ᠤᠷᠤᠢᠳᠠᠬ᠍ᠰᠠᠨ ᠪᠤᠷᠤᠭᠠᠨ
2026-04-13 11:41:10
ᠵᠣᠬᠢᠶᠠᠭ᠍ᠴᠢ᠄
ᠯ᠊·ᠰᠤᠨᠢᠨ
ᠣᠩᠱᠢᠭ᠍ᠰᠠᠨ ᠣᠳᠠᠭ᠎ᠠ᠄
★★★☆☆

ᠨᠠᠮ᠎ᠠ᠎ᠶ᠋ᠢ ᠦᠨᠦᠰᠭᠦ ᠭᠡᠵᠦ᠍᠂ ᠪᠤᠷᠤᠭ᠎ᠠ

ᠤᠯᠠᠷᠢᠯ᠎ᠢᠶᠠᠨ ᠮᠠᠷᠳᠠᠨ

ᠤᠶᠠᠷᠠᠮ᠎ᠠ ᠬᠠᠢᠯᠤᠮ᠎ᠠ ᠠᠰᠭᠠᠷᠠᠨ᠎ᠠ

ᠰᠤᠪᠤᠷᠠᠨ ᠰᠤᠨᠤᠯᠵᠠᠬᠤ ᠪᠤᠷᠤᠭᠠᠨ᠎ᠤ ᠲᠤᠰᠤᠯ᠎ᠢ

ᠠᠯᠠᠭ᠎ᠠ᠎ᠪᠠᠨ ᠲᠡᠯᠬᠡᠨ ᠲᠤᠰᠭᠤ᠎ᠳᠤ ᠮᠦᠯᠢᠬᠦᠨ

ᠤᠰᠤᠭᠤᠬ᠍ᠰᠠᠨ ᠪᠦᠷᠦᠢ᠎ᠶ᠋ᠢ ᠦᠮᠴᠢᠷᠬᠡᠨ

ᠪᠤᠷᠤᠭᠠᠨ᠎ᠳᠤ ᠱᠠᠪᠱᠢᠭᠤᠯᠤᠨ ᠠᠯᠬᠤᠯᠠᠬᠤ᠎ᠳᠤ

ᠡᠪᠦᠯ᠎ᠤᠨ ᠲᠤᠬᠠᠢ ᠦᠯᠢᠭᠡᠷ ᠡᠬᠢᠯᠡᠨ᠎ᠡ


ᠪᠤᠯᠵᠤᠭᠠᠨ᠎ᠳᠠᠭᠠᠨ ᠶᠠᠭᠠᠷᠠᠵᠦ᠍᠂ ᠴᠠᠰᠤ

ᠬᠠᠯᠢᠭᠤᠨ ᠨᠠᠮᠤᠷ᠎ᠢᠶᠠᠷ

ᠰᠡᠪᠡᠷᠡᠮ᠎ᠡ ᠲᠡᠪᠡᠷᠡᠮ᠎ᠡ ᠬᠠᠶᠠᠯᠠᠨ᠎ᠠ

ᠴᠢᠮ᠎ᠠ᠎ᠳᠤ ᠤᠩᠱᠢᠬᠤ ᠬᠠᠢᠷ᠎ᠠ᠎ᠶ᠋ᠢᠨ ᠵᠠᠬᠢᠶ᠎ᠠ ᠱᠢᠭ᠋

ᠱᠢᠷᠬᠡᠭ ᠪᠦᠷᠢ ᠰᠡᠳᠭᠢᠯ ᠰᠡᠮᠡᠷᠡᠬᠦᠯᠦᠨ ᠪᠠᠭᠤᠨ᠎ᠠ

ᠠᠩᠬᠠᠨ᠎ᠤ ᠲᠤᠷᠠᠯᠠᠯ ᠱᠢᠭ᠋ ᠬᠦᠪᠰᠦᠭᠡᠷ ᠴᠠᠰᠤᠨ

ᠬᠠᠢᠷᠠᠯᠠᠵᠦ᠍ ᠠᠮᠵᠢᠯ ᠦᠭᠡᠢ ᠬᠠᠢᠯᠤᠨ ᠤᠷᠤᠰᠴᠦ᠍

ᠤᠷᠤᠢᠳᠠᠬ᠍ᠰᠠᠨ ᠪᠤᠷᠤᠭᠠᠨ᠎ᠳᠤ ᠬᠠᠨᠢ ᠪᠤᠯᠤᠨ᠎ᠠ


ᠬᠠᠢᠷ᠎ᠠ᠎ᠪᠠᠨ ᠮᠠᠨᠠᠵᠦ᠍᠂ ᠪᠢ

ᠴᠠᠰᠤ ᠪᠤᠷᠤᠭᠠᠨ᠎ᠢᠶᠠᠷ

ᠬᠠᠯᠬᠢᠯᠠᠮ᠎ᠠ ᠴᠠᠯᠬᠢᠯᠠᠮ᠎ᠠ ᠤᠶᠠᠩᠭᠠᠯᠠᠨ᠎ᠠ

ᠡᠪᠦᠯ᠎ᠤᠨ ᠦᠷᠳᠡᠭᠡᠨ᠎ᠳᠤ ᠬᠦᠭ᠌ᠵᠢᠮᠳᠡᠬᠦ᠌

ᠪᠤᠷᠤᠭᠠᠨ᠎ᠤ ᠮᠦᠩᠭᠦᠨ ᠠᠶᠠᠯᠭᠤ᠎ᠶ᠋ᠢ ᠴᠢᠩᠨᠠᠵᠦ᠍

ᠨᠠᠪᠴᠢᠰ᠎ᠤᠨ ᠭᠤᠨᠢᠭ᠎ᠢ ᠪᠦᠪᠡᠢᠯᠡᠬᠦ᠌

ᠴᠠᠰᠤᠨ᠎ᠤ ᠠᠮᠢᠰᠭᠤᠭ᠎ᠠ᠎ᠳᠤ ᠠᠭᠤᠰᠴᠦ᠍

ᠤᠯᠠᠷᠢᠯ᠎ᠤᠨ ᠵᠠᠢ᠎ᠳᠤ ᠨᠡᠬᠦᠳᠡᠯᠯᠡᠨ᠎ᠡ


ᠦᠯᠢᠭᠡᠷ᠎ᠤᠨ ᠶᠤᠮ ᠱᠢᠭ᠂ ᠰᠦᠨᠢ

ᠴᠠᠰᠤᠨ᠎ᠤ ᠵᠢᠷᠤᠭ ᠪᠤᠷᠤᠭᠠᠨ᠎ᠤ ᠬᠦᠱᠢᠭᠡ᠎ᠪᠠᠷ

ᠭᠠᠢᠬᠠᠮ᠎ᠠ ᠪᠠᠶᠠᠰᠤᠮ᠎ᠠ ᠭᠤᠶᠤᠯᠠᠨ᠎ᠠ

ᠵᠠᠮ᠎ᠤᠨ ᠳ᠋ᠧᠩ᠎ᠠᠴᠠ ᠪᠤᠳᠠᠷᠠᠬᠤ ᠤᠴᠢ

ᠴᠢᠨᠦ᠍ ᠰᠤᠷᠮᠤᠤᠰᠤᠨ ᠱᠢᠭᠤᠢ᠎ᠶ᠋ᠢ ᠭᠡᠷᠡᠯᠳᠦᠬᠦᠯᠦᠨ᠎ᠡ

ᠲᠤᠷᠮᠤᠨ ᠬᠠᠷᠠᠴᠠᠨ᠎ᠠᠴᠠ ᠴᠢᠨᠢ ᠢᠪᠢᠯᠬᠦ᠌

ᠬᠠᠢᠷ᠎ᠠ᠎ᠶ᠋ᠢᠨ ᠢᠯᠴᠢᠨ᠎ᠳᠤ ᠤᠶᠠᠰᠴᠦ᠍

ᠴᠠᠰᠤᠨ᠎ᠤ ᠬᠡ᠎ᠲᠠᠢ ᠪᠤᠷᠤᠭ᠎ᠠ ᠱᠠᠭᠢᠨ᠎ᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号