ᠬᠠᠩᠱᠢᠨ᠎ᠤ ᠲᠤᠬᠠᠢ ᠱᠢᠯᠥᠭ
2026-04-13 11:32:47
ᠵᠣᠬᠢᠶᠠᠭ᠍ᠴᠢ᠄
ᠨᠤᠮᠢᠨ
ᠣᠩᠱᠢᠭ᠍ᠰᠠᠨ ᠣᠳᠠᠭ᠎ᠠ᠄
★★★☆☆

ᠬᠠᠪᠤᠷ ᠬᠠᠩᠰᠢ᠎ᠶ᠋ᠢ ᠨᠡᠬᠡᠭᠡᠨ᠎ᠡ

ᠬᠠᠩᠰᠢ ᠬᠠᠪᠤᠷ᠎ᠢ ᠮᠡᠳᠡᠭᠡᠯᠡᠨ᠎ᠡ

ᠬᠠᠶᠠ ᠡᠪᠡᠰᠦ ᠤᠷᠭᠤᠬᠤ᠎ᠨᠢ

ᠬᠠᠷ᠎ᠠ ᠳᠠᠷᠤᠭ᠍ᠰᠠᠨ ᠵᠡᠭᠦᠳᠦ ᠮᠡᠲᠦ ᠰᠤᠴᠢᠮᠠᠭ

ᠬᠠᠷᠢᠶᠠᠴᠠᠢ ᠦᠷ᠎ᠢᠶᠠᠷ ᠵᠢᠷᠭᠢᠵᠦ᠍

ᠬᠠᠢᠷ᠎ᠠ᠎ᠶ᠋ᠢᠨ ᠪᠠᠭᠤᠴᠠ᠎ᠪᠠᠨ ᠵᠠᠰᠠᠨ᠎ᠠ

ᠬᠠᠯᠠᠭᠤᠨ ᠠᠮᠢᠳᠤᠷᠠᠯ ᠲᠡᠨᠳᠡ ᠡᠬᠢᠯᠡᠨ᠎ᠡ


ᠬᠠᠷᠢ ᠨᠤᠳᠤᠭ᠎ᠢᠶᠠᠨ ᠭᠡᠵᠦ᠍

ᠬᠠᠷᠢᠭ᠍ᠰᠠᠨ ᠱᠢᠪᠠᠭᠤᠳ ᠡᠷᠭᠢᠨ᠎ᠡ

ᠬᠠᠢᠯᠠᠰᠤᠨ᠎ᠤ ᠨᠠᠮᠠᠭᠠᠨ ᠳᠡᠭᠡᠷ᠎ᠡ

ᠬᠠᠢᠷ᠎ᠠ ᠳᠤᠭ᠍ᠳᠤᠯᠵᠤ ᠬᠦᠪᠦᠷᠠᠨ᠎ᠡ

ᠬᠢᠵᠠᠭᠠᠷ᠎ᠤᠨ ᠲᠡᠭ᠌ᠷᠢ᠎ᠶ᠋ᠢ ᠴᠤᠭᠤᠴᠢᠵᠦ᠍

ᠬᠦᠵᠢᠰ᠎ᠤᠨ ᠤᠳᠤᠭ᠎ᠠ ᠨᠠᠮᠢᠷᠠᠨ᠎ᠠ

ᠬᠠᠨᠴᠦᠢ᠎ᠨᠢ ᠰᠡᠮᠡᠷᠡᠭ᠌ᠰᠡᠨ ᠬᠠᠭᠤᠴᠢᠨ ᠳᠡᠪᠡᠯ

ᠬᠠᠢᠷᠠᠲᠠᠢ ᠬᠦᠮᠦᠰ᠎ᠢ ᠡᠷᠢᠭ᠌ᠳᠡᠭᠦᠯᠦᠨ᠎ᠡ


ᠤᠷᠭᠤᠨ᠎ᠠ ᠭᠡᠰᠡᠨ ᠬᠦᠰᠡᠯ

ᠤᠨᠠᠭᠠᠨ᠎ᠠ ᠭᠡᠰᠡᠨ ᠨᠢᠯᠪᠤᠰᠤ

ᠤᠬᠠᠭᠠᠨ ᠤᠬᠠᠭᠠᠨ᠎ᠳᠠᠭᠠᠨ ᠰᠦᠵᠢᠷᠡᠨ᠎ᠡ

ᠤᠳᠠᠬᠤ ᠦᠭᠡᠢ ᠴᠡᠴᠡᠭ ᠳᠡᠯᠭᠡᠷᠡᠬᠦ᠌᠎ᠨᠢ

ᠤᠷᠢᠳᠦ᠍᠎ᠶ᠋ᠢᠨ ᠦᠯᠢᠭᠡᠷ ᠱᠢᠭ

ᠤᠷᠤᠰᠭᠤ ᠴᠠᠭ ᠬᠤᠭᠤᠴᠠᠭ᠎ᠠ

ᠤᠯᠠᠷᠢᠯ᠎ᠢ ᠤᠷᠪᠡᠭᠤᠯᠵᠤ ᠨᠠᠭᠠᠳᠤᠨ᠎ᠠ

ᠤᠴᠢᠷᠯᠠᠵᠦ᠍ ᠬᠢᠩᠱᠢᠬᠦ᠌ ᠰᠠᠯᠬᠢᠨ

ᠤᠷᠤᠭᠤᠯ ᠪᠤᠯᠵᠦ᠍ ᠲᠡᠭ᠌ᠷᠢ ᠵᠦᠭ ᠦᠭᠦᠯᠡᠨ᠎ᠡ

ᠤᠤᠯ᠎ᠨᠢ ᠠᠮᠢᠳᠤ ᠦᠬᠦᠯ

ᠦᠭᠡᠷ᠎ᠡ ᠶᠢᠷᠳᠢᠨᠴᠦ᠍᠎ᠠᠴᠠ ᠬᠠᠷᠠᠯᠴᠠᠨ᠎ᠠ

ᠦᠨᠡᠨᠴᠢ ᠬᠠᠢᠷ᠎ᠠ ᠬᠠᠩᠰᠢ᠎ᠪᠠᠷ ᠦᠷᠭᠦᠯᠵᠢᠯᠡᠨ᠎ᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号