ᠣᠳᠣᠨ ᠬᠡᠢᠮᠣᠷᠢ • ᠮᠣᠷᠢᠲᠠᠢ ᠵᠢᠪᠬᠤᠭ᠎ᠠ • ᠤᠨᠠᠭᠠᠨ ᠦᠦᠷᠰᠡᠯ
2026-03-25 09:54:34
ᠵᠣᠬᠢᠶᠠᠭ᠍ᠴᠢ᠄
ᠳ᠋᠊·ᠪᠥᠬᠡᠪᠠᠭᠠᠲᠤᠷ
ᠣᠩᠱᠢᠭ᠍ᠰᠠᠨ ᠣᠳᠠᠭ᠎ᠠ᠄
★★★☆☆

ᠪᠡᠯᠭᠡ᠎ᠪᠠᠷ ᠢᠷᠡᠭ᠌ᠰᠡᠨ ᠪᠢᠯᠢᠭ᠎ᠤᠨ ᠬᠤᠷ᠎ᠠ᠎ᠲᠠᠢ 2026 ᠣᠨ᠎ᠤ ᠤᠯᠠᠭᠠᠨ ᠮᠣᠷᠢᠨ ᠵᠢᠯ᠎ᠤᠨ ᠴᠠᠭᠠᠨ ᠰᠠᠷ᠎ᠠ᠎ᠶ᠋ᠢᠨ ᠲᠧᠯᠸᠢᠰ ᠦᠳᠡᠱᠢᠯᠡᠭᠡ᠎ᠶ᠋ᠢ ᠰᠣᠨᠢᠷᠬᠠᠵᠤ ᠰᠠᠭᠤᠬᠤ᠎ᠳᠤ 《ᠣᠳᠣᠨ ᠭᠢᠯᠪᠠᠭᠠᠲᠣ ᠱᠢᠯᠣᠭᠤᠨ ᠬᠦᠪᠡᠭᠡᠲᠦ ᠴᠠᠭᠠᠨ ᠬᠤᠱᠢᠭᠤ》 ᠣᠨᠴᠠ ᠦᠵᠡᠮᠦᠷᠢ ᠎ᠲᠠᠢ  ᠰᠠᠨᠠᠭ᠍ᠳᠠᠯ᠎ᠠ᠃

《ᠳᠠᠭᠤᠤ ᠬᠤᠭᠤᠷ᠎ᠤᠨ ᠠᠶᠠᠯᠭᠤ᠎ᠨᠢ ᠡᠭᠡᠱᠢᠭ᠌ᠯᠡᠭᠡᠳ ᠯᠡ ᠪᠠᠢᠨ᠎ᠠ

ᠲᠤᠯᠭ᠎ᠠ᠎ᠶ᠋ᠢᠨ ᠤᠯᠠᠭᠠᠨ ᠭᠠᠯ᠎ᠨᠢ ᠳᠦᠷᠡᠯᠵᠡᠭᠡᠳ ᠯᠡ ᠪᠠᠢᠨ᠎ᠠ

ᠳᠤᠮᠳᠠᠷᠠᠰᠢ ᠦᠭᠡᠢ ᠪᠤᠶᠠᠨ᠎ᠨᠢ ᠴᠠᠯᠬᠢᠯᠠᠭᠠᠳ ᠯᠡ ᠪᠠᠢᠨ᠎ᠠ

ᠳᠠᠳᠠᠷᠠᠰᠢ ᠦᠭᠡᠢ ᠵᠢᠷᠭᠠᠯ᠎ᠨᠢ ᠣᠨᠳᠣᠷᠣᠭᠠᠳ ᠯᠡ ᠪᠠᠢᠨ᠎ᠠ》 ᠭᠡᠵᠦ᠍ 《ᠬᠡᠢᠮᠣᠷᠢ ᠬᠤᠷᠤᠢᠯᠠᠭ᠍ᠰᠠᠨ ᠴᠠᠭᠠᠨ ᠰᠠᠷ᠎ᠠ》 ᠬᠡᠮᠡᠬᠦ᠌ ᠡᠬᠢᠯᠡᠯᠲᠡ᠎ᠶ᠋ᠢᠨ ᠳᠠᠭᠤᠤ᠎ᠪᠠᠷ ᠰᠠᠷ᠎ᠠ ᠱᠢᠨ᠎ᠡ᠎ᠶ᠋ᠢᠨ ᠰᠠᠮᠪᠠᠢ ᠬᠠᠳᠠᠭ᠎ᠢ ᠨᠠᠮᠢᠷᠠᠭᠤᠯᠣᠩᠬᠠᠨ᠂ ᠱᠢᠯᠤᠨ ᠪᠣᠯᠣᠷ ᠰᠠᠷᠬᠤᠳ᠎ᠤᠨ ᠳᠡᠭᠡᠵᠢ᠎ᠪᠠᠨ ᠡᠷᠬᠦᠩᠭᠡᠨ ᠣᠨ᠎ᠤ ᠬᠦᠷᠳᠦ᠍᠎ᠶ᠋ᠢᠨ ᠣᠷᠴᠢᠯ᠎ᠳᠤ ᠤᠶᠠᠩᠭ᠎ᠠ ᠡᠷᠬᠦᠨ ᠡᠬᠢᠯᠡᠵᠦ᠍ ᠪᠠᠢᠨ᠎ᠠ᠃ ᠡᠨᠡ ᠡᠬᠢᠯᠡᠯᠲᠡ᠎ᠠᠴᠠ ᠦᠳᠡᠱᠢᠯᠡᠭᠡ᠎ᠶ᠋ᠢᠨ ᠤᠳᠤᠷᠢᠳᠤᠭᠠᠴᠢ ᠨᠠᠷ᠎ᠤᠨ 《ᠥᠨᠳᠥᠷ ᠵᠣᠭ᠍ᠰᠣᠴᠠ᠎ᠠᠴᠠ ᠳᠦᠰᠦᠪᠯᠡᠵᠦ᠍᠂ ᠥᠨᠳᠥᠷ ᠪᠠᠷᠢᠮᠵᠢᠶ᠎ᠠ᠎ᠪᠠᠷ ᠠᠬᠢᠭᠤᠯᠬᠤ》 ᠭᠡᠰᠡᠨ ᠵᠣᠷᠢᠭ ᠰᠠᠨᠠᠭᠠᠨ᠎ᠤ ᠠᠢᠵᠠᠮ ᠰᠣᠨᠣᠷᠳᠠᠵᠤ ᠪᠤᠢ᠃ ᠳᠦᠮᠡᠨ ᠠᠯᠬᠤᠮ᠎ᠤᠨ ᠳᠦᠷᠦᠬᠦᠦ ᠠᠯᠬᠤᠮ ᠬᠡᠴᠡᠬᠦᠦ᠂ ᠳᠠᠭᠤᠤ ᠪᠥᠵᠢᠭ᠎ᠤᠨ ᠦᠳᠡᠱᠢᠯᠡᠭᠡ᠎ᠶ᠋ᠢᠨ ᠡᠬᠢᠯᠡᠯᠲᠡ᠎ᠶ᠋ᠢᠨ ᠬᠥᠱᠢᠭᠡ ᠭᠡᠳᠡᠭ ᠬᠡᠴᠡᠬᠦᠦ᠂ ᠦᠵᠡᠭ᠌ᠴᠢ᠎ᠶ᠋ᠢᠨ ᠠᠩᠬᠠᠷᠤᠯ᠎ᠢ ᠰᠣᠷᠢᠨᠵᠢᠯᠡᠨ ᠳᠠᠳᠠᠬᠤ᠎ᠨᠢ ᠡᠬᠢᠯᠡᠯᠲᠡ᠎ᠳᠤ ᠪᠠᠢᠭ᠎ᠠ ᠶᠤᠮ᠃ ᠡᠨᠡ ᠡᠬᠢᠯᠡᠯᠲᠡ ᠰᠠᠢᠬᠠᠨ ᠪᠣᠯᠵᠠᠢ᠃ ᠰᠠᠢᠬᠠᠨ᠎ᠨᠢ ᠳᠠᠭᠤᠣ ᠪᠦᠵᠢᠭ ᠬᠤᠣᠰᠯᠠᠭ᠍ᠰᠠᠨ᠂ ᠰᠠᠢᠬᠠᠨ᠎ᠨᠢ ᠭᠠᠳᠠᠷ ᠦᠵᠡᠮᠵᠢ ᠳᠣᠳᠣᠷ ᠦᠵᠡᠭ᠌ᠳᠡᠯ ᠬᠠᠪᠰᠣᠷᠣᠭ᠍ᠰᠠᠨ᠂ ᠰᠠᠢᠬᠠᠨ᠎ᠨᠢ ᠬᠦᠷ ᠨᠠᠷᠬᠢᠶᠠᠨ ᠪᠠ ᠬᠦᠭ ᠠᠢᠵᠠᠮ ᠣᠶᠠᠯᠳᠣᠭ᠍ᠰᠠᠨ᠂ ᠰᠠᠢᠬᠠᠨ᠎ᠨᠢ ᠦᠪᠡᠷᠮᠢᠴᠡ ᠰᠣᠳᠣᠨ ᠨᠣᠲᠤᠭ᠎ᠤᠨ ᠡᠭᠡᠱᠢᠭ᠌ᠯᠡᠭ ᠴᠣᠣᠷᠢᠶᠠᠳᠣᠭ᠍ᠰᠠᠨ᠎ᠳᠤ ᠪᠠᠢᠨ᠎ᠠ᠃ ᠳᠠᠷᠠᠭᠠᠯᠠᠪᠠᠯ᠂ 《ᠣᠳᠣᠨ ᠭᠢᠯᠪᠠᠭᠠᠲᠣ ᠱᠢᠯᠣᠭᠤᠨ ᠬᠦᠪᠡᠭᠡᠲᠦ ᠴᠠᠭᠠᠨ ᠬᠤᠱᠢᠭᠤ》 ᠦᠳᠡᠱᠢᠯᠡᠭᠡ ᠵᠢ ᠰᠤᠨᠢᠷᠬᠠᠬᠰᠠᠨ ᠲᠤᠬᠠᠢ ᠦᠵᠡᠯ ᠪᠤᠳᠤᠯ ᠵᠢᠡᠨ ᠬᠤᠪᠢᠶᠠᠯᠴᠠᠶ᠎ᠠ᠃


ᠨᠢᠭᠡ᠂ ᠣᠳᠣᠨ ᠬᠡᠢᠮᠣᠷᠢ

ᠲᠣᠰ ᠦᠳᠡᠱᠢᠯᠡᠭᠡ᠎ᠶ᠋ᠢᠨ ᠭᠤᠣᠯ ᠰᠡᠳᠦᠪ᠎ᠢ 《ᠣᠳᠣᠨ ᠭᠢᠯᠪᠠᠭᠠᠲᠤ》 ᠭᠡᠵᠦ᠍ ᠠᠪᠤᠭ᠍ᠰᠠᠨ᠎ᠨᠢ ᠴᠠᠭᠠᠨ᠎ᠠ᠎ᠪᠠᠨ ᠭᠦᠨ ᠳᠠᠪᠬᠤᠷᠭ᠎ᠠ᠎ᠶ᠋ᠢᠨ ᠰᠣᠶᠣᠯ᠎ᠤᠨ ᠲᠠᠯᠠᠰ ᠨᠢᠭᠤᠭ᠍ᠳᠠᠵᠤ ᠪᠠᠢᠭ᠎ᠠ ᠶᠤᠮ᠃ ᠳᠡᠯᠡᠬᠡᠢ᠎ᠶ᠋ᠢᠨ ᠴᠠᠷ᠎ᠠ᠎ᠳᠤ ᠠᠯᠳᠠᠷ᠎ᠢᠶᠠᠨ ᠮᠥᠩᠬᠡᠯᠡᠭ᠌ᠰᠡᠨ ᠣᠳᠣᠨ ᠣᠷᠣᠨ᠎ᠤ ᠰᠣᠳᠣᠯᠭᠠᠳᠠᠨ ᠮᠢᠩᠭᠠᠨᠲᠣ ᠪᠣᠯ ᠡᠨᠡ ᠨᠤᠲᠤᠭ᠎ᠤᠨ ᠬᠥᠮᠥᠨ ᠶᠤᠮ᠃ ᠱᠢᠯᠤᠭᠤᠨ ᠬᠥᠪᠡᠭᠡᠲᠦ ᠴᠠᠭᠠᠨ ᠬᠤᠱᠢᠭᠤᠨ᠎ᠤ ᠲᠥᠪ ᠮᠢᠩᠭᠠᠨᠲᠣ ᠪᠠᠯᠭᠠᠰᠤ᠎ᠶ᠋ᠢᠨ ᠨᠡᠷ᠎ᠡ ᠪᠣᠯ ᠳᠠᠷᠤᠢ ᠡᠨᠡ ᠦᠯᠡᠮᠵᠢ ᠪᠢᠯᠢᠭ᠌ᠲᠦ ᠡᠷᠳᠡᠮᠳᠡᠨ᠎ᠢ ᠳᠤᠷᠠᠰᠭᠠᠵᠤ ᠨᠡᠷᠡᠯᠡᠭ᠌ᠰᠡᠨ ᠪᠠᠢᠭ᠎ᠠ ᠶᠤᠮ ᠃ ᠣᠭ᠍ᠳᠠᠷᠭᠤᠢ᠎ᠳᠤ ᠬᠢᠯᠠᠯᠵᠠᠬᠤ ᠨᠢᠭᠡ ᠣᠳᠣᠨ᠎ᠤ ᠨᠡᠷ᠎ᠡ᠎ᠶ᠋ᠢ ᠪᠠᠰᠠ 《ᠮᠢᠩᠭᠠᠲᠤ ᠣᠳᠣᠨ》 ᠭᠡᠳᠡᠭ᠃ ᠳᠠᠬᠢᠭᠠᠳ ᠬᠡᠯᠡᠪᠡᠯ ᠱᠢᠯᠤᠭᠤᠨ ᠬᠥᠪᠡᠭᠡᠲᠦ ᠴᠠᠭᠠᠨ ᠬᠤᠱᠢᠭᠤᠨ᠎ᠤ ᠪᠠᠢᠭᠠᠯᠢᠯᠢᠭ ᠪᠠᠢᠷᠢᠱᠢᠯ᠎ᠨᠢ ᠤᠮᠠᠷᠠᠲᠤ ᠥᠷᠭᠡᠷᠢᠭ᠎ᠤᠨ42 ᠭᠷᠠᠳᠦ᠋ᠰ᠎ᠲᠤ ᠣᠷᠣᠱᠢᠵᠦ᠍ ᠵᠣᠨ ᠨᠠᠮᠤᠷ᠎ᠤᠨ ᠤᠯᠠᠷᠢᠯ ᠣᠭ᠍ᠳᠠᠷᠭᠤᠢ᠎ᠶ᠋ᠢᠨ ᠣᠳᠣᠳ᠎ᠢ ᠠᠵᠢᠭ᠍ᠯᠠᠬᠤ᠎ᠳᠤ ᠠᠱᠢᠭ᠍ᠳᠠᠢ ᠨᠥᠬᠦᠴᠡᠯ ᠪᠣᠯᠣᠭ᠍ᠰᠠᠨ ᠮᠦᠷᠳᠡᠭᠡᠨ ᠱᠢᠯᠤᠭᠤᠨ ᠬᠥᠪᠡᠭᠡᠲᠦ ᠴᠠᠭᠠᠨ ᠬᠤᠱᠢᠭᠤᠨ᠎ᠤ ᠴᠡᠪᠡᠷ ᠠᠭᠠᠷ ᠲᠤᠩᠭᠠᠯᠠᠭ ᠣᠭ᠍ᠳᠠᠷᠭᠤᠢ᠎ᠨᠢ ᠣᠳᠣ ᠠᠵᠢᠭ᠍ᠯᠠᠬᠤ ᠬᠠᠩᠭᠠᠯᠳᠠᠳᠠᠢ ᠨᠥᠬᠦᠴᠡᠯ ᠪᠣᠯᠣᠭ᠍ᠰᠠᠨ ᠲᠤᠯᠠ ᠠᠳᠡ ᠣᠳᠣᠨ ᠣᠷᠣᠨ᠎ᠤ ᠰᠡᠲ᠋ᠠᠨᠽᠢ ᠪᠠᠢᠭᠤᠯᠤᠭ᠍ᠳᠠᠵᠤ᠂ ᠵᠠᠯᠠᠭᠤᠴᠤᠳ ᠪᠠᠭᠠᠴᠤᠳ᠎ᠤᠨ ᠱᠢᠨᠵᠢᠯᠡᠬᠦ᠌ ᠤᠬᠠᠭᠠᠨ᠎ᠳᠤ ᠪᠠᠭ᠍ᠠᠳᠠᠢ ᠪᠣᠯᠵᠤ᠂ ᠱᠢᠨᠵᠢᠯᠡᠬᠦ᠌ ᠤᠬᠠᠭᠠᠨ᠎ᠢ ᠬᠠᠢᠷᠠᠯᠠᠬᠤ ᠬᠥᠮᠥᠵᠢᠯ᠎ᠤᠨ ᠰᠠᠭᠤᠷᠢᠨ ᠭᠠᠵᠠᠷ ᠪᠣᠯᠣᠭ᠍ᠰᠠᠨ ᠪᠠᠢᠨ᠎ᠠ᠃ ᠡᠢᠮᠦ᠍᠎ᠠᠴᠠ ᠡᠨᠡ ᠰᠣᠶᠣᠯ ᠪᠣᠯᠣᠨ ᠱᠢᠨᠵᠢᠯᠡᠬᠦ᠌ ᠤᠬᠠᠭᠠᠨ᠎ᠤ ᠭᠤᠣᠯ ᠰᠡᠳᠦᠪ᠎ᠢ ᠳᠣᠪᠣᠢᠯᠭᠠᠵᠤ ᠦᠳᠡᠱᠢᠯᠡᠭᠡ᠎ᠳᠤ ᠡᠮᠡᠭ᠌ᠳᠡᠢ᠎ᠶ᠋ᠢᠨ ᠭᠤᠷᠪᠠᠯᠠᠯ ᠳᠠᠭᠤᠤ《ᠮᠢᠩᠭᠠᠲᠤ᠎ᠶ᠋ᠢᠨ ᠨᠤᠲᠤᠭ》 (ᠠᠷᠢᠭᠤᠨᠪᠢᠯᠢᠢᠠ᠋᠂ ᠠᠯᠲᠠᠨᠰᠤᠪᠤᠳ᠂ ᠵᠤᠯᠠ ᠨᠠᠷ ᠳᠠᠭᠤᠯᠠᠪᠠ)᠂ ᠬᠡᠦᠬᠡᠳ᠎ᠤᠨ ᠨᠠᠢᠷᠠᠯ ᠳᠠᠭᠤᠤ 《ᠣᠳᠣᠨ ᠵᠡᠭᠦᠳᠦ》 (ᠱᠢᠯᠤᠭᠤᠨ ᠬᠥᠪᠡᠭᠡᠲᠦ ᠴᠠᠭᠠᠨ ᠬᠤᠱᠢᠭᠤᠨ᠎ᠤ ᠬᠤᠶᠠᠳᠤᠭᠠᠷ ᠪᠠᠭ᠎ᠠ ᠰᠤᠷᠭᠠᠭᠤᠯᠢ᠎ᠶ᠋ᠢᠨ ᠰᠣᠷᠣᠭ᠍ᠴᠢᠳ ᠳᠠᠭᠤᠯᠠᠪᠠ)᠂ ᠭᠤᠴᠣᠯᠠᠯ ᠳᠠᠭᠤᠤ 《ᠣᠳᠣᠨ ᠭᠢᠯᠪᠠᠭᠠᠲᠤ ᠨᠤᠲᠤᠭ》 (ᠪᠠᠳᠦᠰᠦ᠋ᠬᠡ ᠳᠠᠭᠤᠯᠠᠪᠠ)᠂ ᠳᠠᠭᠤᠤ ᠪᠥᠵᠢᠭ 《ᠲᠡᠭ᠌ᠷᠢ᠎ᠶ᠋ᠢᠨ ᠮᠡᠯᠮᠡᠢ》 (ᠪᠤᠶᠠᠨᠪᠠᠲᠤ᠌᠂ ᠤᠷᠢᠬᠠᠨ᠂ ᠰᠣᠷᠭᠤᠭ᠍ᠨᠠᠬᠢᠶ᠎ᠠ ᠲᠣᠭ᠍ᠯᠠᠪᠠ) ᠵᠡᠷᠭᠡ ᠪᠦᠳᠦᠭᠡᠯ ᠭᠤᠣᠯ ᠠᠢᠵᠠᠮ᠎ᠢ ᠬᠥᠭ᠌ᠵᠢᠮᠳᠡᠨ ᠳᠣᠭ᠍ᠯᠠᠭ᠍ᠳᠠᠭ᠍ᠰᠠᠨ ᠪᠠᠢᠨ᠎ᠠ᠃ ᠲᠣ·ᠰᠡᠴᠡᠨᠪᠠᠶᠠᠷ᠎ᠤᠨ ᠦᠭᠡ᠂ ᠣᠷᠬᠢᠯ᠎ᠤᠨ ᠠᠶᠠᠯᠭᠤ ᠪᠦᠬᠦᠢ 《ᠮᠢᠩᠭᠠᠲᠤ᠎ᠶ᠋ᠢᠨ ᠨᠤᠲᠤᠭ》 ᠳᠠᠭᠤᠤ᠎ᠳᠤ᠄

《ᠥᠨᠳᠥᠷ ᠠᠭᠤᠯᠠ᠎ᠨᠢ ᠴᠡᠩᠬᠡᠷᠯᠡᠨ ᠬᠠᠨᠠᠢᠭᠠᠳ

ᠥᠷᠭᠡᠨ ᠲᠠᠯ᠎ᠠ᠎ᠨᠢ ᠴᠡᠯᠡᠭᠡᠷᠯᠡᠨ ᠨᠠᠯᠠᠢᠭ᠍ᠰᠠᠨ

ᠠᠭᠤᠳᠠᠮ ᠱᠢᠯᠢ᠎ᠨᠢ ᠰᠥᠷᠦᠭ᠎ᠢᠶᠠᠷ ᠪᠢᠯᠬᠠᠭᠠᠳ

ᠤᠰᠤ ᠪᠤᠯᠠᠭ᠎ᠨᠢ ᠤᠬᠠᠭᠠᠨ᠎ᠢᠶᠠᠷ ᠷᠠᠱᠢᠶᠠᠯᠠᠭ᠍ᠰᠠᠨ

ᠱᠢᠨᠵᠢᠯᠡᠬᠦ᠌ ᠤᠬᠠᠭᠠᠨᠳᠠᠨ ᠮᠢᠩᠭᠠᠨᠲᠣ᠎ᠶ᠋ᠢᠨ ᠨᠤᠲᠤᠭ

ᠱᠢᠯᠤᠭᠤᠨ ᠬᠥᠪᠡᠭᠡᠲᠦ ᠴᠠᠭᠠᠨ ᠬᠤᠱᠢᠭᠤ ᠮᠢᠨᠢ》 ᠭᠡᠵᠦ᠍ ᠳᠠᠭᠤᠯᠠᠭ᠍ᠳᠠᠨ ᠪᠠᠢᠨ᠎ᠠ᠃ ᠠᠳᠡ᠎ᠠᠴᠠ ᠴᠠᠬᠠᠷ ᠨᠤᠲᠤᠭ᠎ᠤᠨ ᠥᠩ ᠥᠳᠭᠡᠨ ᠰᠣᠶᠣᠯ᠎ᠢ ᠠᠮᠳᠠᠷᠬᠠᠨ ᠥᠷᠭᠡᠨ ᠲᠠᠯ᠎ᠠ᠂ ᠥᠨᠳᠥᠷ ᠠᠭᠤᠯᠠ᠂ ᠠᠭᠤᠳᠠᠮ ᠱᠢᠯᠢ᠂ ᠤᠰᠤ ᠪᠤᠯᠠᠭ᠎ᠤᠨ ᠰᠠᠢᠬᠠᠨ᠎ᠳᠤ ᠪᠠᠭ᠍ᠠᠲᠣᠨ ᠲᠣᠨᠢᠷᠬᠠᠬᠤ᠎ᠶ᠋ᠢᠨ ᠵᠠᠢ᠎ᠳᠤ ᠠᠭᠤᠳᠠᠮ ᠣᠭ᠍ᠳᠠᠷᠭᠤᠢ᠎ᠳᠤ ᠬᠢᠯᠠᠯᠵᠠᠬᠤ ᠮᠢᠩᠭᠠᠨᠲᠣ ᠣᠳᠣᠨ᠎ᠢ ᠣᠯᠵᠤ ᠬᠠᠷᠠᠬᠤ᠎ᠪᠠᠷ ᠬᠠᠷᠠᠭ᠎ᠠ ᠪᠡᠯᠴᠢᠭᠡᠬᠦ᠌᠎ᠳᠤ ᠳᠡᠭ᠌ᠷᠢ ᠭᠠᠵᠠᠷ᠎ᠤᠨ ᠬᠤᠭᠤᠷᠣᠨᠳᠤᠬᠢ ᠠᠭᠤᠳᠠᠮ ᠵᠠᠢ᠎ᠳᠤ ᠬᠥᠮᠥᠰ᠎ᠤᠨ ᠬᠦᠰᠡᠯ ᠮᠥᠷᠥᠭᠡᠳᠦᠯ ᠲᠤᠶᠠᠭᠠᠷᠠᠵᠤ ᠬᠥᠷᠥᠨ᠎ᠡ᠃


d210ef01-7ec8-4b5d-a6d7-2d5ac3b92545.png


ᠮᠣᠷᠢᠨ ᠬᠤᠭᠤᠷ ᠬᠤᠪᠢᠰ᠎ᠤᠨ ᠨᠠᠢᠷᠠᠯ ᠬᠥᠭ᠌ᠵᠢᠮ 《ᠬᠤᠨᠢ ᠬᠠᠢᠴᠢᠯᠠᠬᠤ ᠳᠠᠭᠤᠤ》 ᠵᠢ ᠲᠤᠬᠯᠠᠨ ᠦᠵᠡᠬᠦᠯᠤᠨ᠎ᠠ


《ᠣᠳᠣᠨ ᠭᠢᠯᠪᠠᠭᠠᠲᠣ》 ᠦᠳᠡᠱᠢᠯᠡᠭᠡ᠎ᠨᠢ ᠵᠦᠪᠬᠡᠨ ᠱᠢᠯᠣᠭᠤᠨ ᠬᠦᠪᠡᠭᠡᠲᠦ ᠴᠠᠭᠠᠨ ᠬᠤᠱᠢᠭᠤ᠎ᠪᠠᠨ ᠯᠡ ᠮᠠᠭ᠍ᠳᠠᠨ ᠳᠠᠭᠤᠯᠣᠭ᠍ᠰᠠᠨ ᠪᠢᠰᠢ ᠬᠠᠷᠢᠨ ᠪᠦᠯᠬᠦᠮᠳᠡᠯ ᠨᠢᠭ᠍ᠲᠠᠷᠠᠯ᠎ᠤᠨ ᠦᠨᠳᠦᠷ ᠵᠣᠭ᠍ᠰᠣᠴᠠ᠂ ᠬᠠᠮᠳᠣ᠎ᠶ᠋ᠢᠨ ᠴᠣᠭ᠍ᠴᠠ᠎ᠶ᠋ᠢᠨ ᠬᠠᠯᠠᠭᠤᠨ ᠣᠬᠠᠮᠰᠠᠷ᠎ᠠᠴᠠ ᠡᠭᠦᠰᠴᠦ᠍ ᠬᠦᠳᠦᠯᠦᠭ᠌ᠴᠢ᠎ᠠᠴᠠ ᠡᠬᠢᠯᠡᠨ ᠬᠤᠣᠰ ᠬᠡᠯᠡ᠎ᠪᠠᠷ ᠬᠦᠳᠦᠯᠵᠦ᠍᠂ ᠡᠬᠡ ᠤᠯᠤᠰ᠎ᠤᠨ ᠦᠷᠨᠢᠨ ᠬᠦᠭ᠌ᠵᠢᠬᠦ᠌᠎ᠶ᠋ᠢ ᠪᠡᠯᠭᠡᠳᠡᠵᠦ᠍ ᠦᠭᠡᠳᠡ᠎ᠲᠠᠢ ᠵᠢᠯ᠎ᠤᠨ ᠦᠩᠭᠡ᠎ᠲᠠᠢ ᠦᠳᠡᠱᠢᠯᠡᠭᠡ ᠪᠣᠯᠣᠭ᠍ᠰᠠᠨ᠎ᠢ ᠳᠣᠷᠠᠳᠬᠤ ᠶᠣᠰᠣᠳᠠᠢ᠂ ᠵᠢᠱ᠌ᠢᠶᠡᠯᠡᠪᠡᠯ ᠦᠳᠡᠱᠢᠯᠡᠭᠡ ᠦᠨᠳᠦᠷᠯᠡᠬᠦ᠌᠎ᠳᠤ ᠨᠠᠢᠷᠠᠯ ᠳᠠᠭᠤᠤ 《ᠡᠬᠡ ᠤᠯᠤᠰ᠎ᠢᠶᠠᠨ ᠮᠠᠭ᠍ᠲᠠᠨ ᠳᠠᠭᠤᠯᠠᠶ᠎ᠠ》 (ᠪᠥᠬᠦ᠌ ᠲᠣᠭ᠍ᠯᠠᠭ᠍ᠴᠢᠳ ᠬᠠᠮᠳᠣᠪᠡᠷ ᠲᠣᠭ᠍ᠯᠠᠪᠠ) ᠭᠡᠬᠦ᠌ ᠳᠠᠭᠤᠣ ᠡᠷᠬᠦᠭ᠌ᠰᠡᠨ᠎ᠨᠢ ᠦᠳᠡᠱᠢᠯᠡᠭᠡ᠎ᠶ᠋ᠢᠨ ᠠᠭᠤᠷ ᠠᠮᠢᠰᠭᠤᠯ᠎ᠢ ᠳᠡᠷᠡᠭᠡᠨ ᠵᠠᠭᠤᠷ᠎ᠠ ᠦᠨᠳᠦᠷ ᠲᠦᠪᠱᠢᠨ᠎ᠳᠤ ᠵᠢᠷᠣᠭ᠍ᠯᠠᠨ ᠬᠦᠷᠭᠡᠵᠦ᠍ ᠲᠦᠷᠦ᠍ ᠳᠦᠪᠱᠢᠨ ᠲᠦᠮᠡᠨ ᠠᠮᠣᠭᠤᠯᠠᠩ ᠪᠠᠢᠬᠤ ᠣᠨ᠎ᠤ ᠵᠦᠩᠨᠡᠯ ᠣᠳᠣᠨ ᠲᠧᠯᠸᠢᠰ᠎ᠢᠶᠠᠷ ᠳᠠᠮᠵᠢᠨ ᠡᠬᠡ ᠤᠯᠤᠰ᠎ᠤᠨ ᠦᠨᠴᠦᠭ ᠪᠣᠯᠣᠩ ᠬᠦᠷᠲᠡᠯ᠎ᠡ ᠰᠠᠴᠣᠭ᠍ᠳᠠᠭ᠍ᠰᠠᠨ ᠬᠡᠳᠡᠭ ᠨᠢ ᠯᠠᠪᠳᠠᠢ᠃

ᠬᠤᠶᠠᠷ᠂ ᠮᠣᠷᠢᠲᠠᠢ ᠵᠢᠪᠬᠤᠭ᠎ᠠ

ᠮᠣᠷᠢᠨ ᠵᠢᠯ ᠮᠣᠷᠢ᠎ᠪᠠᠨ ᠳᠠᠭᠤᠯᠠᠬᠤ ᠦᠭᠡᠢ ᠶᠠᠭᠠᠬᠢᠬᠤ ᠪᠣᠢ᠂ ᠢᠯᠠᠩᠭᠤᠶ᠎ᠠ ᠥᠨᠥ᠍ ᠵᠢᠯ ᠪᠣᠯ 《ᠰᠦᠷ᠎ᠢᠶᠠᠷ ᠳᠠᠷᠤᠭ᠍ᠴᠢ》 ᠬᠡᠮᠡᠬᠦ᠌ ᠭᠠᠯ ᠮᠣᠷᠢᠨ ᠵᠢᠯ᠂ ᠵᠢᠯ᠎ᠤᠨ ᠥᠩᠭᠡ᠂ ᠱᠢᠯᠢ᠎ᠶ᠋ᠢᠨ ᠥᠩ᠎ᠲᠠᠢ᠎ᠪᠠᠨ ᠬᠤᠣᠰᠯᠠᠨ ᠱᠢᠨ᠎ᠡ᠎ᠶ᠋ᠢᠨ ᠨᠠᠢᠷᠠᠯ ᠪᠣᠯᠵᠤ ᠳᠠᠭᠤᠯᠠᠭ᠍ᠳᠠᠬᠤ᠎ᠨᠢ ᠵᠦᠢᠳᠡᠢ᠂ ᠮᠣᠷᠢ ᠪᠣᠯ ᠡᠷᠴᠢ ᠶᠤᠮ᠃ ᠮᠣᠷᠢ ᠪᠣᠯ ᠵᠢᠪᠬᠤᠭ᠎ᠠ ᠶᠤᠮ᠃ ᠮᠣᠷᠢ ᠪᠣᠯ ᠰᠦᠯᠳᠡ ᠶᠤᠮ᠃ ᠮᠣᠷᠢ ᠪᠣᠯ ᠵᠣᠷᠢᠭ ᠰᠠᠨᠠᠭ᠎ᠠ ᠶᠤᠮ᠃《ᠮᠣᠩᠭᠤᠯ ᠮᠣᠷᠢᠨ᠎ᠤ ᠵᠣᠷᠢᠭ ᠰᠠᠨᠠᠭ᠎ᠠ》 ᠭᠡᠳᠡᠭ ᠮᠣᠬᠤᠰᠢ ᠦᠭᠡᠢ ᠳᠠᠢᠴᠢᠨ᠂ ᠮᠢᠲᠠᠷᠠᠰᠢ ᠦᠭᠡᠢ ᠬᠠᠳᠠᠨ ᠪᠠᠢᠳᠠᠭ᠎ᠢᠶᠠᠷ᠎ᠢᠶᠠᠨ ᠠᠯᠳᠠᠷᠱᠢᠪᠠ᠃ ᠴᠠᠬᠠᠷ ᠨᠤᠲᠤᠭ᠎ᠤᠨ ᠴᠠᠰᠦ ᠬᠦᠦᠷᠭᠡ ᠭᠢᠰᠭᠢᠯᠡᠵᠦ᠍ ᠮᠣᠩᠭᠤᠯ ᠮᠣᠷᠢ ᠳᠠᠪᠬᠢᠵᠦ᠍ ᠢᠷᠡᠭ᠌ᠰᠡᠨ ᠶᠤᠮ᠃ ᠳᠠᠢᠨ᠎ᠤ ᠭᠠᠯ ᠳᠦᠷᠡᠯᠵᠡᠭ᠌ᠰᠡᠨ ᠳᠠᠢᠴᠢᠨ ᠡᠷᠡᠨ᠎ᠳᠤ ᠳᠣᠮᠤᠭ ᠲᠤᠤᠯᠢᠰ ᠱᠢᠭ᠋ ᠮᠠᠰᠢ ᠤᠯᠠᠨ ᠮᠣᠷᠢᠳᠠᠢ ᠪᠦᠳᠦᠬᠡᠯ ᠮᠡᠨᠳᠦᠯᠡᠭ᠌ᠰᠡᠨ ᠶᠤᠮ᠃ ᠡᠨᠡ ᠦᠳᠡᠱᠢᠯᠡᠭᠡ᠎ᠶ᠋ᠢᠨ ᠴᠡᠭᠡᠨ ᠬᠥᠱᠢᠭᠡ᠎ᠪᠠᠷ ᠡᠳᠡᠬᠡᠷ ᠪᠦᠳᠦᠬᠡᠯ ᠡᠴᠡ ᠪᠥ᠋ᠵᠢᠭ 《ᠭᠠᠢᠬᠠᠮᠰᠢᠬᠳᠤ ᠮᠣᠩᠭᠤᠯ ᠮᠣᠷᠢ》 (ᠮᠦᠱᠢᠶᠡ ᠨᠠᠷ᠎ᠠᠴᠠ ᠲᠣᠭ᠍ᠯᠠᠪᠠ)᠂ ᠳᠠᠭᠤᠤ 《ᠮᠣᠷᠢ ᠮᠢᠨᠢ》 (ᠱᠢᠯᠤᠭᠤᠨ ᠬᠥᠪᠡᠭᠡᠲᠦ ᠴᠠᠭᠠᠨ ᠬᠤᠱᠢᠭᠤᠨ᠎ᠤ ᠬᠤᠪᠢᠰᠭᠠᠯᠲᠤ ᠤᠳᠤᠮᠱᠢᠯ᠎ᠢ ᠵᠠᠯᠭᠠᠮᠵᠢᠯᠠᠬᠤ ᠨᠡᠢᠭᠡᠮᠯᠢᠭ ᠪᠣᠯᠣᠨ ᠲᠣᠯᠭᠠᠲᠠᠨ ᠬᠠᠮᠳᠣᠯᠢᠭ ᠳᠠᠭᠤᠯᠠᠪᠠ)᠂ ᠴᠠᠬᠠᠷ ᠠᠷᠠᠳ᠎ᠤᠨ ᠳᠠᠭᠤᠤ᠎ᠶ᠋ᠢᠨ ᠴᠦᠷᠬᠦᠯᠡᠭᠡ 《ᠰᠠᠩᠬᠠᠶᠤᠣ ᠬᠦᠯᠢᠮ》᠂ 《ᠵᠢᠭᠠᠬᠠᠨ ᠰᠠᠭᠠᠷᠠᠯ ᠮᠣᠷᠢ》᠂ 《ᠴᠠᠬᠠᠷ ᠨᠠᠢ᠍ᠮᠠᠨ ᠬᠤᠱᠢᠭᠤ》᠂ (ᠵᠢᠷᠤᠮᠲᠤ᠌᠂ ᠣᠳᠣᠮ᠎ᠠ᠂ ᠪᠠᠲᠤᠨᠠᠰᠤᠨ ᠨᠠᠷ ᠳᠠᠭᠤᠯᠠᠪᠠ) ᠵᠡᠷᠭᠡ ᠪᠦᠳᠦᠭᠡᠯ ᠦᠵᠡᠭ᠌ᠴᠢ᠎ᠶ᠋ᠢᠨ ᠠᠯᠳᠠᠨ ᠮᠡᠯᠮᠡᠢ ᠮᠢᠯᠢᠶᠠᠵᠤ ᠰᠣᠨᠣᠷ᠎ᠤᠨ ᠴᠢᠮᠡᠭ ᠪᠣᠯᠣᠨ ᠳᠠᠭᠤᠯᠠᠭ᠍ᠳᠠᠯ᠎ᠠ᠃ ᠡᠬᠦᠨ᠎ᠳᠤ᠂ ᠲᠡᠭᠡᠷ᠎ᠠ ᠵᠠᠭᠤᠨ᠎ᠤ  ᠳᠠᠪᠢᠭᠠᠳ ᠣᠨ᠎ᠳᠤ ᠵᠣᠬᠢᠶᠠᠭ᠍ᠳᠠᠵᠤ ᠪᠥᠬᠦ᠌ ᠣᠷᠣᠨ ᠳᠠᠶᠠᠭᠠᠷ ᠶᠡᠬᠡᠳᠡ ᠳᠡᠯᠭᠡᠷᠡᠭ᠌ᠰᠡᠨ ᠭᠤ·ᠵᠠᠮᠰᠦ᠋ᠷᠦᠩᠵᠠᠪ᠎ᠤᠨ ᠦᠭᠡ᠂ ᠳ᠋᠊· ᠷᠢᠨᠴᠢᠨ᠎ᠤ ᠠᠶᠠᠯᠭᠤ ᠪᠦᠬᠦᠢ ᠳᠠᠭᠤᠤ《ᠮᠣᠷᠢ ᠮᠢᠨᠢ》 ᠎ᠳ᠋ᠤ᠄

《ᠠᠭᠤᠤ ᠤᠯᠤᠰ᠎ᠢᠶᠠᠨ ᠴᠢᠯᠦᠭᠡᠯᠡᠬᠦ᠌᠎ᠳᠤ

ᠠᠭ᠍ᠲᠠ ᠮᠣᠷᠢ᠎ᠲᠠᠢ᠎ᠪᠠᠨ ᠶᠠᠪᠤᠭ᠍ᠰᠠᠨ ᠶᠤᠮ

ᠠᠲᠠᠭᠠᠲᠠᠨ ᠳᠠᠢᠰᠦᠨ᠎ᠢ ᠰᠥᠨᠥᠭᠡᠬᠦ᠌᠎ᠳᠤ

ᠠᠮᠢ ᠭᠤᠣᠯ᠎ᠲᠠᠢ᠎ᠪᠠᠨ ᠬᠤᠯᠪᠣᠭ᠍ᠰᠠᠨ ᠶᠤᠮ

ᠠ ᠬᠥ᠋ ᠮᠣᠷᠢᠨ᠎ᠳᠤ᠎ᠪᠠᠨ ᠮᠣᠷᠳᠠᠭᠠᠳ ᠭᠠᠷᠪᠠᠯ

ᠡᠷᠡᠯᠬᠡᠭ ᠵᠣᠷᠢᠭ᠎ᠢ ᠮᠢᠨᠢ ᠬᠥᠪᠴᠢᠯᠡᠨ᠎ᠡ》 ᠭᠡᠮᠡᠨ ᠠᠬᠠᠮᠠᠳ ᠪᠠᠢᠯᠳᠤᠭ᠍ᠴᠢ᠎ᠠᠴᠠ ᠮᠣᠷᠢᠲᠦ ᠴᠡᠷᠢᠭ᠎ᠤᠨ ᠬᠦᠷᠮ᠎ᠡ᠎ᠪᠠᠨ ᠡᠮᠦᠰᠴᠦ᠍ ᠳᠠᠭᠤᠯᠠᠬᠤ᠎ᠳᠤ ᠥᠪᠡᠷ᠎ᠤᠨ ᠡᠷᠬᠡ ᠦᠭᠡᠢ ᠴᠢᠯᠦᠭᠡᠯᠡᠬᠦ᠌ ᠳᠠᠢᠨ᠎ᠤ ᠳᠡᠷᠡ ᠬᠦ᠌ ᠳᠠᠷᠢ᠎ᠶ᠋ᠢᠨ ᠣᠳᠤᠭ᠎ᠠ ᠮᠠᠨᠠᠷᠠᠭ᠍ᠰᠠᠨ ᠭᠠᠯ ᠹᠷᠣᠨᠲ᠎ᠤᠨ ᠪᠠᠢᠳᠠᠯ ᠮᠣᠷᠢᠨ᠎ᠤ ᠬᠦᠶᠦᠳᠡᠯ ᠱᠢᠭ ᠣᠷᠣᠵᠤ ᠢᠷᠡᠨ᠎ᠡ᠃ ᠠᠳᠡ᠎ᠠᠴᠠ ᠴᠠᠬᠠᠷ᠎ᠤᠨ ᠮᠣᠷᠢᠲᠦ ᠴᠡᠷᠢᠭ᠎ᠤᠨ ᠴᠢᠯᠦᠭᠡᠯᠡᠬᠦ᠌ ᠳᠠᠢᠨ᠎ᠤ ᠳᠤᠮᠳᠠ ᠦᠵᠡᠬᠦᠯᠦᠭ᠌ᠰᠡᠨ ᠳᠠᠢᠴᠢᠨ ᠵᠢᠳᠬᠦᠯ ᠳᠠᠷᠬᠠᠨ ᠭᠠᠪᠢᠶ᠎ᠠ᠎ᠶ᠋ᠢ ᠣᠯᠵᠤ ᠬᠠᠷᠠᠨ᠎ᠠ᠃

ᠴᠠᠬᠠᠷ ᠨᠤᠲᠤᠭ ᠪᠣᠯ ᠡᠷᠲᠡᠨ᠎ᠠᠴᠠ ᠨᠠᠭᠠᠰᠢ ᠠᠳᠤᠭᠤᠨ ᠰᠣᠶᠣᠯ᠎ᠢ ᠬᠢᠮᠠᠭᠠᠳᠠᠵᠤ ᠶᠠᠪᠤᠭ᠍ᠰᠠᠨ ᠣᠷᠣᠨ ᠪᠣᠯᠬᠤ ᠶᠤᠮ᠃ ᠠᠳᠡ ᠠᠳᠤᠭᠤ ᠮᠣᠷᠢ᠎ᠪᠠᠨ ᠪᠠᠭ᠍ᠠᠳᠤᠭ᠍ᠰᠠᠨ᠂ ᠮᠠᠭ᠍ᠳᠠᠭ᠍ᠰᠠᠨ ᠳᠠᠭᠤᠤ ᠣᠯᠠᠨ ᠪᠣᠢ᠃ ᠳᠡᠬᠦᠨ᠎ᠤ ᠳᠤᠮᠳᠠ ᠠᠳᠤᠭᠤ ᠮᠣᠷᠢ᠎ᠪᠠᠨ ᠪᠠᠭ᠍ᠠᠳᠤᠬᠤ᠎ᠶ᠋ᠢᠨ ᠬᠠᠮᠲᠤ ᠭᠠᠯ ᠬᠠᠯᠠᠭᠤᠨ ᠠᠮᠢᠳᠤᠷᠠᠯ᠎ᠤᠨ ᠥᠩᠭᠡ ᠪᠣᠳᠤᠭ ᠳᠣᠳᠣᠷᠠᠵᠣ ᠪᠠᠢᠳᠠᠭ᠃ ᠦᠳᠡᠱᠢᠯᠡᠭᠡ᠎ᠳᠤ ᠳᠠᠭᠤᠯᠠᠭ᠍ᠳᠠᠭ᠍ᠰᠠᠨ 《ᠵᠢᠭᠠᠬᠠᠨ ᠰᠠᠭᠠᠷᠠᠯ ᠮᠣᠷᠢ》 ᠪᠣᠯ ᠣᠯᠠᠨ᠎ᠳᠤ ᠳᠠᠰᠤᠯ ᠪᠣᠯᠣᠭ᠍ᠰᠠᠨ ᠳᠠᠭᠤᠤ ᠪᠣᠯᠣᠨ᠎ᠠ᠃ ᠪᠠᠳᠣᠨᠠᠰᠣᠨ᠂ ᠣᠳᠣᠨᠮ᠎ᠠ᠎ᠶ᠋ᠢᠨ ᠳᠠᠭᠤᠯᠠᠭ᠍ᠰᠠᠨ《ᠵᠢᠭᠠᠬᠠᠨ ᠰᠠᠭᠠᠷᠠᠯ ᠮᠣᠷᠢ》᠎ᠳ᠋ᠤ᠄

《ᠵᠢᠭᠠᠬᠠᠨ ᠰᠠᠭᠠᠷᠠᠯ ᠮᠣᠷᠢ᠎ᠲᠠᠢ ᠬᠥ᠋

ᠵᠠᠮ᠎ᠤᠨ ᠵᠢᠭᠠᠬᠠᠨ ᠰᠠᠢᠪᠤᠷ᠎ᠲᠠᠢ ᠬᠥ᠋

ᠵᠠ ᠠᠢ ᠳ᠋ᠠ ᠬᠥ᠋

ᠵᠢᠭᠠᠯ ᠠᠬ᠎ᠠ᠎ᠶ᠋ᠢᠨ ᠭᠡᠷ ᠴᠢᠨᠢ ᠬᠠᠮᠢᠭᠠᠭᠤᠷ ᠪᠢᠯᠡ

ᠰᠡᠭᠦᠵᠢᠨ ᠪᠤᠯᠠᠭ᠎ᠤᠨ ᠪᠠᠷᠠᠭᠤᠨ ᠳᠡᠭᠡᠷ᠎ᠡ ᠬᠥ᠋

ᠰᠦᠮ᠎ᠡ᠎ᠲᠠᠢ ᠬᠤᠸᠠ᠎ᠶ᠋ᠢᠨ ᠡᠩᠭᠡᠷ ᠳᠡᠭᠡᠷ᠎ᠡ ᠬᠥ᠋

ᠵᠠ ᠠᠢ ᠳ᠋ᠠ ᠬᠥ᠋

ᠠᠪᠤ᠎ᠶ᠋ᠢᠨ ᠪᠠᠢᠭᠤᠯᠤᠭ᠍ᠰᠠᠨ ᠬᠤᠶᠠᠷ ᠴᠠᠭᠠᠨ ᠭᠡᠷ ᠭᠦ᠋》 ᠭᠡᠵᠦ᠍ ᠠᠰᠠᠭᠤᠵᠤ ᠬᠠᠷᠢᠭᠤᠯᠬᠤ ᠬᠡᠯᠪᠡᠷᠢ᠎ᠪᠠᠷ ᠳᠠᠭᠤᠯᠠᠭ᠍ᠰᠠᠨ ᠡᠨᠡ ᠳᠠᠭᠤᠤ᠎ᠳᠤ ᠮᠠᠰᠢ ᠥᠳᠭᠡᠨ ᠣᠷᠣᠨ ᠨᠤᠲᠤᠭ᠎ᠤᠨ ᠣᠨᠴᠠᠯᠢᠭ᠎ᠲᠠᠢ ᠮᠥᠷᠲᠡᠭᠡᠨ ᠴᠠᠬᠠᠷ᠎ᠤᠨ ᠵᠠᠯᠠᠭᠤᠰ᠎ᠤᠨ ᠢᠨᠠᠭ ᠬᠠᠢᠷ᠎ᠠ᠎ᠪᠠᠨ ᠢᠯᠡᠳᠭᠡᠬᠦ᠌᠎ᠶ᠋ᠢᠨ ᠤᠴᠢᠷ ᠤᠰᠤ ᠨᠤᠲᠤᠭ᠎ᠢᠶᠠᠨ ᠠᠰᠠᠭᠤᠨ ᠮᠡᠳᠡᠯᠴᠡᠵᠦ᠍ ᠳᠠᠨᠢᠯ ᠳᠠᠰᠤᠯ ᠪᠣᠯᠵᠤ ᠪᠠᠢᠭ᠎ᠠ ᠬᠤᠷᠣᠮᠬᠠᠨ᠎ᠤ ᠦᠵᠡᠭ᠌ᠳᠡᠯ᠎ᠢ ᠨᠢᠳᠦᠨ᠎ᠳᠤ ᠦᠵᠡᠭ᠌ᠳᠡᠮ᠎ᠡ ᠢᠯᠡᠳᠭᠡᠭ᠌ᠰᠡᠨ ᠪᠠᠢᠨ᠎ᠠ᠃

《ᠵᠢᠷᠤᠭ᠎ᠠ ᠶᠣ᠌ ᠰᠠᠢᠳᠠᠢ ᠮᠣᠷᠢ ᠮᠢᠨᠢ ᠪᠠᠢᠪᠠᠯ

ᠠᠪᠤᠭᠠᠳ ᠢᠷ᠎ᠡ ᠳ᠋ᠠ ᠮᠥᠮᠥ᠍ ᠮᠢᠨᠢ ᠡ

ᠵᠠᠭᠤᠨ ᠯᠠᠩ᠎ᠤᠨ ᠰᠠᠩᠬᠠᠶᠤᠤ ᠬᠦᠯᠢᠮ

ᠲᠡᠷᠡ ᠮᠣᠷᠢᠨ᠎ᠤ ᠴᠢᠮᠡᠭ ᠶᠤᠮ ᠳ᠋ᠠ》 ᠭᠡᠵᠦ᠍ ᠵᠢᠷᠤᠮᠲᠤ ᠵᠢᠨ ᠲᠠᠭᠤᠯᠠᠬᠰᠠᠨ 《ᠰᠠᠩᠬᠠᠶᠤᠤ ᠬᠦᠯᠢᠮ》 ᠳᠠᠭᠤᠤ᠎ᠳᠤ ᠮᠠᠰᠢ ᠣᠨᠴᠠᠯᠢᠭ᠎ᠲᠠᠢ ᠮᠣᠷᠢᠨ ᠡᠳᠡᠯᠡᠯ ᠪᠣᠯᠬᠤ ᠡᠮᠡᠭᠡᠯ᠎ᠢ ᠳᠠᠭᠤᠯᠠᠭ᠍ᠰᠠᠨ ᠠᠪᠠᠴᠦ᠍ ᠡᠮᠡᠭᠡᠯ ᠭᠡᠬᠦ᠌ ᠦᠭᠡ ᠣᠷᠤᠭ᠎ᠠ ᠦᠭᠡᠢ᠂ ᠬᠠᠷᠢᠨ ᠡᠮᠡᠭᠡᠯ᠎ᠤᠨ ᠬᠦᠯᠢᠮ ᠳᠠᠭᠤᠯᠠᠭ᠍ᠳᠠᠵᠤ ᠪᠠᠢᠨ᠎ᠠ᠃ ᠬᠦᠯᠢᠮ᠎ᠢ ᠳᠠᠭᠤᠯᠠᠬᠤ᠎ᠪᠠᠷ ᠳᠠᠮᠵᠢᠭᠤᠯᠵᠤ 《ᠰᠠᠢᠨ ᠡᠬᠡᠨᠡᠷ ᠡᠷ᠎ᠡ᠎ᠶ᠋ᠢᠨ ᠴᠢᠮᠡᠭ᠂ ᠰᠠᠢᠨ ᠡᠮᠡᠭᠡᠯ ᠬᠥᠯᠥᠭ᠎ᠤᠨ ᠴᠢᠮᠡᠭ》 ᠭᠡᠰᠡᠨ ᠡᠴᠢᠨ᠎ᠡ ᠰᠠᠨᠠᠭ᠎ᠠ᠎ᠶ᠋ᠢ ᠭᠠᠷᠭᠠᠭ᠍ᠰᠠᠨ ᠪᠠᠢᠨ᠎ᠠ᠃ ᠴᠠᠬᠠᠷ ᠨᠤᠲᠤᠭ᠎ᠨᠢ ᠴᠠᠭᠠᠨ ᠬᠡᠷᠡᠮ ᠵᠠᠭᠠᠬᠯᠠᠵᠤ ᠰᠠᠭᠤᠭ᠍ᠰᠠᠨ ᠲᠤᠯᠠ ᠵᠠᠩᠴᠢᠬᠦᠦ ᠵᠡᠷᠭᠡ ᠬᠡᠷᠡᠮ᠎ᠤᠨ ᠪᠣᠭᠤᠮᠲᠠ ᠬᠤᠲᠠ᠎ᠲᠠᠢ ᠬᠢᠯᠢᠯᠡᠨ ᠲᠡᠨᠳᠡ ᠦᠢᠯᠡᠳᠪᠦᠷᠢᠯᠡᠭ᠌ᠰᠡᠨ ᠪᠤᠶᠤ ᠪᠣᠯᠪᠠᠰᠤᠷᠠᠭᠤᠯᠤᠭ᠍ᠰᠠᠨ ᠪᠤᠯᠢᠭᠠᠷᠢᠨ ᠠᠷᠠᠰᠤ᠎ᠪᠠᠷ ᠡᠮᠡᠭᠡᠯ᠎ᠤᠨ ᠬᠦᠯᠢᠮ ᠬᠢᠵᠦ᠍ ᠴᠢᠮᠡᠭ ᠵᠠᠰᠠᠯ ᠪᠣᠯᠭᠠᠳᠠᠭ ᠪᠠᠢᠪᠠ᠃ ᠡᠨᠡ ᠰᠠᠢᠬᠠᠨ ᠬᠦᠯᠢᠮ᠎ᠢᠶᠠᠨ ᠪᠣᠷᠣᠭᠠᠨ ᠱᠢᠭᠦᠳᠡᠷᠢ᠂ ᠨᠠᠷᠠ ᠰᠠᠯᠬᠢ᠎ᠠᠴᠠ ᠬᠢᠮᠠᠭᠠᠳᠠᠵᠤ ᠳᠤᠰᠤᠯᠠᠵᠤ ᠵᠠᠷᠤᠳᠠᠭ᠃ ᠳᠤᠰᠤᠯᠠᠬᠤ᠎ᠳᠠᠭᠠᠨ ᠦᠬᠡᠷ᠎ᠤᠨ ᠱᠢᠬᠢᠷ᠎ᠡ᠎ᠶ᠋ᠢᠨ ᠳᠣᠰᠤ᠂ ᠯᠠᠪ᠎ᠤᠨ ᠲᠣᠰᠣ᠂ ᠤᠷᠭᠤᠮᠠᠯ᠎ᠤᠨ ᠲᠣᠰᠣ ᠵᠡᠷᠭᠡ ᠭᠤᠷᠪᠠᠨ ᠵᠦᠢᠯ᠎ᠤᠨ ᠳᠣᠰᠤ᠎ᠶ᠋ᠢ ᠬᠤᠯᠢᠵᠤ ᠳᠤᠰᠤᠯᠠᠪᠠᠯ ᠬᠦᠯᠢᠮ᠎ᠤᠨ ᠪᠤᠯᠢᠭᠠᠷᠢ ᠵᠥᠭᠡᠯᠡᠨ ᠮᠦᠷᠳᠡᠭᠡᠨ ᠪᠥᠬᠡᠯᠢᠭ᠂ ᠳᠠᠭᠠᠭᠠᠴᠠᠳᠠᠢ ᠪᠣᠯᠳᠠᠭ ᠲᠤᠯᠠ 《ᠰᠠᠩᠬᠠᠶᠤᠤ ᠬᠦᠯᠢᠮ》 ᠭᠡᠵᠡᠢ᠃ ᠴᠠᠬᠠᠷ᠎ᠤᠨ ᠡᠷᠬᠢᠮᠰᠦᠭ ᠡᠳ᠋ᠯᠡᠯ᠎ᠤᠨ ᠨᠢᠭᠡ ᠵᠦᠢᠯ ᠪᠣᠯᠳᠠᠭ᠃

ᠡᠳᠡᠭᠡᠷ ᠪᠣᠯ ᠮᠣᠷᠢᠨ ᠵᠢᠯ ᠳᠠᠭᠤᠯᠠᠭ᠍ᠳᠠᠭ᠍ᠰᠠᠨ ᠮᠣᠷᠢᠳᠠᠢ ᠳᠠᠭᠤᠤ᠂ ᠮᠣᠷᠢᠳᠠᠢ ᠳᠠᠭᠤᠤ ᠪᠣᠯᠪᠠᠴᠤ᠌ ᠮᠣᠷᠢ᠎ᠪᠠᠨ ᠯᠡ ᠳᠠᠭᠤᠯᠠᠭ᠎ᠠ ᠦᠬᠡᠢ᠂ ᠬᠠᠷᠢᠨ ᠴᠠᠬᠠᠷ᠎ᠤᠨ ᠵᠠᠩ ᠦᠢᠯᠡ᠂ ᠠᠮᠢᠳᠤᠷᠠᠯ ᠠᠳᠠᠯ ᠳᠠᠭᠤᠯᠠᠭ᠍ᠳᠠᠵᠤ ᠪᠠᠢᠪᠠ᠃ ᠠᠮᠢᠳᠤᠷᠠᠯ᠎ᠤᠨ ᠥᠩᠭᠡ ᠪᠣᠳᠤᠭ ᠥᠳᠭᠡᠨ ᠪᠣᠯᠣᠮᠠᠨᠵᠢᠨ ᠰᠠᠶᠢ ᠦᠳᠡᠱᠢᠯᠡᠭᠡ᠎ᠶ᠋ᠢᠨ ᠲᠠᠳᠠᠬᠤ ᠬᠦᠴᠦᠨ ᠴᠢᠩᠭ᠎ᠠ ᠪᠣᠯᠳᠠᠭ ᠤᠴᠢᠷ᠎ᠲᠠᠢ᠃ ᠨᠡᠡᠭ ᠢᠯᠠᠡᠭᠭᠤᠶ᠎ᠠ 《ᠴᠠᠬᠠᠷ ᠨᠠᠢ᠍ᠮᠠᠨ ᠬᠤᠱᠢᠭᠤ》 ᠵᠡᠷᠭᠡ ᠣᠷᠣᠨ ᠨᠣᠲᠤᠭ᠎ᠤᠨ ᠣᠨᠴᠠᠯᠢᠭ ᠳᠣᠪᠣᠢᠮ᠎ᠠ ᠴᠦᠷᠬᠦᠯᠡᠭᠡ ᠳᠠᠭᠤᠣ᠎ᠨᠤᠭᠤᠳ᠎ᠨᠢ ᠬᠦᠮᠦᠰ᠎ᠤᠨ ᠰᠡᠳᠭᠢᠯ᠎ᠤᠨ ᠬᠦᠪᠴᠢ᠎ᠶ᠋ᠢ ᠳᠣᠷᠬᠢᠭᠤᠯᠵᠣ ᠰᠠᠨᠠᠬᠤ᠎ᠠᠴᠠ ᠨᠣᠲᠤᠭ᠂ ᠰᠠᠨᠠᠭ᠍ᠳᠠᠬᠤ᠎ᠠᠴᠠ ᠡᠵᠢ ᠭᠡᠬᠦ᠌ ᠬᠠᠢᠯᠭᠠᠨ ᠰᠠᠨᠠᠭᠠᠨ᠎ᠤ ᠬᠠᠢᠷ᠎ᠠ᠎ᠶ᠋ᠢᠨ ᠳᠡᠭᠡᠵᠢ᠂ ᠴᠠᠢᠯᠭᠠᠨ ᠪᠣᠳᠣᠯ᠎ᠤᠨ ᠴᠠᠢ᠎ᠶ᠋ᠢᠨ ᠰᠦ ᠪᠣᠯᠵᠤ ᠴᠢᠳᠠᠵᠠᠢ᠃ ᠡᠨᠡ ᠨᠢ ᠣᠷᠣᠨ ᠨᠣᠲᠤᠭ᠎ᠤᠨ ᠦᠳᠡᠱᠢᠯᠡᠭᠡ ᠪᠣᠯᠣᠭ᠍ᠰᠠᠨ᠎ᠤ ᠬᠤᠪᠢ᠎ᠳᠤ ᠵᠠᠪᠠᠯ ᠨᠣᠲᠤᠭ ᠣᠰᠣᠨ᠎ᠤ ᠣᠨᠴᠠᠯᠢᠭ ᠢᠯᠡ ᠲᠣᠳᠣ ᠪᠠᠢᠮᠠᠨ ᠰᠠᠶᠢ ᠠᠮᠵᠢᠯᠲᠠ ᠣᠯᠵᠣ ᠴᠢᠳᠠᠨ᠎ᠠ ᠭᠡᠳᠡᠭ᠎ᠢ ᠳᠠᠬᠢᠨᠲᠠ ᠭᠡᠷᠡᠴᠢᠯᠡᠭ᠌ᠰᠡᠨ ᠪᠠᠢᠨ᠎ᠠ᠃

ᠭᠤᠷᠪᠠ᠂ ᠤᠨᠠᠭᠠᠨ ᠦᠦᠷᠰᠡᠯ

ᠬᠡᠦᠬᠡᠳ ᠪᠣᠯ ᠬᠥᠮᠥᠨ᠎ᠤ ᠨᠠᠷᠠ᠂ ᠬᠦᠰᠡᠯ᠎ᠤᠨ ᠲᠤᠭ ᠪᠣᠯᠳᠠᠭ ᠤᠴᠢᠷ᠎ᠲᠠᠢ᠂ ᠬᠡᠦᠬᠡᠳ᠎ᠤᠨ ᠵᠢᠪᠬᠤᠭ᠎ᠠ᠎ᠠᠴᠠ ᠬᠦᠰᠡᠯ ᠢᠷᠡᠭᠡᠳᠦᠢ᠎ᠪᠠᠨ ᠣᠯᠵᠤ ᠬᠠᠷᠠᠨ᠎ᠠ᠃ ᠬᠡᠦᠬᠡᠳ᠎ᠤᠨ ᠳᠠᠭᠤᠤ᠎ᠠᠴᠠ ᠢᠷᠡᠵᠦ᠍ ᠪᠠᠢᠭ᠎ᠠ ᠱᠢᠨ᠎ᠡ ᠵᠢᠯ᠎ᠤᠨ ᠨᠠᠷᠠᠨ᠎ᠤ ᠰᠠᠴᠤᠷᠠᠭ᠎ᠢ ᠣᠯᠵᠤ ᠬᠠᠷᠠᠨ᠎ᠠ᠃ ᠬᠡᠦᠬᠡᠳ᠎ᠤᠨ ᠪᠥᠵᠢᠭ᠎ᠠᠴᠠ ᠬᠥᠭ᠌ᠵᠢᠵᠦ᠍ ᠪᠠᠢᠭ᠎ᠠ ᠱᠢᠯᠤᠭᠤᠨ ᠬᠥᠪᠡᠭᠡᠲᠦ ᠴᠠᠭᠠᠨ ᠬᠤᠱᠢᠭᠤᠨ᠎ᠤ ᠬᠦᠷᠬᠦ᠌ ᠮᠠᠷᠭᠠᠰᠢ᠎ᠶ᠋ᠢᠨ ᠠᠯᠲᠠᠨ ᠵᠢᠯᠣᠭᠤ᠎ᠶ᠋ᠢ ᠣᠯᠵᠤ ᠪᠠᠷᠢᠨ᠎ᠠ᠃ ᠬᠡᠦᠬᠡᠳ᠎ᠤᠨ ᠳᠠᠭᠤᠤ ᠪᠥᠵᠢᠭ 《ᠮᠢᠨᠥ᠍ ᠬᠥᠭᠡᠷᠦᠬᠦᠨ ᠴᠠᠬᠠᠷ ᠬᠤᠷᠠᠭ᠎ᠠ》 (ᠠᠨᠣᠵᠢᠨ᠂ ᠲᠤᠤᠯᠢᠰ᠂ ᠦᠯᠡᠮᠵᠢ ᠨᠠᠷ ᠲᠣᠭ᠍ᠯᠠᠪᠠ)᠂  ᠮᠣᠷᠢᠨ ᠬᠤᠭᠤᠷ ᠬᠤᠪᠢᠰ᠎ᠤᠨ ᠨᠠᠢᠷᠠᠯ ᠬᠥᠭ᠌ᠵᠢᠮ 《ᠬᠤᠨᠢ ᠬᠠᠢᠴᠢᠯᠠᠬᠤ ᠳᠠᠭᠤᠤ》 (ᠱᠢᠯᠤᠭᠤᠨ ᠬᠥᠪᠡᠭᠡᠲᠦ ᠴᠠᠭᠠᠨ ᠬᠤᠱᠢᠭᠤᠨ᠎ᠤ ᠨᠢᠭᠡᠳᠦᠭᠡᠷ ᠪᠠᠭ᠎ᠠ ᠰᠤᠷᠭᠠᠭᠤᠯᠢ᠎ᠶ᠋ᠢᠨ ᠰᠣᠷᠣᠭ᠍ᠴᠢᠳ ᠲᠣᠭ᠍ᠯᠠᠪᠠ)᠂ ᠬᠡᠦᠬᠡᠳ᠎ᠤᠨ ᠨᠠᠢᠷᠠᠯ ᠳᠠᠭᠤᠤ 《ᠣᠳᠣᠨ ᠵᠡᠭᠦᠳᠦ》 (ᠱᠢᠯᠤᠭᠤᠨ ᠬᠥᠪᠡᠭᠡᠲᠦ ᠴᠠᠭᠠᠨ ᠬᠤᠱᠢᠭᠤᠨ᠎ᠤ ᠬᠤᠶᠠᠳᠤᠭᠠᠷ ᠪᠠᠭ᠎ᠠ ᠰᠤᠷᠭᠠᠭᠤᠯᠢ᠎ᠶ᠋ᠢᠨ ᠰᠣᠷᠣᠭ᠍ᠴᠢᠳ ᠳᠠᠭᠤᠯᠠᠪᠠ) ᠵᠡᠷᠭᠡ ᠤᠷᠠᠨ ᠪᠦᠳᠦᠭᠡᠯ᠎ᠢ  ᠴᠥᠮ ᠰᠤᠷᠭᠠᠭᠤᠯᠢ᠎ᠳᠤ ᠪᠠᠢᠭ᠎ᠠ ᠰᠣᠳᠣᠨ ᠨᠠᠬᠢᠶ᠎ᠠ ᠰᠣᠷᠣᠭ᠍ᠴᠢᠳ᠎ᠠᠴᠠ ᠲᠣᠭ᠍ᠯᠠᠭ᠍ᠰᠠᠨ ᠪᠠᠢᠨ᠎ᠠ᠃ 《ᠬᠥᠯᠥᠭ ᠪᠣᠯᠬᠤ᠎ᠳᠤ ᠤᠨᠠᠭᠠᠨ᠎ᠠᠴᠠ᠂ ᠬᠥᠮᠥᠨ ᠪᠣᠯᠬᠤ᠎ᠳᠤ ᠪᠠᠭ᠎ᠠ᠎ᠠᠴᠠ》 ᠭᠡᠳᠡᠭ ᠦᠨᠡᠨ ᠤᠷᠭᠤᠮᠠᠯ᠎ᠤᠨ ᠦᠭᠡ ᠲᠡᠷᠭᠡᠯ᠎ᠤᠨ ᠠᠶᠠᠯᠭᠤ ᠪᠦᠬᠦᠢ᠂ ᠳᠠᠭᠤᠤ ᠪᠥᠵᠢᠭ 《ᠮᠢᠨᠥ᠍ ᠬᠥᠭᠡᠷᠦᠬᠦᠨ ᠴᠠᠬᠠᠷ ᠬᠤᠷᠠᠭ᠎ᠠ》 ᠎ᠳ᠋ᠤ᠄

《ᠬᠦᠬᠦᠷ ᠬᠠᠳᠠᠨ᠎ᠤ ᠡᠩᠭᠡᠷ᠎ᠲᠤ

ᠬᠥᠷ ᠪᠠᠶᠠᠷ ᠪᠢᠯᠬᠠᠨ᠎ᠠ

ᠬᠥᠭᠡᠷᠦᠬᠦᠨ ᠴᠠᠭᠠᠨ ᠬᠤᠷᠠᠭ᠎ᠠ ᠮᠢᠨᠢ

ᠬᠡᠦᠬᠡᠳ ᠳᠠᠭᠠᠭᠠᠳ ᠲᠣᠭ᠍ᠯᠠᠨ᠎ᠠ

ᠮᠠᠢ ᠮᠠᠢ ᠮᠠᠢᠯᠠᠭᠠᠳ

ᠮᠠᠩᠨᠤᠭ ᠲᠠᠯ᠎ᠠ᠎ᠪᠠᠨ ᠴᠢᠮᠡᠨ᠎ᠡ

ᠮᠢᠨᠳᠠᠰᠤ ᠵᠥᠭᠡᠯᠡᠨ ᠨᠣᠣᠰᠣ᠎ᠲᠠᠢ

ᠮᠠᠨ᠎ᠤ ᠴᠠᠬᠠᠷ᠎ᠤᠨ ᠰᠤᠪᠤᠳ ᠶᠤᠮ》ᠭᠡᠬᠦ᠌ ᠬᠡᠦᠬᠡᠳ᠎ᠤᠨ ᠳᠠᠭᠤᠤ᠎ᠠᠴᠠ ᠬᠤᠷᠠᠭ᠎ᠠ᠎ᠶ᠋ᠢᠨ ᠮᠠᠢᠯᠠᠭ᠎ᠠ ᠠᠨᠢᠷᠲᠤᠵᠤ ᠤᠰᠤ ᠨᠤᠲᠤᠭ 《ᠬᠦᠬᠦᠷ ᠬᠠᠳᠠ᠂ ᠨᠠᠢ᠍ᠮᠠ᠎ᠶ᠋ᠢᠨ ᠠᠭᠤᠯᠠ》 ᠳᠠᠭᠤᠯᠠᠭ᠍ᠳᠠᠨ ᠲᠡᠷᠡ ᠪᠡᠯᠴᠢᠬᠡᠷ᠎ᠲᠤ ᠲᠠᠪᠠ᠎ᠪᠠᠷ ᠲᠣᠭ᠍ᠯᠠᠨ ᠥᠰᠦᠭᠡ 《ᠴᠠᠬᠠᠷ᠎ᠤᠨ ᠴᠠᠭᠠᠨ ᠰᠤᠪᠤᠳ》 ᠴᠠᠢᠯᠵᠠᠨ ᠬᠠᠷᠠᠭ᠍ᠳᠠᠮᠠᠷ᠂ ᠡᠨᠡ ᠪᠣᠯ ᠤᠷᠠᠯᠢᠭ ᠂ ᠭᠬᠢᠷ ᠦᠭᠡᠢ ᠨᠢᠩᠵᠢᠨ ᠰᠡᠳᠭᠢᠯ᠎ᠠᠴᠠ ᠣᠨᠳᠣᠷᠣᠭ᠍ᠰᠠᠨ ᠤᠨᠠᠭᠠᠨ ᠴᠠᠭᠠᠨ ᠦᠦᠷᠰᠡᠯ ᠶᠤᠮ᠃

ᠨᠠᠢ᠍ᠮᠠ᠎ᠶ᠋ᠢᠨ ᠠᠭᠤᠯᠠ ᠪᠣᠯ ᠴᠠᠬᠠᠷ ᠨᠣᠲᠤᠭ᠎ᠤᠨ ᠨᠡᠷᠡᠲᠦ ᠠᠭᠤᠯᠠ ᠶᠣᠮᠰᠠᠨ᠂ ᠠᠳᠡᠬᠢ ᠴᠠᠰᠤᠲᠦ ᠲᠠᠯ᠎ᠠ᠎ᠶ᠋ᠢᠨ ᠦᠵᠡᠮᠵᠢ᠎ᠪᠠᠷ ᠠᠷᠣ ᠦᠵᠡᠭ᠌ᠳᠡᠯ ᠪᠣᠯᠭᠠᠵᠣ ᠲᠣᠭ᠍ᠯᠠᠭ᠍ᠰᠠᠨ ᠪᠦᠵᠢᠭ᠎ᠨᠢ ᠬᠡᠳᠦᠢᠪᠡᠷ ᠲᠣᠭ᠍ᠯᠠᠭ᠍ᠴᠢᠳ᠎ᠲᠤ ᠠᠪᠴᠦ᠍ ᠬᠡᠯᠡᠪᠡᠯ ᠬᠦᠢᠲᠡᠨ᠎ᠳᠤ ᠳᠠᠭᠠᠷᠠᠵᠣ ᠵᠢᠩᠬᠢᠨᠡᠵᠦ᠍ ᠪᠠᠢᠭ᠍ᠰᠠᠨ ᠴᠤ᠌ ᠣᠷᠠᠯᠢᠭ ᠭᠡᠰᠡᠨ ᠭᠠᠭ᠍ᠴᠠ ᠬᠦᠭᠡᠭᠡᠴᠡᠯᠳᠦᠯ᠎ᠨᠢ ᠲᠡᠳᠡᠨ᠎ᠢ ᠳᠣᠯᠠᠭᠠᠴᠠᠭᠤᠯᠵᠣ᠂ ᠮᠦᠩᠬᠦᠨ ᠴᠠᠭᠠᠨ ᠪᠠᠢᠭᠠᠯᠢ᠎ᠶ᠋ᠢᠨ ᠦᠵᠡᠮᠵᠢ᠎ᠪᠠᠷ ᠮᠣᠷᠢᠨ ᠵᠢᠯ᠎ᠢᠶᠠᠨ ᠣᠭ᠍ᠳᠣᠬᠤ ᠪᠠᠭ᠍ᠠᠳᠣᠯ᠎ᠢ ᠠᠪᠴᠢᠷᠠᠪᠠ᠃ ᠵᠣᠭᠠᠴᠠᠯ᠎ᠤᠨ ᠴᠡᠭ ᠪᠣᠯᠬᠤ ᠣᠳᠣᠳᠤ ᠣᠭ᠍ᠳᠠᠷᠭᠤᠢ᠎ᠶ᠋ᠢᠨ ᠰᠣᠶᠣᠯ ᠵᠣᠭᠠᠴᠠᠯ᠎ᠤᠨ ᠭᠠᠵᠠᠷ ᠡᠪᠦᠯ᠎ᠤᠨ ᠣᠯᠠᠷᠢᠯ᠎ᠤᠨ ᠮᠦᠰᠦ ᠴᠠᠰᠣᠨ᠎ᠤ ᠴᠡᠩᠬᠡᠬᠦᠨ᠎ᠤ ᠭᠠᠵᠠᠷ᠎ᠤᠨ ᠦᠵᠡᠭ᠌ᠳᠡᠯ᠎ᠨᠢ ᠬᠦᠮᠦᠨ ᠪᠠᠢᠭᠠᠯᠢ᠎ᠶ᠋ᠢᠨ ᠡᠷᠦᠬᠡ᠎ᠶ᠋ᠢᠨ ᠡᠵᠡᠨ ᠵᠣᠬᠢᠴᠠᠯ᠎ᠤᠨ ᠲᠣᠣᠯᠢ᠎ᠶ᠋ᠢ ᠬᠦᠭ᠌ᠵᠢᠮᠳᠡᠵᠦ᠍ ᠪᠠᠢᠭᠠᠯᠢ᠎ᠳᠤ ᠠᠭᠤᠰᠭᠤ ᠪᠠᠭ᠍ᠠᠲᠣᠯᠳᠤ ᠰᠡᠳᠭᠢᠯ᠎ᠢ ᠳᠦᠷᠦᠭ᠌ᠳᠡᠬᠦᠯᠵᠦ᠍ ᠴᠢᠳᠠᠭ᠍ᠰᠠᠨ ᠪᠠᠢᠨ᠎ᠠ᠃ ᠡᠳᠡᠬᠡᠷ ᠭᠠᠳᠠᠷ ᠦᠵᠡᠭ᠌ᠳᠡᠯ᠎ᠨᠢ ᠦᠳᠡᠱᠢᠯᠡᠭᠡ᠎ᠳᠤ ᠠᠮᠢᠳᠣᠷᠠᠯ᠎ᠤᠨ ᠠᠭᠤᠷ ᠠᠮᠢᠰᠭᠤᠯ ᠨᠡᠮᠡᠭ᠌ᠰᠡᠨ ᠮᠦᠷᠳᠡᠭᠡᠨ ᠠᠮᠢᠯᠠᠯ ᠳᠡᠭ᠌ᠵᠢᠯ᠎ᠤᠨ ᠡᠷᠴᠢ ᠵᠣᠷᠢᠭ  ᠨᠡᠮᠡᠭᠰᠡᠨ ᠪᠤᠯ ᠮᠣᠷᠢᠨ ᠬᠤᠭᠤᠷ ᠬᠤᠪᠢᠰ᠎ᠤᠨ ᠨᠠᠢᠷᠠᠯ ᠬᠥᠭ᠌ᠵᠢᠮ 《ᠬᠤᠨᠢ ᠬᠠᠢᠴᠢᠯᠠᠬᠤ ᠳᠠᠭᠤᠤ》 ᠲᠣᠭ᠍ᠯᠠᠯᠲᠠ᠎ᠨᠢ ᠨᠢᠭᠡ ᠲᠠᠯ᠎ᠠ᠎ᠪᠠᠷ ᠮᠠᠯᠵᠢᠬᠤ ᠠᠮᠢᠳᠣᠷᠠᠯ᠎ᠢ ᠳᠣᠰᠭᠠᠵᠣ ᠴᠢᠳᠠᠭ᠍ᠰᠠᠨ ᠮᠦᠷᠳᠡᠭᠡᠨ ᠨᠦᠭᠦᠬᠡ ᠲᠠᠯ᠎ᠠ᠎ᠪᠠᠷ ᠬᠡᠦᠬᠡᠳ ᠪᠠᠭᠠᠴᠣᠳ᠎ᠲᠤ ᠣᠯᠠᠮᠵᠢᠯᠠᠯᠲᠣ ᠨᠣᠲᠤᠭ᠎ᠤᠨ ᠰᠣᠶᠣᠯ᠎ᠢ ᠣᠯᠠᠮᠵᠢᠯᠠᠨ ᠵᠠᠯᠭᠠᠮᠵᠢᠯᠠᠭᠤᠯᠵᠣ ᠪᠠᠢᠭ᠎ᠠ ᠬᠤᠯᠠᠴᠢ ᠣᠬᠠᠭᠠᠨ᠎ᠢ ᠣᠯᠵᠣ ᠬᠠᠷᠠᠨ᠎ᠠ᠃

ᠨᠣᠲᠤᠭ ᠣᠷᠣᠨ᠎ᠤ ᠱᠢᠯᠢᠳᠡᠭ ᠰᠣᠶᠣᠯ ᠪᠣᠯ ᠳᠣᠮᠳᠠᠳᠣ᠎ᠶ᠋ᠢᠨ ᠰᠣᠶᠣᠯ᠎ᠤᠨ ᠨᠢᠭᠡ ᠬᠡᠰᠡᠭ ᠪᠣᠯᠬᠤ ᠶᠤᠮ᠃ ᠬᠡᠦᠬᠡᠳ ᠪᠠᠭᠠᠴᠣᠳ᠎ᠲᠤ ᠰᠣᠶᠣᠯ᠎ᠤᠨ ᠢᠳᠡᠭᠡᠯ ᠣᠯᠭᠤᠬᠤ ᠡᠭᠦᠳᠡᠨ᠎ᠠᠴᠠ ᠡᠳᠡᠬᠡᠷ ᠪᠠᠭ᠎ᠠ ᠰᠣᠷᠭᠠᠭᠤᠯᠢ᠎ᠶ᠋ᠢᠨ ᠬᠡᠦᠬᠡᠳ᠎ᠲᠤ ᠣᠷᠠᠯᠢᠭ᠎ᠤᠨ ᠠᠮᠳᠠᠷᠬᠠᠯ᠂ ᠣᠷᠠᠯᠢᠭ᠎ᠤᠨ ᠰᠣᠷᠭᠠᠯᠲᠠ᠂ ᠣᠷᠠᠯᠢᠭ᠎ᠤᠨ ᠲᠠᠭᠠᠱᠢᠶᠠᠯ ᠦᠭ᠌ᠴᠦ ᠵᠠᠯᠭᠠᠮᠵᠢ ᠦᠶ᠎ᠡ᠎ᠶ᠋ᠢᠨ ᠵᠢᠪᠬᠤᠭ᠎ᠠ ᠬᠡᠢᠮᠣᠷᠢ᠎ᠶ᠋ᠢ ᠬᠤᠷᠤᠢᠯᠠᠪᠠ᠃

ᠶᠡᠷᠦᠩᠬᠡᠢᠯᠡᠪᠡᠯ᠂ 《ᠣᠳᠣᠨ ᠭᠢᠯᠪᠠᠭᠠᠲᠣ ᠱᠢᠯᠣᠭᠤᠨ ᠬᠦᠪᠡᠭᠡᠲᠦ ᠴᠠᠭᠠᠨ ᠬᠤᠱᠢᠭᠤ》 ᠬᠡᠮᠡᠬᠦ᠌ ᠳᠣᠰᠭᠠᠢ ᠳᠠᠯᠠᠪᠠᠢ᠎ᠦᠳᠡᠱᠢᠯᠡᠭᠡ᠎ᠨᠢ ᠱᠢᠨ᠎ᠡ᠎ᠶ᠋ᠢ ᠡᠭᠦᠳᠬᠦ᠂ ᠱᠢᠨ᠎ᠡ ᠪᠦᠳᠦᠬᠡᠯ᠎ᠢ ᠲᠠᠨᠢᠯᠴᠠᠭᠤᠯᠬᠤ᠂ ᠣᠷᠣᠨ ᠨᠣᠲᠤᠭ᠎ᠤᠨ ᠰᠣᠶᠣᠯ᠎ᠢ ᠣᠬᠠᠭᠤᠯᠬᠤ᠂ ᠣᠯᠠᠨ ᠲᠦᠮᠡᠨᠴᠢ ᠣᠷᠠᠯᠢᠭ᠎ᠢ ᠳᠡᠯᠭᠡᠷᠡᠬᠦᠯᠬᠦ᠌ ᠵᠡᠷᠭᠡ ᠲᠠᠯ᠎ᠠ᠎ᠪᠠᠷ ᠴᠦᠮ ᠠᠮᠵᠢᠯᠲᠠ ᠣᠯᠣᠭ᠍ᠰᠠᠨ ᠰᠣᠳᠣᠨ ᠪᠦᠳᠦᠬᠡᠯ ᠪᠣᠯᠣᠭ᠍ᠰᠠᠨ ᠬᠡᠵᠤ ᠪᠢ ᠬᠤᠪᠢᠨ᠎ᠳᠠᠭᠠᠨ ᠦᠵᠡᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号