ᠬᠠᠶᠠ ᠬᠠᠶᠠ ᠬᠣᠢᠰᠠᠭᠠᠨᠠᠬᠣ ᠲᠡᠭᠷᠢ ᠪᠠᠨ ᠪᠢ ᠬᠠᠪᠣᠷ ᠭᠡᠲᠡᠭ
ᠬᠠᠮᠬᠣᠣᠯ ᠬᠠᠵᠠᠭᠠᠷ ᠬᠣᠢᠯᠠᠷᠠᠬᠣ ᠨᠣᠲᠣᠬ ᠶ᠋ᠢᠡᠨ ᠴᠦ᠍ ᠪᠢ ᠬᠠᠪᠣᠷ ᠬᠡᠲᠡᠭ
ᠬᠠᠬᠵᠠᠷᠬᠠᠢ ᠭᠣᠲᠣᠯᠤᠨ ᠲᠡᠪᠲᠦᠭᠰᠡᠨ ᠵᠣᠯᠣᠭ ᠶ᠋ᠢᠡᠨ ᠪᠢ ᠬᠠᠪᠣᠷ ᠬᠡᠲᠡᠭ
ᠬᠠᠬᠲᠠᠨ ᠳ᠋ᠦ ᠴᠢᠲᠦᠷᠯᠡᠭᠰᠡᠨ ᠣᠨᠣᠭᠠᠨᠤ ᠮᠣᠷᠢ ᠪᠠᠨ ᠪᠢ ᠬᠠᠪᠣᠷ ᠭᠡᠲᠡᠭ
ᠬᠠᠶᠠᠭᠠᠨ ᠳ᠋ᠦ ᠲᠦᠯᠢᠬᠦ ᠲᠦᠯᠤᠨ ᠢᠮᠠᠭᠠ ᠪᠠᠨ ᠪᠢ ᠬᠠᠪᠣᠷ ᠭᠡᠲᠡᠭ
ᠬᠠᠰᠢᠶᠠᠨ ᠳ᠋ᠦ ᠮᠠᠢᠯᠠᠬᠤ ᠭᠣᠯᠣᠩᠬᠠᠢ ᠪᠠᠨ ᠴᠦ᠍ ᠪᠢ ᠬᠠᠪᠣᠷ ᠭᠡᠲᠡᠭ
ᠬᠠᠯᠪᠠᠭᠠᠨ ᠳ᠋ᠦ ᠠᠭᠣᠰᠬᠠᠬᠰᠠᠨ ᠰᠢᠷᠠ ᠲᠣᠰᠣ ᠪᠠᠨ ᠪᠢ ᠬᠠᠪᠣᠷ ᠭᠡᠲᠡᠭ
ᠬᠠᠷᠠᠩᠭᠣᠰᠴᠣ ᠣᠢᠴᠢᠭᠠᠳ ᠰᠢᠯᠢ ᠲᠠᠲᠠᠬᠣ ᠬᠣᠷᠠᠭᠠ ᠪᠠᠨ ᠴᠦ᠍ ᠪᠢ ᠬᠠᠪᠣᠷ ᠭᠡᠲᠡᠭ
ᠬᠠᠷᠢᠭᠤᠰᠬᠠᠵᠤ ᠬᠠᠷᠢᠭᠤᠰᠬᠠᠵᠦ ᠣᠨᠠᠭᠠᠯᠠᠬᠣ ᠭᠡᠬᠦᠦ ᠪᠠᠨ ᠪᠢ ᠬᠠᠪᠣᠷ ᠭᠡᠲᠡᠭ
ᠬᠤᠢᠬᠠᠯᠠᠵᠦ ᠬᠤᠢᠬᠠᠯᠠᠵᠦ ᠴᠢᠨᠠᠬᠣ ᠲᠣᠯᠣᠭᠠᠢ ᠰᠢᠬᠢᠷᠡ ᠪᠠᠨ ᠪᠢ ᠬᠠᠪᠣᠷ ᠭᠡᠲᠡᠭ
ᠬᠦᠪᠲᠦᠨ ᠳ᠋ᠦ ᠡᠪᠦᠯᠵᠢᠭᠰᠡᠨ ᠪᠣᠬᠠ ᠪᠠᠨ ᠪᠢ ᠬᠠᠪᠣᠷ ᠭᠡᠲᠡᠭ
ᠬᠦᠭᠢ ᠨᠢ ᠲᠠᠭᠠᠭᠠᠳ ᠨᠡᠯᠤᠢᠬᠦ ᠬᠠᠢᠯᠶ᠋ᠢᠡᠨ ᠴᠦ᠍ ᠪᠢ ᠬᠠᠪᠣᠷ ᠭᠡᠲᠡᠭ
ᠲᠡᠭᠡᠪᠦᠷ ᠲᠡᠷᠪᠡᠯᠵᠡᠬᠦᠯᠬᠦ ᠰᠠᠯᠬᠢ ᠪᠠᠨ ᠪᠢ ᠬᠠᠪᠣᠷ ᠭᠡᠲᠡᠭ
ᠲᠡᠭᠳᠦᠨ ᠳ᠋ᠦ ᠲᠡᠯᠴᠢᠯᠡᠬᠦ ᠬᠣᠷᠠᠭᠠ ᠪᠠᠨ ᠴᠦ᠍ ᠪᠢ ᠬᠠᠪᠣᠷ ᠭᠡᠲᠡᠭ
ᠲᠡᠭᠡᠰᠦᠯᠡᠵᠦ ᠢᠷᠡᠬᠦ ᠰᠢᠪᠠᠭᠣᠳ ᠶ᠋ᠢᠡᠨ ᠪᠢ ᠬᠠᠪᠣᠷ ᠭᠡᠲᠡᠭ
ᠲᠡᠭᠰᠢᠯᠡᠵᠦ ᠵᠠᠭᠠᠬᠰᠠᠨ ᠣᠷᠭᠠ ᠪᠠᠨ ᠴᠦ᠍ ᠪᠢ ᠬᠠᠪᠣᠷ ᠭᠡᠲᠡᠭ
ᠰᠢᠷᠠᠰᠣ ᠪᠠᠨ ᠲᠦᠯᠬᠢᠨ ᠬᠦᠣᠷᠯᠡᠬᠦ ᠭᠣᠣᠯ ᠶ᠋ᠢᠡᠨ ᠪᠢ ᠬᠠᠪᠣᠷ ᠭᠡᠲᠡᠭ
ᠰᠢᠲᠠᠬᠰᠠᠨ ᠴᠣᠷᠮᠠᠶᠢᠨ ᠨᠣᠭᠣᠭᠠ ᠴᠡᠯᠭᠡᠷᠡᠬᠦ ᠪᠠᠨ ᠴᠦ᠍ ᠪᠢ ᠬᠠᠪᠣᠷ ᠭᠡᠲᠡᠭ
ᠰᠡᠭᠤᠨ ᠭᠠᠬᠴᠠ ᠬᠠᠷᠠ ᠡᠯᠢᠶᠡ ᠪᠠᠨ ᠪᠢ ᠬᠠᠪᠣᠷ ᠭᠡᠲᠡᠭ
ᠰᠡᠬᠦᠲᠡᠷ ᠲᠣᠨᠢ ᠪᠡᠭᠡᠷᠡᠭᠰᠡᠨ ᠨᠢᠯᠬᠠ ᠲᠣᠭᠣᠯ ᠶ᠋ᠢᠡᠨ ᠴᠦ᠍ ᠪᠢ ᠬᠠᠪᠣᠷ ᠭᠡᠲᠡᠭ
ᠰᠢᠵᠢᠮ ᠲᠠᠰᠣᠷᠠᠳᠠᠯᠠ ᠲᠠᠭᠠᠷᠢᠬᠰᠠᠨ ᠠᠵᠢᠷᠭᠠ ᠪᠠᠨ ᠪᠢ ᠬᠠᠪᠣᠷ ᠭᠡᠲᠡᠭ
ᠰᠢᠪᠡᠭᠡᠨ ᠳ᠋ᠦ ᠬᠠᠪᠴᠢᠭᠣᠯᠣᠬᠰᠠᠨ ᠣᠩᠭᠣᠰᠣᠨ ᠲᠦᠬᠦᠲᠡᠭ ᠶ᠋ᠢᠡᠨ ᠴᠦ᠍ ᠪᠢ ᠬᠠᠪᠣᠷ ᠭᠡᠲᠡᠭ
ᠴᠢᠬᠢᠨ ᠲᠠᠪᠠ ᠪᠡᠷ ᠨᠢ ᠵᠢᠰᠦᠯᠡᠲᠡᠭ ᠵᠢᠰᠦ ᠪᠠᠨ ᠪᠢ ᠬᠠᠪᠣᠷ ᠭᠡᠲᠡᠭ