ᠭᠠᠳᠠᠭᠠᠳᠤ ᠵᠢᠨ ᠤᠶᠤᠳᠠᠳ ᠤᠯᠠᠭᠠᠨᠬᠠᠳᠠ ᠳ᠋ᠤ ᠳᠤᠮᠳᠠᠳᠤ ᠤᠯᠤᠰ᠎ᠤᠨ ᠴᠠᠭᠠᠨ ᠰᠠᠷ᠎ᠠ ᠵᠢ ᠪᠡᠶᠡᠴᠢᠯᠡᠨ ᠤᠢᠯᠠᠭᠠᠪᠠ
2026-02-20 11:20:20
ᠵᠣᠬᠢᠶᠠᠭ᠍ᠴᠢ᠄
ᠸᠠᠩ ᠲᠠᠨ᠎ᠠ
ᠣᠩᠱᠢᠭ᠍ᠰᠠᠨ ᠣᠳᠠᠭ᠎ᠠ᠄
★★★☆☆

ᠴᠠᠭᠠᠨ ᠰᠠᠷ᠎ᠠ ᠪᠤᠯᠬᠤ ᠪᠡᠷ᠂ ᠤᠯᠠᠭᠠᠨᠬᠠᠳᠠ ᠳᠡᠭᠡᠳᠦ ᠰᠤᠷᠭᠠᠭᠤᠯᠢ᠎ᠶ᠋ᠢᠨ ᠣᠯᠠᠨ ᠤᠯᠤᠰ᠎ᠤᠨ ᠰᠤᠷᠭᠠᠨ ᠬᠥᠮᠦᠵᠢᠯ᠎ᠤᠨ ᠳᠡᠭᠡᠳᠦ ᠰᠤᠷᠭᠠᠭᠤᠯᠢ ᠴᠠᠭᠠᠨ ᠰᠠᠷ᠎ᠠ᠎ᠪᠠᠨ ᠤᠭ᠍ᠲᠤᠬᠤ ᠠᠵᠢᠯᠯᠠᠭ᠎ᠠ ᠡᠷᠬᠢᠯᠡᠪᠡ᠃ ᠫᠠᠺᠢᠰᠲ᠋ᠠᠨ᠂ ᠰᠸᠨ᠋ᠸᠭᠠᠯ᠂ ᠮᠤᠷᠤᠺᠺᠦ ᠵᠡᠷᠭᠡ 19 ᠤᠯᠤᠰ᠎ᠤ᠋ᠨ ᠵᠠᠭᠤ ᠰᠢᠬᠠᠮ ᠭᠠᠳᠠᠭᠠᠳᠤ᠎ᠵᠢᠨ ᠤᠶᠤᠳᠠᠳ ᠨᠢᠭᠡ ᠲᠠᠩᠬᠢᠮ᠎ᠳ᠋ᠤ ᠴᠤᠭ᠍ᠯᠠᠷᠠᠵᠤ᠂ ᠰᠤᠷᠭᠠᠭᠤᠯᠢ᠎ᠶᠢᠨ ᠪᠠᠭ᠍ᠱᠢ ᠰᠤᠷᠤᠭ᠍ᠴᠢᠳ᠎ᠤ᠋ᠨ ᠳᠠᠭᠠᠭᠤᠯᠭ᠎ᠠ ᠳᠤᠤᠷ᠎ᠠ᠂ ᠪᠤᠶᠠᠨ ᠦᠰᠦᠭ ᠪᠢᠴᠢᠨ᠂ ᠪᠠᠡᠭᠰᠢ ᠪᠠᠷᠢᠵᠤ᠂ ᠴᠤᠡᠭᠬᠤᠨ ᠬᠠᠢᠴᠢᠯᠠᠮᠠᠯ ᠬᠠᠢᠴᠢᠯᠠᠨ᠂ ᠬᠤᠸᠠᠷ ᠬᠠᠳᠬᠤᠵᠤ᠂ ᠴᠠᠭᠠᠨ ᠰᠠᠷ᠎ᠠ ᠵᠢᠨ ᠳᠤᠬᠠᠢ ᠶᠠᠷᠢᠯᠴᠠᠵᠤ᠂ ᠳᠤᠮᠳᠠᠳᠤ ᠤᠯᠤᠰ᠎ᠤᠨ ᠴᠠᠭᠠᠨ ᠰᠠᠷ᠎ᠠ ᠵᠢᠨ ᠵᠠᠩ ᠵᠠᠡᠭᠰᠢᠯ᠎ᠢ᠋ ᠪᠠᠶᠠᠳᠠᠨ ᠤᠢᠯᠠᠭᠠᠵᠤ᠂ ᠬᠠᠷᠢ ᠨᠤᠲᠤᠭ᠎ᠤ᠋ᠨ ᠰᠤᠷᠭᠠᠭᠤᠯᠢ᠎ᠶᠢᠨ ᠬᠦᠷᠢᠶᠡᠨ᠎ᠳ᠋ᠦ᠍ ᠤᠨᠳᠤᠤ ᠵᠦᠢᠯ ᠤ᠋ᠨ ᠬᠠᠮᠲᠤ᠎ᠶᠢᠨ ᠬᠠᠢᠷ᠎ᠠ ᠰᠡᠳᠭᠢᠯᠭᠡ᠎ᠶᠢ ᠬᠦᠷᠳᠡᠪᠡ᠃

ᠠᠵᠢᠯᠯᠠᠭ᠎ᠠ᠎ᠶ᠋ᠢᠨ ᠲᠤᠬᠠᠢ᠎ᠶ᠋ᠢᠨ ᠲᠠᠯᠠᠪᠠᠢ᠎ᠳᠤ᠂ ᠤᠯᠠᠭᠠᠨ ᠳ᠋ᠸᠡᠭ ᠦᠯᠵᠡᠢᠳᠤ ᠳ᠋ᠧᠩᠯᠦ᠍ ᠡᠯᠭᠦᠭ᠌ᠳᠡᠵᠦ᠍᠂ ᠴᠠᠭᠠᠨ ᠰᠠᠷ᠎ᠠ᠎ᠶ᠋ᠢᠨ ᠥᠳᠭᠡᠨ ᠵᠤᠵᠠᠭᠠᠨ ᠠᠭᠤᠷ ᠠᠮᠢᠰᠭᠤᠯ᠎ᠢᠶᠠᠷ ᠪᠢᠯᠬᠠᠨ᠎ᠠ᠃ ᠣᠷᠠᠨ ᠰᠠᠢ᠌ᠬᠠᠨ᠎ᠤ ᠦᠵᠡᠬᠦᠯᠬᠡ᠎ᠶ᠋ᠢᠨ ᠭᠤᠭᠴᠤᠭ᠎ᠠ᠎ᠳᠤ᠂ ᠢᠨᠳᠦᠨ᠋ᠸᠰᠢᠶ᠎ᠡ᠂ ᠭᠠᠨᠠ᠂ ᠫᠠᠺᠢᠰᠲ᠋ᠠᠨ᠎ᠤ᠎ᠤᠶᠤᠳᠠᠳ ᠬᠢᠳᠡᠳ ᠲᠠᠭᠤᠤ ᠲᠠᠭᠤᠯᠠᠨ᠂ ᠰᠢᠯᠦᠭ ᠤᠶᠠᠡᠭᠭᠠᠯᠠᠵᠤ᠂ ᠰᠢᠨ᠎ᠠ ᠵᠢᠯ ᠤ᠋ᠨ ᠵᠦᠡᠭᠨᠡᠯ ᠲᠡᠪᠰᠢᠬᠦᠯᠵᠡᠢ᠃ ᠪᠣᠳᠠᠰ᠎ᠤᠨ ᠪᠤᠰᠤ ᠰᠣᠶᠣᠯ᠎ᠤᠨ ᠥᠪ ᠢ᠋ ᠪᠡᠶᠡᠴᠢᠯᠡᠨ ᠣᠢᠯᠠᠭᠠᠬᠤ ᠭᠤᠭ᠍ᠴᠤᠭ᠎ᠠ᠎ᠳ᠋ᠤ᠂ ᠨᠠᠷᠠᠳᠤ ᠤᠷᠠᠯᠢᠭ᠍ᠴᠢᠨ ᠯᠢᠨ ᠯᠢᠨ ᠪᠠᠭ᠍ᠰᠢ ᠲᠤᠬᠠᠶ᠎ᠶ᠋ᠢᠨ ᠲᠠᠯᠠᠪᠤᠷ᠎ᠲᠤ ᠬᠦᠷᠴᠦ᠍᠂ ᠬᠤᠩᠱᠠᠨ ᠠᠭᠤᠷᠬᠠᠶ᠎ᠶ᠋ᠢᠨ ᠥᠩᠭᠡᠲᠦ ᠲᠠᠮᠦᠷᠯᠢᠭ ᠤ᠋ᠨ ᠤᠷᠠᠯᠢᠭ᠎ᠤᠨ ᠲᠡᠤᠬᠡ᠎ᠶ᠋ᠢᠨ ᠡᠬᠢ ᠰᠤᠷᠪᠤᠯᠵᠢ ᠪᠠ ᠰᠣᠶᠣᠯ᠎ᠤᠨ ᠠᠭᠤᠯᠬᠤᠨ᠎ᠢ ᠨᠠᠷᠢᠨ ᠨᠢᠮᠪᠠᠶ ᠲᠠᠢᠯᠪᠤᠷᠢᠯᠠᠵᠤ᠂ ᠤᠶᠤᠳᠠᠳ᠎ᠢ ᠬᠦᠳᠦᠯᠦᠨ ᠵᠢᠯᠤᠭᠤᠳᠴᠤ ᠬᠤᠩᠱᠠᠨ ᠬᠠᠳᠠᠨ ᠵᠢᠷᠤᠭ᠎ᠤᠨ ᠲᠠᠮᠠᠭ᠎ᠠ ᠵᠤᠬᠢᠶᠠᠪᠠ᠃ 《ᠡᠨᠡ ᠪᠣᠯ ᠮᠢᠨᠦ᠍ ᠥᠪᠡᠷ᠎ᠤᠨ ᠭᠠᠷ᠎ᠢᠶᠠᠷ᠎ᠢᠶᠠᠨ ᠵᠤᠬᠢᠶᠠᠭᠰᠠᠨ ᠲᠠᠮᠠᠭ᠎ᠠ ᠵᠢᠨ ᠪᠦᠲᠦᠭᠡᠯ ᠮᠥᠨ᠂ ᠪᠢ ᠳᠤᠮᠳᠠᠳᠤ ᠤᠯᠤᠰ᠎ᠤᠨ ᠰᠣᠶᠣᠯ᠎ᠳᠤ ᠮᠠᠰᠢ ᠰᠣᠨᠢᠷᠬᠠᠯ᠎ᠲᠠᠢ᠂ ᠬᠤᠢᠱᠢᠳᠠ ᠪᠢ ᠡᠢᠮᠦᠷᠬᠦᠦ ᠠᠵᠢᠯᠯᠠᠭ᠎ᠠ᠎ᠳᠤ ᠢᠳᠡᠪᠬᠢᠲᠡᠢ ᠣᠷᠣᠯᠴᠠᠵᠤ᠂ ᠳᠤᠮᠳᠠᠳᠤ ᠤᠯᠤᠰ᠎ᠤᠨ ᠰᠣᠶᠣᠯ᠎ᠢ ᠨᠡᠩ ᠭᠦᠨᠵᠡᠭᠡᠢ ᠣᠢᠯᠠᠭᠠᠨ᠎ᠠ》 ᠭᠡᠵᠦ᠍ ᠫᠠᠺᠢᠰᠲ᠋ᠠᠨ᠎ᠤ ᠤᠶᠤᠳᠠᠨ ᠪᠢᠯᠠᠷᠢ ᠥᠪᠡᠷ᠎ᠦᠨ ᠪᠦᠲᠦᠭᠡᠯ᠎ᠢᠶᠡᠨ ᠭᠠᠢᠬᠠᠭᠤᠯᠤᠨ ᠶᠠᠷᠢᠨ᠎ᠠ᠃

ᠳᠠᠷᠠᠭ᠎ᠠ᠎ᠨᠢ᠂ 《ᠪᠤᠶᠠᠨ》 ᠦᠰᠦᠭ ᠪᠢᠴᠢᠬᠦ᠂ ᠳ᠋ᠧᠩᠯᠦ᠍ ᠵᠤᠬᠢᠶᠠᠬᠤ᠂ ᠴᠤᠡᠭᠬᠤᠨ ᠬᠠᠢᠴᠢᠯᠠᠮᠠᠯ ᠬᠠᠢᠴᠢᠯᠠᠬᠤ᠂ ᠪᠠᠩᠰᠢ ᠪᠠᠷᠢᠬᠤ ᠵᠡᠷᠭᠡ ᠠᠵᠢᠯᠯᠠᠭ᠎ᠠ ᠵᠠᠯᠭᠠᠭ᠎ᠠ ᠳᠠᠷᠠᠭᠠᠯᠠᠨ ᠥᠷᠨᠢᠭᠦᠯᠵᠦ᠍᠂ ᠪᠠᠭ᠍ᠰᠢ ᠰᠤᠷᠤᠭᠴᠢᠳ ᠬᠠᠮᠵᠢᠯᠴᠠᠵᠤ᠂ ᠦᠢᠯᠡᠳᠦᠯᠭᠡ᠎ᠶ᠋ᠢᠨ ᠳᠤᠮᠳᠠ ᠴᠠᠭᠠᠨ ᠰᠠᠷ᠎ᠠ᠎ᠶ᠋ᠢᠨ ᠵᠠᠩ ᠵᠠᠡᠭᠰᠢᠯ᠎ᠢ ᠣᠢᠯᠠᠭᠠᠵᠤ᠂ ᠳᠤᠮᠳᠠᠳᠤ᠎ᠶ᠋ᠢᠨ ᠤᠯᠠᠮᠵᠢᠯᠠᠯᠲᠤ ᠰᠣᠶᠣᠯ᠎ᠤᠨ ᠷᠢᠳᠢ ᠱᠢᠳᠢ᠎ᠶ᠋ᠢ ᠮᠡᠳᠡᠷᠡᠪᠡ᠃

ᠤᠷᠠᠨ ᠪᠢᠴᠢᠯᠭᠡ᠎ᠶ᠋ᠢᠨ ᠱᠢᠷᠡᠭᠡᠨ᠎ᠤ ᠡᠮᠦᠨ᠎ᠡ᠂ ᠭᠠᠳᠠᠭᠠᠳᠤ ᠵᠢᠨ ᠤᠶᠤᠳᠠᠳ ᠪᠢᠷ ᠪᠠᠷᠢᠬᠤ᠂ ᠦᠰᠦᠭ ᠪᠢᠴᠢᠬᠦ ᠤᠷ᠎ᠠ ᠮᠡᠷᠭᠡᠵᠢᠯ᠎ᠢ ᠨᠠᠷᠢᠨ ᠬᠢᠨᠠᠮᠠᠭᠠᠶ ᠰᠣᠨᠣᠰᠴᠤ᠌᠂ ᠳᠠᠷᠠᠭ᠎ᠠ᠎ᠨᠢ ᠪᠢᠷ ᠪᠠᠷᠢᠵᠤ ᠪᠡᠭᠡ ᠵᠢᠭᠤᠷᠠᠵᠤ᠂ ᠪᠢᠷ ᠬᠦᠳᠡᠯᠬᠡᠨ 《ᠪᠤᠶᠠᠨ》 ᠥᠰᠥᠭ ᠪᠢᠴᠢᠵᠦ ᠡᠬᠢᠯᠡᠪᠡ; ᠴᠠᠭᠠᠰᠤᠨ ᠬᠠᠢᠴᠢᠯᠠᠮᠠᠯ ᠪᠠ ᠪᠤᠳᠠᠰ ᠤ᠋ᠨ ᠪᠤᠰᠤ ᠰᠤᠶᠤᠯ ᠤ᠋ᠨ ᠦᠪ ᠢ᠋ ᠪᠠᠶᠠᠳᠠᠨ ᠤᠢᠯᠠᠭᠠᠬᠤ ᠲᠣᠭᠤᠷᠢᠭ᠎ᠲᠤ᠂ ᠤᠶᠤᠳᠠᠳ ᠰᠡᠳᠭᠢᠯ ᠲᠠᠯᠪᠢᠨ ᠠᠩᠬᠠᠷᠤᠯ᠎ᠢᠶᠠᠨ ᠲᠥᠪᠯᠡᠷᠡᠭᠦᠯᠵᠦ᠍᠂ ᠨᠠᠷᠢᠨ ᠨᠢᠭ᠍ᠲᠠ ᠬᠠᠢᠴᠢᠯᠠᠵᠤ᠂ ᠪᠤᠳᠠᠰ ᠤ᠋ᠨ ᠪᠤᠰᠤ ᠰᠤᠶᠤᠯ ᠤ᠋ᠨ ᠦᠪ ᠢ᠋ ᠤᠢᠯᠠᠭᠠᠪᠠ; ᠪᠠᠩᠰᠢ ᠪᠠᠷᠢᠬᠤ ᠭᠤᠭ᠍ᠴᠤᠭ᠎ᠠ ᠳ᠋ᠤ᠂ ᠤᠶᠤᠳᠠᠳ ᠪᠠᠭ᠍ᠰᠢ᠎ᠪᠠᠨ ᠳᠠᠭᠠᠵᠤ ᠠᠯᠬᠤᠮ ᠠᠯᠬᠤᠮ᠎ᠢᠶᠠᠷ ᠰᠤᠷᠤᠯᠴᠠᠵᠤ᠂ ᠬᠡᠳᠦ᠋ᠢᠪᠡᠷ ᠪᠠᠷᠢᠭᠰᠠᠨ ᠪᠠᠩᠰᠢ ᠵᠢᠨ ᠬᠡᠯᠪᠡᠷᠢ᠎ᠨᠢ ᠠᠳᠠᠯᠢ ᠪᠤᠰᠤ ᠪᠣᠯᠪᠠᠴᠤ᠌ ᠪᠠᠩᠰᠢ ᠪᠤᠯᠭᠠᠨ ᠳ᠋ᠤ ᠠᠳᠠᠯᠢ ᠪᠤᠰᠤ ᠤᠳᠬ᠎ᠠ ᠠᠭᠤᠯᠭ᠎ᠠ ᠨᠢᠭᠤᠭᠳᠠᠨ᠂ ᠬᠤᠪᠢ ᠬᠤᠪᠢ᠎ᠵᠢᠨ ᠪᠠᠶᠠᠷ ᠪᠠᠭ᠍ᠠᠳᠤᠯ ᠵᠢᠡᠨ ᠪᠠᠭᠲᠠᠭᠠᠭᠰᠠᠨ ᠪᠠᠢᠨ᠎ᠠ᠃

《ᠮᠢᠨᠦ᠍ ᠪᠠᠷᠢᠭ᠍ᠰᠠᠨ ᠪᠠᠩᠰᠢ ᠬᠡᠳᠦᠢᠪᠡᠷ ᠬᠡᠯᠪᠡᠷᠢ ᠳᠦᠷᠰᠦ ᠨᠢ ᠮᠠᠭᠤᠬᠠᠢ ᠪᠤᠯᠪᠠᠴᠤ ᠪᠠᠡᠭᠰᠢ ᠪᠤᠯᠭᠠᠨ ᠳ᠋ᠤ ᠮᠢᠨᠦ᠍ ᠪᠠᠶᠠᠷ ᠪᠠᠬᠠᠳᠤᠯ ᠠᠭᠤᠰᠴᠤ ᠪᠠᠢᠨ᠎ᠠ᠃ ᠮᠠᠨ᠎ᠤ ᠨᠤᠲᠤᠭ᠎ᠲᠤ ᠱᠢᠨ᠎ᠡ ᠵᠢᠯ᠎ᠳᠦ ᠡᠢᠮᠦ᠍ ᠬᠥᠷ ᠨᠠᠷᠭᠢᠶᠠᠨ᠎ᠲᠠᠢ ᠠᠭᠤᠷ ᠠᠮᠢᠰᠭᠤᠯ ᠪᠠᠢᠬᠤ ᠦᠭᠡᠶ᠂ ᠪᠠᠩᠰᠢ ᠪᠠᠷᠢᠬᠤ᠂ ᠴᠠᠭᠠᠨ ᠰᠠᠷ᠎ᠠ᠎ᠶ᠋ᠢᠨ ᠬᠣᠣᠰ ᠤᠶᠠᠩᠭ᠎ᠠ ᠨᠠᠭᠠᠬᠤ ᠵᠠᠩ ᠳᠠᠳᠭᠠᠯ ᠴᠤ᠌ ᠪᠠᠢᠬᠤ ᠦᠭᠡᠶ》 ᠬᠡᠵᠤ ᠢᠨᠳᠦᠨ᠋ᠸᠰᠢᠶ᠎ᠡ᠎ᠵᠢᠨ ᠤᠶᠤᠲᠠᠨ ᠨᠦᠸᠧᠢ ᠪᠠᠶᠠᠷᠳᠠᠢ ᠬᠡᠯᠡᠨ᠎ᠠ᠃

ᠲᠣᠰ ᠤᠳᠠᠭᠠᠨ᠎ᠤ ᠴᠠᠭᠠᠨ ᠰᠠᠷ᠎ᠠ᠎ᠶ᠋ᠢ ᠤᠭ᠍ᠲᠤᠬᠤ ᠠᠵᠢᠯᠯᠠᠭ᠎ᠠ᠎ᠨᠢ ᠤᠯᠠᠭᠠᠨᠬᠠᠳᠠ ᠳᠡᠭᠡᠳᠦ ᠰᠤᠷᠭᠠᠭᠤᠯᠢ᠎ᠶ᠋ᠢᠨ ᠭᠠᠳᠠᠭᠠᠳᠤ ᠵᠢᠨ ᠤᠶᠤᠳᠠᠳ ᠲᠤ᠌ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ᠎ᠤᠨ ᠥᠪᠡᠷᠮᠢᠴᠡ ᠷᠢᠳᠢ ᠱᠢᠳᠢ᠎ᠶ᠋ᠢ ᠮᠡᠳᠡᠷᠡᠭᠦᠯᠦᠭ᠌ᠰᠡᠨ᠎ᠢᠶᠠᠷ ᠪᠠᠷᠠᠬᠤ ᠥᠬᠡᠶ ᠨᠠᠩ ᠴᠤ᠌ ᠴᠠᠭᠠᠨ ᠰᠠᠷ᠎ᠠ᠎ᠳᠤ ᠠᠭᠤᠯᠤᠭ᠍ᠳᠠᠵᠤ ᠪᠠᠢᠭ᠎ᠠ 《ᠬᠠᠮᠳᠤ ᠪᠠᠷ ᠨᠠᠢᠷᠯᠠᠯᠳᠤᠬᠤ》᠂ 《ᠪᠤᠶᠠᠨ ᠨᠡᠮᠡᠷᠢᠯᠡᠬᠦ》᠂ 《ᠱᠢᠨ᠎ᠡ᠎ᠶ᠋ᠢ ᠤᠭ᠍ᠲᠤᠬᠤ》ᠰᠣᠶᠣᠯ᠎ᠤᠨ ᠳᠣᠲᠣᠭᠠᠳᠤ ᠴᠥᠮ᠎ᠡ᠎ᠶ᠋ᠢ ᠭᠦᠨᠵᠡᠭᠡᠶ ᠣᠢᠯᠠᠭᠠᠭᠤᠯᠤᠭ᠍ᠰᠠᠨ ᠪᠠᠢᠨ᠎ᠠ᠃

《ᠪᠢᠳᠡ ᠡᠯ᠎ᠡ ᠲᠥᠷᠥᠯ᠎ᠤᠨ ᠰᠣᠶᠣᠯ ᠪᠡᠶ᠎ᠡ᠎ᠶ᠋ᠢᠨ ᠲᠠᠮᠢᠷ᠎ᠤᠨ ᠠᠵᠢᠯᠯᠠᠭ᠎ᠠ᠎ᠶ᠋ᠢ ᠨᠠᠷᠢᠨ ᠨᠢᠮᠪᠠᠶ ᠵᠣᠬᠢᠶᠠᠨ ᠪᠠᠢᠭᠤᠯᠬᠤ᠎ᠶ᠋ᠢᠨ ᠬᠠᠮᠲᠤ ᠭᠠᠳᠠᠭᠠᠳᠤ ᠵᠢᠨ ᠤᠶᠤᠳᠠᠳ ᠲᠤ᠌ ᠪᠠᠶᠠᠷ᠎ᠤᠨ ᠡᠳᠦᠷ᠎ᠤᠨ ᠠᠮᠢᠳᠤᠷᠠᠯ᠎ᠳᠤ ᠨᠠᠷᠢᠨ ᠨᠢᠭ᠍ᠲᠠ ᠡᠮᠬᠢ ᠵᠢᠷᠤᠮ᠎ᠲᠠᠢ ᠲᠣᠬᠢᠷᠠᠭᠤᠯᠤᠯᠲᠠ ᠬᠢᠵᠡᠶ᠂ ᠭᠠᠳᠠᠭᠠᠳᠤ ᠵᠢᠨ ᠤᠶᠤᠳᠠᠨ ᠨᠢᠭᠡ ᠪᠦᠷᠢ᠎ᠶ᠋ᠢ ᠴᠥᠮ ᠳᠤᠮᠳᠠᠳᠤ ᠤᠯᠤᠰ᠎ᠲᠤ ᠬᠠᠯᠠᠭᠤᠨ ᠳᠤᠯᠠᠭᠠᠨ᠂ ᠥᠯᠵᠡᠶ ᠪᠡᠯᠭᠡ᠎ᠲᠠᠢ᠂ ᠤᠳᠬ᠎ᠠ ᠠᠭᠤᠯᠭ᠎ᠠ᠎ᠲᠠᠢ ᠴᠠᠭᠠᠨ ᠰᠠᠷ᠎ᠠ᠎ᠶ᠋ᠢ ᠥᠩᠭᠡᠷᠡᠭᠦᠯᠬᠦ᠌᠎ᠶ᠋ᠢ ᠬᠦᠰᠡᠵᠦ᠍ ᠪᠠᠢᠨ᠎ᠠ》 ᠬᠡᠵᠤ ᠤᠯᠠᠭᠠᠨᠬᠠᠳᠠ ᠳᠡᠭᠡᠳᠦ ᠰᠤᠷᠭᠠᠭᠤᠯᠢ᠎ᠶ᠋ᠢᠨ ᠣᠯᠠᠨ ᠤᠯᠤᠰ᠎ᠤᠨ ᠰᠤᠷᠭᠠᠨ ᠬᠦᠮᠦᠵᠢᠯ᠎ᠦᠨ ᠳᠡᠭᠡᠳᠦ ᠰᠤᠷᠭᠠᠭᠤᠯᠢ᠎ᠶ᠋ᠢᠨ ᠨᠠᠮ᠎ᠤᠨ ᠶᠡᠷᠦᠩᠬᠡᠢ ᠡᠭᠦᠷ᠎ᠦᠨ ᠱᠦᠵᠢ ᠷᠸᠨ ᠵᠸᠨ ᠲᠤᠤ ᠢᠯᠡᠷᠬᠡᠢᠯᠡᠪᠡ᠃

ᠢᠷᠡᠭᠡᠳᠦᠢ᠎ᠳᠤ ᠤᠯᠠᠭᠠᠨᠬᠠᠳᠠ ᠳᠡᠭᠡᠳᠦ ᠰᠤᠷᠭᠠᠭᠤᠯᠢ ᠵᠢᠨ ᠬᠢᠨ ᠭᠠᠳᠠᠭᠠᠳᠤ ᠵᠢᠨ ᠤᠶᠤᠳᠠᠳ ᠲᠤ᠌ ᠤᠯᠤᠰ᠎ᠤᠨ ᠪᠠᠢᠳᠠᠯ᠎ᠤᠨ ᠬᠥᠮᠦᠵᠢᠯ᠎ᠢ ᠦᠷᠭᠦᠯᠵᠢᠯᠡᠨ ᠴᠢᠩᠭᠠᠳᠭᠠᠵᠤ᠂ 《ᠳᠤᠮᠳᠠᠳᠤ ᠤᠯᠤᠰ ᠲᠤ᠌ ᠰᠤᠷᠤᠯᠴᠠᠬᠤ — ᠥᠪᠥᠷ ᠮᠣᠩᠭᠤᠯ ᠢ᠋ ᠰᠤᠷᠤᠯᠴᠠᠬᠤ》 ᠲᠦᠷᠦᠯ ᠲᠡᠮᠳᠡᠭ᠎ᠢ ᠪᠥᠲᠥᠭᠡᠨ ᠪᠠᠢᠭᠤᠯᠵᠤ᠂ ᠰᠣᠶᠣᠯ᠎ᠤᠨ ᠰᠣᠯᠢᠯᠴᠠᠭᠠᠨ᠎ᠤ ᠲᠠᠪᠴᠠᠩ᠎ᠢ ᠪᠠᠢᠭᠤᠯᠵᠤ᠂ ᠳᠤᠮᠳᠠᠳᠤ ᠤᠯᠤᠰ ᠪᠣᠯᠤᠨ ᠭᠠᠳᠠᠭᠠᠳᠤ ᠵᠢᠨ ᠤᠶᠤᠳᠠᠳ ᠤ᠋ᠨ ᠡᠭᠡ ᠤᠯᠤᠰ᠎ᠤᠨ ᠬᠤᠭᠤᠷᠣᠨᠳᠣᠬᠢ ᠨᠥᠬᠦᠷᠯᠡᠯ᠎ᠤᠨ ᠬᠥᠭᠦᠷᠭᠡ᠎ᠶ᠋ᠢ ᠴᠤᠭᠴᠠᠯᠠᠵᠤ᠂ ᠪᠣᠯᠪᠠᠰᠤᠨ᠎ᠤ ᠬᠠᠷᠢᠯᠴᠠᠨ ᠲᠣᠯᠢᠯᠠᠬᠤ᠎ᠶ᠋ᠢ ᠠᠬᠢᠭᠤᠯᠵᠤ᠂ ᠬᠥᠮᠦᠨ ᠲᠥᠷᠥᠯᠬᠢᠲᠡᠨ᠎ᠤ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢᠨ ᠪᠠᠢᠭᠤᠯᠤᠯᠲᠠ᠎ᠳᠤ ᠬᠦᠴᠦᠨ ᠨᠡᠮᠡᠷᠢᠯᠡᠬᠦ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号