ᠬᠠᠪᠤᠷ᠎ᠤᠨ ᠮᠦᠴᠢᠷ᠎ᠲᠤ ᠬᠠᠩᠰᠢ ᠲᠡᠯᠭᠡᠷᠡᠭᠡᠳ
ᠬᠠᠩᠰᠢ᠎ᠶ᠋ᠢᠨ ᠡᠳᠦᠷ ᠬᠠᠯᠢᠭ᠍ᠰᠠᠳᠢᠶᠠᠨ ᠮᠦᠷᠦᠭᠡᠳᠦᠨᠡᠮ
ᠲᠡᠭᠡᠳᠦᠰ᠎ᠤᠨ ᠪᠤᠩᠬᠤᠨ᠎ᠳᠤ ᠬᠦᠷᠭᠡᠭ᠌ᠰᠡᠨ ᠪᠠᠭ᠍ᠴᠠ ᠪᠠᠭ᠍ᠴᠠ ᠴᠡᠴᠡᠭᠡᠰ
ᠲᠡᠯᠡᠬᠡᠢ᠎ᠶ᠋ᠢᠨ ᠪᠤᠯᠪᠠᠰᠤᠨᠳᠤ ᠭᠡᠷᠡᠯᠳᠦᠭ᠌ᠰᠡᠨ ᠪᠤᠳᠢ ᠪᠤᠳᠢ ᠨᠤᠮ
ᠡᠪᠬᠡᠷ ᠡᠪᠭᠡᠷ ᠤᠭᠠᠯᠵᠠᠯᠠᠬᠤ ᠲᠦᠯᠡᠱᠢᠨᠤ ᠤᠳᠤᠭ᠎ᠠ
ᠡᠬᠦᠯᠡᠨ᠎ᠳᠤ ᠬᠡ ᠵᠠᠩᠬᠢᠳᠤᠨ ᠠᠩᠬᠢᠯᠤᠭᠤᠨ ᠠᠭᠠᠳ ᠡᠪᠬᠡᠷᠡᠬᠦᠨ
ᠡᠩᠭᠡᠷ ᠲᠡᠪᠳᠦᠭᠡᠭ᠌ᠰᠡᠨ ᠦᠷᠡᠰ᠎ᠤᠨ ᠲᠠᠨ᠎ᠢ ᠭᠠᠱᠢᠭᠤᠨ ᠨᠢᠯᠪᠤᠰᠤᠨ
ᠡᠩᠬᠡᠵᠢᠨᠤ ᠤᠷᠤᠨ᠎ᠳᠤ ᠱᠢᠪᠡᠷ ᠱᠢᠪᠡᠷ ᠭᠤᠨᠢᠭ᠎ᠤᠨ ᠪᠤᠷᠤᠭ᠎ᠠ
ᠬᠦᠷᠵᠡ ᠬᠦᠷᠵᠡ᠎ᠪᠠᠷ ᠨᠡᠮᠡᠭ᠌ᠰᠡᠨ ᠬᠦᠦ᠍᠎ᠶ᠋ᠢᠨ ᠲᠡᠨᠢ ᠰᠡᠳᠭᠢᠯ
ᠮᠦᠷᠦᠭᠡᠳᠦᠯ ᠠᠴᠢᠶᠠᠯᠠᠭᠠᠳ ᠤᠪᠤᠭ᠎ᠠ ᠤᠪᠤᠭ᠎ᠠ ᠵᠢᠷᠤᠬᠡᠨ ᠠᠭᠤᠯᠠ ᠪᠤᠯᠵᠠᠢ
ᠲᠡᠪᠡᠷᠢ ᠲᠡᠪᠡᠷᠢ᠎ᠪᠠᠷ ᠱᠢᠳᠠᠭᠠᠭ᠍ᠰᠠᠨ ᠨᠤᠭᠤᠨ ᠦᠷᠡᠰ᠎ᠤᠨ ᠲᠡᠨᠢ ᠰᠦᠵᠢᠭ᠌ᠯᠡᠯ
ᠬᠦᠨᠳᠡᠬᠦᠷ ᠨᠡᠮᠡᠭᠡᠳ ᠰᠡᠩᠬᠢᠨᠡᠰ ᠰᠡᠩᠬᠢᠨᠡᠰ ᠬᠦᠵᠢᠰ᠎ᠤᠨ ᠤᠳᠤᠭ᠎ᠠ ᠪᠤᠯᠵᠠᠢ
ᠲᠤᠷᠤᠨᠡᠳᠠᠬᠢᠨᠤ ᠪᠤᠯᠪᠠᠰᠤᠨᠳᠤ ᠲᠠᠯᠪᠠᠭ᠎ᠠ ᠪᠤᠯᠵᠤ ᠨᠠᠮᠢᠷᠠᠭ᠍ᠰᠠᠨ
ᠲᠤᠮᠤᠭ ᠲᠡᠤᠬᠡ᠎ᠶ᠋ᠢᠨ ᠲᠤᠪᠴᠢᠶᠠᠨ᠎ᠤ ᠠᠯᠳᠠᠨ ᠪᠠᠷᠢᠨᠳᠠᠭ᠍ᠳᠤ ᠰᠤᠳᠤᠷ ᠮᠢᠨᠢ
ᠵᠠᠭᠤᠨ ᠵᠠᠭᠤᠨ᠎ᠳᠤ ᠵᠤᠯᠭᠠᠷᠠᠰᠢ ᠦᠭᠡᠢ ᠵᠤᠯᠠ᠎ᠶ᠋ᠢᠨ ᠪᠠᠳᠮ᠎ᠠ
ᠵᠤᠯᠠ᠎ᠶ᠋ᠢᠨ ᠬᠡᠷᠡᠯᠳᠤ ᠲᠡᠯᠭᠡᠷᠡᠭ᠌ᠰᠡᠨ ᠬᠦᠮᠦᠨ ᠰᠤᠶᠤᠯ᠎ᠤᠨ ᠲᠤᠤᠯᠢᠰ ᠮᠢᠨᠢ
ᠶᠢᠷᠳᠢᠨᠴᠤ᠎ᠶ᠋ᠢᠨ ᠬᠤᠭᠤᠰᠤᠨ᠎ᠢ ᠶᠠᠰᠤ᠎ᠪᠠᠨ ᠤᠢᠷᠠᠬᠦᠯᠤᠨ ᠨᠦᠬᠦᠭ᠌ᠰᠡᠨ
ᠶᠡᠭᠡ ᠬᠠᠢᠷ᠎ᠠ᠎ᠶ᠋ᠢᠨ ᠱᠢᠳᠦᠬᠡᠨ ᠡᠪᠦᠭᠡᠨ ᠡᠪᠦᠬᠡᠨ ᠪᠤᠷᠬᠠᠳ ᠮᠢᠨᠢ
ᠠᠮᠢ ᠨᠠᠰᠣᠨ ᠤ᠋ ᠬᠡᠷᠡᠯᠳᠤ ᠮᠤᠳᠤᠨ᠎ᠠᠴᠠ ᠨᠠᠮᠤᠷ᠎ᠤᠨ ᠨᠠᠪᠴᠢᠰ ᠱᠢᠭ᠋ ᠵᠤᠯᠭᠠᠷᠠᠭᠠᠳ
ᠠᠭᠤᠯᠠ ᠲᠡᠷᠡᠯᠡᠵᠤ ᠵᠢᠷᠭᠠᠭ᠍ᠰᠠᠨ ᠤᠭ᠍ᠰᠠᠭᠠᠨ᠎ᠤ ᠬᠡᠬᠡᠨ ᠨᠠᠷᠠ ᠮᠢᠨᠢ
ᠠᠨᠢᠷ ᠬᠤᠯᠠ ᠶ᠋ᠢᠨ ᠭᠠᠵᠠᠷ᠎ᠲᠤ ᠠᠨᠢᠷ ᠦᠬᠡᠢ ᠶᠠᠪᠤᠭ᠍ᠰᠠᠨ
ᠠᠮᠤᠭᠤᠯᠠᠩ᠎ᠤᠨ ᠤᠷᠤᠨ᠎ᠤ ᠬᠡᠬᠡᠨ ᠬᠡᠬᠡᠨ ᠰᠦᠨᠡᠰᠦᠨᠨᠣᠬᠦᠳ ᠮᠢᠨᠢ
ᠡᠪᠡᠰᠦᠨ ᠲᠡᠭᠡᠷ᠎ᠡ ᠬᠢᠰᠭᠢᠯᠡᠵᠤ ᠡᠪᠡᠰᠤᠨ ᠲᠤᠤᠷ᠎ᠠ ᠦᠯᠮᠡᠢ ᠠᠮᠠᠷᠠᠭᠠᠬᠤ ᠬᠡᠵᠤ
ᠦᠬᠦᠯ ᠲᠠᠮᠤ᠎ᠶ᠋ᠢᠨ ᠰᠡᠬᠦᠳᠡᠷ᠎ᠲᠤ ᠵᠠᠯᠬᠢᠭ᠍ᠳᠠᠭ᠍ᠰᠠᠨ ᠬᠦᠮᠦᠨ᠎ᠤ ᠬᠡᠷᠡᠯ ᠮᠢᠨᠢ
ᠴᠡᠴᠡᠭ ᠪᠤᠯᠭᠠᠨ ᠬᠡᠷᠡᠯ᠎ᠢᠶᠠᠨ ᠤᠨᠳᠠᠷᠠᠭᠠᠭ᠍ᠰᠠᠨ ᠲᠡᠷᠡᠭᠡᠨ ᠬᠤᠷᠤᠮ᠎ᠢᠶᠠᠷ
ᠴᠢᠮᠡᠭᠡ ᠦᠬᠡᠢᠬᠡᠨ ᠬᠤᠢᠨ᠎ᠠ ᠬᠤᠢᠨ᠎ᠠ᠎ᠠᠴᠠ᠎ᠪᠠᠨ ᠬᠢᠵᠠᠭᠠᠷᠬᠦᠢ ᠬᠠᠷᠠᠩᠭᠤᠢ᠎ᠳᠤ ᠶᠠᠪᠤᠭ᠍ᠰᠠᠨ ᠶᠤᠮ
ᠴᠢᠯᠠᠭᠤ ᠪᠤᠯᠭᠠᠨ ᠤᠰᠤᠭᠤᠵᠤ ᠨᠢᠯᠪᠤᠰᠤᠨ ᠭᠤᠤᠯ᠎ᠲᠠᠢ ᠬᠠᠷᠬᠢᠶᠠᠳᠤᠭ᠍ᠰᠠᠨ ᠬᠤᠨᠤᠭᠤᠳᠢᠶᠠᠷ
ᠴᠢᠯᠠᠭᠤᠨ ᠤᠷᠭᠤᠮᠠᠯ ᠪᠤᠯᠵᠤ ᠨᠠᠬᠢᠶᠠᠯᠠᠭᠠᠳ ᠴᠠᠭᠠᠨᠠᠬᠠᠨ ᠤᠷᠴᠢᠯᠠᠩ᠎ᠳᠤ ᠤᠴᠢᠭ᠍ᠰᠠᠨ ᠶᠤᠮ
ᠬᠤᠷᠸ᠎ᠠ᠎ᠶ᠋ᠢᠨ ᠬᠠᠳᠠᠭᠤ᠎ᠪᠠᠷ ᠬᠤᠨᠤᠭ ᠲᠤᠭᠠᠯᠠᠯ᠎ᠢᠶᠠᠨ ᠲᠡᠭᠦᠰᠭᠡᠭ᠌ᠰᠡᠨ ᠪᠤᠯᠬᠤᠷ
ᠬᠤᠩᠭᠤᠷ ᠦᠷ᠎ᠡ᠎ᠨᠢ ᠵᠢᠷᠤᠬᠡᠨ᠎ᠤ ᠬᠡᠷᠡᠯ᠎ᠢᠶᠠᠨ ᠠᠰᠠᠭᠠᠵᠤ ᠵᠤᠯᠠ ᠪᠤᠯᠭᠠᠨ ᠪᠠᠷᠢᠶᠤ
ᠤᠷᠴᠢᠯᠠᠩ᠎ᠤᠨ ᠲᠤᠳᠠᠭᠤ᠎ᠶ᠋ᠢ ᠦᠪᠡᠷ᠎ᠢ᠎ᠪᠠᠨ ᠬᠡᠪᠳᠡᠬᠦᠯᠵᠤ ᠨᠦᠬᠦᠳᠡᠭ ᠪᠤᠯᠬᠤᠷ
ᠤᠳᠤᠨ᠎ᠤ ᠬᠡᠷᠡᠯ᠎ᠢᠶᠠᠷ ᠬᠦᠵᠢ ᠠᠰᠠᠭᠠᠭᠠᠳ ᠵᠤᠪᠠᠯᠢ ᠲᠠᠨ᠎ᠢ ᠨᠢᠮᠬᠡᠯᠡᠶᠤ