ᠲᠣᠭᠣᠷᠢᠭ ᠤ᠋ᠨ ᠬᠢᠭ᠌ᠰᠡᠨ ᠪᠤᠢ ᠪᠦᠬᠦᠢ ᠴᠢᠷᠮᠠᠢᠯᠭ᠎ᠠ ᠨᠢ ᠴᠥᠮ ᠲᠡᠮᠡᠴᠡᠵᠦ᠍ ᠪᠠᠢᠭ᠎ᠠ ᠬᠥᠮᠦᠨ ᠪᠤᠯᠭᠠᠨ ᠳ᠋ᠤ ᠬᠤᠳᠠ ᠢ᠋ᠢᠨ ᠬᠦᠨᠳᠦᠳᠭᠡᠯ ᠪᠠ ᠬᠠᠢᠷ᠎ᠠ ᠬᠠᠯᠠᠮᠵᠢ ᠢ᠋ᠢ ᠮᠡᠳᠡᠷᠡᠭᠦᠯᠵᠤ ᠪᠠᠢᠭ᠎ᠠ ᠪᠢᠯᠡ᠃
ᠡᠨᠡ ᠬᠦ᠌ ᠬᠠᠯᠠᠮᠵᠢᠯᠠᠯ ᠨᠢ ᠲᠤᠨᠤᠭ ᠲᠥᠬᠥᠭᠡᠷᠦᠮᠵᠢ ᠢ᠋ᠢ ᠲᠡᠭᠦᠯᠳᠡᠷᠵᠢᠭᠦᠯᠬᠦ᠌ᠡᠴᠡ ᠡᠷᠬᠡ ᠠᠱᠢᠭ ᠢ᠋ ᠪᠠᠲᠤᠯᠠᠬᠤ᠂ ᠤᠯᠠᠨ ᠨᠡᠢᠲᠡ ᠳ᠋ᠤ ᠦᠢᠯᠡᠴᠢᠯᠡᠬᠦ ᠬᠦᠷᠳᠡᠯ᠎ᠠ ᠨᠡᠩ ᠥᠷᠭᠡᠵᠢᠵᠡᠢ᠃
2025 ᠣᠨ ᠳ᠋ᠤ ᠱᠢᠨ᠎ᠡ ᠬᠣᠲᠠ ᠲᠣᠭᠣᠷᠢᠭ ᠤ᠋ᠨ ᠠᠷᠠᠳ ᠤ᠋ᠨ ᠠᠮᠢᠳᠤᠷᠠᠯ ᠤ᠋ᠨ ᠬᠦᠷᠢᠶᠡᠨᠳᠡᠬᠢ ᠵᠠᠷᠤᠯᠭ᠎ᠠ ᠨᠡᠢᠲᠡ 122.7 ᠳ᠋ᠦᠩᠱᠢᠭᠤᠷ ᠲᠥᠭᠥᠷᠢᠭᠲᠦ ᠬᠦᠷᠴᠦ᠍᠂ ᠡᠩ ᠤ᠋ᠨ ᠣᠯᠠᠨ ᠨᠡᠢᠲᠡ ᠢ᠋ᠢᠨ ᠵᠠᠷᠤᠯᠭ᠎ᠠ ᠳ᠋ᠤ ᠡᠵᠡᠯᠡᠬᠦ᠌ ᠬᠤᠪᠢ ᠢ᠋ᠢᠨ ᠵᠢᠩᠨᠢ ᠪᠠᠷᠤᠭ 74.7% ᠳ᠋ᠤ ᠬᠦᠷᠴᠡᠶ; ᠬᠣᠲᠠ ᠪᠠᠯᠭᠠᠰᠤᠨ ᠤ᠋ 9.1 ᠲᠦᠮᠡᠨ ᠬᠥᠮᠦᠨ ᠳ᠋ᠤ ᠱᠢᠨ᠎ᠡ ᠪᠡᠷ ᠠᠵᠢᠯ ᠣᠯᠭᠣᠵᠤ᠂ 7400 ᠲᠦᠮᠡᠨ ᠲᠥᠭᠥᠷᠢᠭ ᠤ᠋ᠨ ᠦᠢᠯᠡᠰ ᠪᠣᠰᠭᠠᠬᠤ ᠪᠠᠲᠤᠯᠠᠭᠠᠲᠤ ᠵᠢᠭᠡᠯᠡᠯᠭᠡ ᠲᠠᠯᠪᠢᠵᠠᠢ᠃
ᠱᠢᠨ᠎ᠡ ᠬᠣᠲᠠ ᠲᠣᠭᠣᠷᠢᠭ ᠤ᠋ᠨ ᠳ᠋ᠦᠩ ᠾᠧ ᠵᠡᠭᠡᠯᠢ ᠭᠤᠳᠤᠮᠵᠢ ᠢ᠋ᠢᠨ ᠱᠢᠨ ᠶᠤᠸᠠᠢ ᠨᠡᠢᠭᠡᠮ ᠲᠣᠭᠣᠷᠢᠭ ᠤ᠋ᠨ ᠨᠠᠮᠤᠨ ᠬᠡᠰᠢᠬᠦᠨ ᠪᠠ ᠣᠯᠠᠨ ᠲᠦᠮᠡᠨ ᠤ᠋ ᠦᠶ᠋ᠯᠡᠴᠢᠯᠡᠭᠡᠨ ᠤ᠋ ᠲᠥᠪ ᠲᠡᠬᠢ ᠭᠠᠷᠠᠭ ᠤ᠋ᠨ ᠬᠣᠶᠠᠷ ᠤ᠋ᠨ ᠣᠷᠣᠶ ᠢ᠋ᠢᠨ ᠤᠷᠠᠨ ᠪᠢᠴᠢᠯᠭᠡ ᠢ᠋ᠢᠨ ᠬᠢᠴᠢᠶᠡᠯ ᠳ᠋ᠤ ᠬᠦᠮᠦᠰ ᠲᠦᠭᠦᠷᠡᠩ ᠪᠠᠢᠳᠠᠭ᠃ ᠶᠡᠷᠡᠭᠡᠳ ᠣᠨ ᠳ᠋ᠤ ᠲᠦᠷᠦᠭ᠌ᠰᠡᠨ ᠬᠣᠭᠣᠯᠠ ᠬᠦᠷᠭᠡᠭ᠌ᠴᠢ ᠸᠠᠩ ᠵᠢᠩ ᠠᠵᠢᠯ ᠤ᠋ᠨ ᠬᠤᠪᠴᠠᠰᠤᠪᠠᠨ ᠲᠠᠢᠯᠵᠤ᠂ ᠠᠮᠢᠰᠭᠤᠭᠠᠪᠠᠨ ᠳᠠᠷᠤᠨ ᠠᠩᠬᠠᠷᠤᠯᠢᠶᠠᠨ ᠲᠥᠪᠯᠡᠷᠡᠭᠦᠯᠵᠦ᠍᠂ ᠪᠠᠭ᠍ᠰᠢ ᠢ᠋ᠢᠨᠢᠶᠠᠨ ᠵᠢᠯᠤᠭᠤᠳᠤᠯᠭ᠎ᠠ ᠳᠣᠣᠷ᠎ᠠ ᠪᠢᠷ ᠠᠳᠭᠤᠨ ᠦᠰᠦᠭᠢᠶᠡᠨ ᠪᠣᠯᠪᠠᠰᠤᠷᠠᠨ᠎ᠠ᠃
《ᠡᠳᠦᠷ ᠤ᠋ᠨ ᠠᠵᠢᠯ ᠶᠠᠭᠠᠷᠠᠤ᠂ ᠣᠷᠣᠢ ᠢ᠋ᠢᠨ ᠡᠨᠡ ᠬᠦ᠌ ᠵᠢᠷᠤᠯᠭ᠎ᠠ ᠲᠠᠲᠠᠯᠭ᠎ᠠ ᠪᠦᠷᠢᠨᠠᠮᠢ᠋ᠢ ᠨᠠᠮ ᠲᠠᠢᠪᠤᠡᠭ ᠪᠤᠯᠭᠠᠵᠤ ᠠᠮᠠᠷᠠᠭᠤᠯᠳᠠᠭ》 ᠭᠡᠵᠦ᠍ ᠲᠡᠷᠡ ᠬᠡᠯᠡᠨ᠎ᠠ᠃
ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠴᠠᠭᠠᠰᠤᠨ ᠬᠠᠢᠴᠢᠯᠠᠮᠠᠯ ᠡᠴᠡ ᠣᠬᠣᠷ ᠸᠢᠳᠢᠣ᠋ ᠦᠢᠯᠡᠳᠬᠦ᠌ ᠬᠦᠷᠲᠡᠯ᠎ᠡ᠂ ᠪᠡᠶ᠎ᠡ ᠴᠢᠭᠢᠷᠠᠭ᠍ᠵᠢᠭᠤᠯᠬᠤ ᠲᠠᠮᠢᠷ ᠡᠴᠡ ᠺᠤᠹᠸ ᠵᠢᠨ ᠦᠢᠯᠡᠳᠬᠦᠨ ᠦᠢᠯᠡᠳᠬᠦ᠌ ᠬᠦᠷᠲᠡᠯ᠎ᠡ᠂ ᠤᠷᠤᠢ ᠢ᠋ᠢᠨ ᠰᠤᠷᠭᠠᠭᠤᠯᠢ ᠢ᠋ᠢᠨ ᠬᠢᠴᠢᠶᠡᠯ ᠤ᠋ᠨ ᠬᠦᠰᠦᠨᠦᠭ᠌ᠲᠦ ᠰᠠᠷ᠎ᠠ ᠪᠦᠷᠢ ᠱᠢᠨᠡᠳᠴᠦ᠍ ᠂ ᠪᠠᠶᠠᠷ ᠬᠦᠷᠪᠢᠯᠬᠠᠵᠦ ᠪᠠᠢᠳᠠᠭ᠃
ᠲᠡᠷᠡ ᠨᠢ ᠵᠥᠪᠬᠡᠨ ᠮᠡᠷᠭᠡᠵᠢᠯ ᠰᠤᠷᠤᠯᠴᠠᠬᠤ ᠲᠠᠯᠠᠪᠤᠷ ᠲᠡᠳᠦᠶ ᠪᠢᠰᠢ᠂ ᠨᠠᠩ ᠴᠤ᠌ ᠵᠠᠯᠠᠭᠤᠴᠤᠳ ᠤ᠋ᠨ ᠦᠵᠡᠯ ᠰᠠᠨᠠᠭᠠᠪᠠᠨ ᠰᠣᠯᠢᠯᠴᠠᠬᠤ᠂ ᠨᠡᠢᠭᠡᠮ ᠤ᠋ᠨ ᠬᠠᠷᠢᠯᠴᠠᠭᠠᠨ ᠤ᠋ ᠣᠷᠣᠨ ᠵᠠᠶ ᠪᠡᠨ ᠲᠡᠯᠡᠬᠦ ᠲᠠᠯᠠᠪᠤᠷ ᠪᠣᠯᠵᠣ᠂ ᠲᠡᠳᠡᠨ ᠳ᠋ᠤ ᠬᠠᠷᠢᠶᠠᠯᠠᠭ᠍ᠳᠠᠬᠤ ᠲᠥᠷᠥᠭ᠌ᠳᠡᠯ ᠣᠯᠭᠣᠭ᠍ᠰᠠᠨ ᠪᠠᠢᠨ᠎ᠠ᠃
ᠡᠨᠡ ᠨᠢ ᠱᠢᠨ᠎ᠡ ᠬᠤᠳᠠ ᠢ᠋ᠢᠨ ᠲᠣᠭᠣᠷᠢᠭ ᠤ᠋ᠨ ᠱᠢᠨ᠎ᠡ ᠬᠡᠯᠪᠡᠷᠢ ᠢ᠋ᠢᠨ ᠤᠯᠠᠨ ᠨᠡᠢᠲᠡ ᠢ᠋ᠢᠨ ᠰᠣᠶᠣᠯ ᠤ᠋ᠨ ᠣᠷᠣᠨ ᠵᠠᠢ ᠢ᠋ᠢ ᠶᠡᠬᠡ ᠪᠡᠷ ᠥᠷᠭᠡᠳᠭᠡᠬᠦ᠌᠂ 《ᠪᠢᠴᠢᠭ ᠤ᠋ᠨ ᠰᠤᠷᠪᠤᠯᠵᠢᠲᠤ ᠱᠢᠨ᠎ᠡ ᠬᠤᠳᠠ ᠲᠤᠭᠤᠷᠢᠬ》 ᠢ᠋ ᠪᠠᠢᠭᠤᠯᠬᠤ ᠂ ᠡᠯᠪᠡᠭ ᠪᠠᠶᠠᠯᠢᠭ ᠤᠳᠭ᠎ᠠ ᠤᠷᠠᠯᠢᠭ ᠪᠡᠶ᠎ᠡ ᠢ᠋ᠢᠨ ᠲᠠᠮᠢᠷ ᠤ᠋ᠨ ᠠᠵᠢᠯᠯᠠᠭ᠎ᠠ ᠡᠷᠬᠢᠯᠡᠬᠦ᠌ ᠠᠯᠢ ᠤᠯᠠᠨ ᠠᠷᠭ᠎ᠠ ᠬᠡᠮᠵᠢᠢ᠎ᠡ ᠲᠠᠢ ᠤᠯᠠᠮᠵᠢᠯᠠᠯ ᠨᠢᠭᠡᠲᠡᠢ ᠶᠤᠮ᠃
ᠨᠢᠭᠡ ᠴᠣᠮᠣ ᠬᠠᠯᠠᠭᠤᠨ ᠤᠰᠤ᠂ ᠨᠢᠭᠡ ᠰᠠᠨᠳᠠᠯᠢ ᠵᠢᠨ ᠪᠤᠳᠠᠰᠤᠨ ᠬᠠᠯᠠᠮᠵᠢᠯᠠᠯ ᠡᠴᠡ ᠨᠢᠭᠡ ᠬᠢᠴᠢᠶᠡᠯ᠂ ᠨᠢᠭᠡ ᠤᠳᠠᠭᠠᠨ ᠤ᠋ ᠤᠶᠤᠨᠤ ᠱᠢᠮ᠎ᠡ ᠲᠡᠵᠢᠭᠡᠯ ᠬᠦᠷᠳᠡᠭᠡᠬᠦ ᠬᠦᠷᠲᠡᠯ᠎ᠡ᠂ ᠳᠠᠬᠢᠭᠠᠳ ᠨᠢᠭᠡ ᠢᠵᠢ ᠦᠶ᠋ᠯᠡᠴᠢᠯᠡᠭᠡᠨ ᠤ᠋ ᠲᠤᠤᠷ ᠤ᠋ᠨ ᠪᠥᠬᠥ᠌ ᠲᠠᠯ᠎ᠠ ᠢ᠋ᠢᠨ ᠲᠤᠯᠭᠠᠭᠤᠷᠢᠯᠠᠯ ᠬᠦᠷᠲᠡᠯ᠎ᠡ᠂ ᠱᠢᠨ᠎ᠡ ᠬᠣᠲᠠ ᠲᠣᠭᠣᠷᠢᠭᠤᠨ ᠬᠢᠨ ᠬᠣᠲᠠ ᠢ᠋ᠢᠨ ᠵᠠᠰᠠᠯᠲᠠ ᠢ᠋ᠢᠨ ᠬᠠᠯᠠᠭᠤᠨ ᠳᠤᠯᠠᠭᠠᠨ ᠳᠡᠪᠢᠰᠭᠡᠷ ᠥᠩᠭᠡ ᠢ᠋ᠢ ᠵᠢᠷᠤᠭ᠍ᠯᠠᠵᠤ ᠪᠠᠢᠨ᠎ᠠ᠃