ᠤᠶᠠᠬᠠᠨ ᠴᠡᠴᠡᠭᠡᠰ᠎ᠤᠨ ᠤᠶᠠᠩᠭ᠎ᠠ᠎ᠶ᠋ᠢᠨ ᠪᠤᠯᠵᠤᠭ᠎ᠠ
2026-04-13 11:27:59
ᠵᠣᠬᠢᠶᠠᠭ᠍ᠴᠢ᠄
ᠴᠢ᠊·ᠲᠤᠯᠬᠢᠶᠠᠨ
ᠣᠩᠱᠢᠭ᠍ᠰᠠᠨ ᠣᠳᠠᠭ᠎ᠠ᠄
★★★☆☆

ᠤᠶᠠᠩᠭ᠎ᠠ ᠨᠠᠢᠷᠠᠭ ᠭᠡᠳᠡᠭ

ᠤᠤᠭᠤᠭᠠᠳ ᠬᠠᠨᠤᠰᠢ ᠦᠬᠡᠢ ᠲᠠᠷᠠᠰᠤ ᠶᠤᠮ

ᠠᠭᠤᠯᠵᠠᠨ ᠨᠠᠷᠬᠢᠯᠳᠤᠨ᠎ᠠ ᠭᠡᠳᠡᠭ

ᠤᠴᠢᠷᠳᠠᠢ ᠰᠠᠢᠬᠠᠨ ᠪᠤᠯᠵᠤᠭ᠎ᠠ ᠶᠤᠮ


ᠪᠦᠰᠡᠬᠦᠢ ᠬᠦᠮᠦᠨ ᠭᠡᠳᠡᠭ

ᠪᠦᠯᠢᠶᠡᠨ ᠠᠮᠢᠳᠤᠷᠠᠯ᠎ᠤᠨ ᠵᠢᠷᠤᠭᠠᠴᠢ ᠶᠤᠮ

ᠪᠦᠰᠡᠬᠦᠢ ᠬᠦᠮᠦᠨ ᠭᠡᠳᠡᠭ

ᠪᠦᠮᠪᠤᠷᠴᠡᠭ᠎ᠢ ᠭᠡᠷᠡᠯᠳᠦᠬᠦᠯᠬᠦ᠌ ᠰᠠᠷᠠᠨ ᠶᠤᠮ

ᠪᠦᠰᠡᠬᠦᠢ ᠬᠦᠮᠦᠨ ᠭᠡᠳᠡᠭ

ᠠᠢᠯ ᠭᠡᠷ᠎ᠤᠨ ᠴᠢᠮᠡᠭ ᠶᠤᠮ

ᠪᠦᠰᠡᠬᠦᠢ ᠬᠦᠮᠦᠨ ᠭᠡᠳᠡᠭ

ᠠᠵᠤ ᠠᠮᠢᠳᠤᠷᠠᠯ᠎ᠤᠨ ᠲᠦᠱᠢᠭ ᠶᠤᠮ

ᠪᠦᠰᠡᠬᠦᠢ ᠬᠦᠮᠦᠨ ᠭᠡᠳᠡᠭ

ᠪᠦᠳᠦᠨ ᠲᠡᠯᠡᠬᠡᠢ᠎ᠶ᠋ᠢᠨ ᠬᠠᠢᠷ᠎ᠠ ᠶᠤᠮ


ᠨᠠᠭᠤᠷ᠎ᠲᠠᠭᠠᠨ ᠨᠤᠷᠬᠢᠬᠤ ᠬᠤᠨ ᠱᠢᠭ᠋

ᠠᠮᠤᠷ ᠠᠮᠤᠭᠤᠯᠠᠩ᠎ᠤᠨ ᠡᠯᠴᠢ ᠶᠤᠮ

ᠨᠤᠳᠤᠭ᠎ᠲᠠᠭᠠᠨ ᠬᠤᠷᠭᠤᠳᠠᠬᠤ ᠱᠢᠪᠠᠭᠤᠳ ᠱᠢᠭ᠋

ᠨᠠᠰᠤᠨ᠎ᠤ ᠭᠠᠭ᠍ᠴᠠᠬᠠᠨ ᠬᠠᠨᠢ ᠶᠤᠮ

ᠦᠷ᠎ᠡ᠎ᠳᠡᠭᠡᠨ ᠢᠪᠢᠯᠬᠦ᠌ ᠬᠠᠢᠷ᠎ᠠ᠎ᠨᠢ

ᠠᠨᠠᠪᠠᠳ ᠲᠠᠯᠠᠢ᠎ᠶ᠋ᠢᠨ ᠤᠰᠤᠨ ᠶᠤᠮ

ᠦᠷᠦᠪᠴᠢᠭᠡᠨ ᠰᠡᠳᠭᠢᠯ᠎ᠤᠨ ᠪᠠᠭ᠍ᠳᠠᠭᠠᠮᠵᠢ᠎ᠨᠢ

ᠤᠷᠴᠢᠯᠠᠩ᠎ᠤᠨ ᠠᠭᠤᠳᠠᠮ ᠵᠠᠢ ᠶᠤᠮ


ᠨᠤᠮ᠎ᠤᠨ ᠲᠠᠯᠠᠢ ᠲᠠᠪᠠᠯᠭᠠᠯᠠᠨ᠂ ᠨᠠᠢᠷᠠᠭ᠎ᠤᠨ ᠴᠠᠯᠬᠢᠶ᠎ᠠ ᠬᠠᠩᠭᠢᠨᠠᠬᠤᠢ

ᠨᠤᠮᠢᠨ ᠲᠠᠯ᠎ᠠ ᠴᠡᠩᠭᠡᠷᠯᠡᠨ᠂ ᠤᠳᠭ᠎ᠠ᠎ᠶ᠋ᠢᠨ ᠴᠡᠴᠡᠭᠡᠰ ᠮᠢᠷᠠᠯᠵᠠᠬᠤᠢ

ᠪᠡᠭᠡ᠎ᠶ᠋ᠢᠨ ᠦᠨᠦᠷ ᠠᠩᠭᠢᠯᠤᠨ᠂ ᠤᠶᠠᠩᠭ᠎ᠠ᠎ᠶ᠋ᠢᠨ ᠱᠢᠪᠠᠭᠤᠬᠠᠢ ᠵᠢᠷᠬᠢᠬᠦᠢ

ᠪᠢᠯᠢᠭ᠎ᠤᠨ ᠡᠭᠦᠯᠡ ᠬᠤᠷᠠᠯᠳᠤᠨ᠂ ᠪᠡᠯᠭᠡᠳᠦ ᠬᠤᠷ᠎ᠠ ᠱᠠᠬᠢᠬᠤᠢ

ᠰᠠᠷᠠᠨ᠎ᠤ ᠰᠤᠷᠮᠤᠤᠰᠤ ᠲᠡᠷᠪᠡᠯᠵᠡᠨ᠂ ᠬᠦᠭᠡᠷᠦᠬᠦᠨ ᠨᠢᠳᠤᠨ᠎ᠳᠤ ᠠᠭᠤᠰᠭᠤᠢ

ᠰᠠᠨᠰᠠᠷ᠎ᠤᠨ ᠤᠳᠤᠳ ᠲᠤᠷᠠᠯᠠᠯᠴᠠᠨ᠂ ᠭᠡᠭᠡᠪᠴᠢ᠎ᠶ᠋ᠢᠨ ᠲᠡᠷᠭᠡᠳᠡ ᠲᠤᠭ᠍ᠯᠠᠬᠤᠢ

ᠦᠷ᠎ᠤᠨ ᠱᠢᠬᠦᠳᠡᠷᠢ ᠦᠷᠭᠦᠯᠴᠡᠨ᠂ ᠪᠠᠩᠵᠠᠯ᠎ᠤᠨ ᠬᠤᠷᠮᠤᠢ ᠨᠤᠷᠬᠤᠢ

ᠤᠳᠭ᠎ᠠ᠎ᠶ᠋ᠢᠨ ᠭᠡᠭᠡ ᠲᠤᠳᠤᠷᠠᠨ᠂ ᠦᠷᠦᠴᠡᠨ᠎ᠤ ᠨᠠᠷᠠᠨ ᠮᠠᠨᠳᠤᠬᠤᠢ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号