ᠨᠡᠬᠡᠭᠡᠭ᠌ᠰᠡᠨ ᠬᠠᠩᠰᠢ ᠪᠤᠯᠬᠤ ᠪᠡᠷ ᠡᠪᠦᠭᠡᠳ ᠪᠤᠭᠤᠷᠤᠯ᠎ᠢᠶᠠᠨ ᠰᠠᠨᠠᠬᠤ ᠬᠡᠴᠡᠭᠦᠤ᠃ ᠲᠡᠷᠡ ᠨᠢ ᠡᠴᠢᠨ᠎ᠡ ᠳᠠᠯᠳᠠ᠎ᠶ᠋ᠢᠨ ᠡᠷᠴᠢ ᠪᠤᠯᠪᠠᠤ᠂ ᠠᠯᠢ ᠡᠰᠡᠬᠦᠯ᠎ᠡ ᠠᠮᠢᠨ ᠬᠠᠢᠷ᠎ᠠ᠎ᠶ᠋ᠢᠨ ᠪᠣᠯᠵᠣᠭ᠎ᠠ ᠪᠢᠯᠢᠦ᠃ ᠨᠤᠲᠤᠭ᠎ᠤᠨ ᠪᠣᠷᠣ ᠣᠯᠢᠶᠠᠰᠣ ᠨᠠᠳᠠ ᠤᠷᠤᠭᠤ ᠰᠠᠷᠠᠪᠴᠢᠯᠠᠵᠤ ᠪᠠᠢᠭ᠎ᠠ ᠴᠦ᠍ ᠱᠢᠬ᠂ ᠬᠥᠷᠥᠭᠡᠳ ᠢᠷᠡᠨ᠎ᠡ ᠦᠦ ᠭᠡᠵᠦ᠍ ᠭᠡᠩᠰᠡᠷᠡᠵᠦ᠍ ᠪᠠᠢᠭ᠎ᠠ ᠴᠦ᠍ ᠶᠤᠮ ᠱᠢᠬ᠃ ᠲᠡᠷᠡ ᠬᠣᠯᠠ᠎ᠶ᠋ᠢᠨ ᠮᠥᠷᠥᠭᠡᠳᠦᠯ᠎ᠢ ᠨᠠᠳᠠ ᠤᠷᠤᠭᠤ ᠬᠦᠷᠭᠡᠳᠡᠭ ᠨᠢ ᠨᠡᠬᠡᠭᠡᠭ᠌ᠰᠡᠨ ᠬᠠᠩᠰᠢ᠎ᠶ᠋ᠢᠨ ᠴᠢᠬᠢᠭ᠎ᠦᠨ ᠦᠨᠦᠷᠲᠦ ᠤᠶᠠᠬᠠᠨ ᠰᠠᠯᠬᠢ ᠨᠢ᠃ ᠰᠠᠯᠬᠢᠨ᠎ᠤ ᠦᠨᠦᠷᠲᠦ᠎ᠨᠢ ᠨᠤᠲᠤᠭ᠎ᠤᠨ ᠮᠢᠨᠢ ᠵᠠᠬᠢᠶ᠎ᠠ ᠰᠤᠤ ᠪᠢᠯᠢᠭ ᠡᠩᠰᠡᠷᠡᠵᠦ᠍ ᠪᠠᠢᠳᠠᠭ ᠪᠡᠢᠯᠭᠦᠢ ᠭᠡᠵᠦ᠍ ᠪᠢ ᠰᠡᠮ ᠰᠡᠮᠡᠬᠡᠷᠭᠡᠨ ᠦᠨᠦᠷᠯᠡᠵᠦ᠍ ᠤᠳᠠᠭᠠᠨ ᠰᠠᠭᠤᠳᠠᠭ᠃
ᠠᠢᠷᠠᠭ᠎ᠤᠨ ᠦᠨᠦᠷ ᠠᠩᠭᠢᠯᠤᠭ᠍ᠰᠠᠨ ᠬᠡᠤᠬᠡᠳ ᠨᠠᠰᠤᠨ᠎ᠤ ᠭᠡᠭᠡᠨ ᠳᠤᠷᠠᠰᠤᠮᠵᠢ᠂ ᠡᠴᠢᠨ᠎ᠡ ᠬᠣᠯᠠ᠎ᠶ᠋ᠢᠨ ᠠᠶᠠᠨ᠎ᠤ ᠲᠣᠭᠣᠰᠣᠨ᠎ᠳᠤ ᠬᠦᠷᠡᠩ ᠴᠢᠯᠠᠭᠤᠳ᠎ᠤᠨ ᠦᠩᠭᠡᠷᠡᠭ᠌ᠴᠢ ᠭᠡᠷᠡᠯ ᠲᠤᠰᠴᠦ᠍᠂ ᠬᠥᠮᠥᠨ᠎ᠦ ᠠᠮᠢᠳᠤᠷᠠᠯ᠎ᠤᠨ ᠭᠦᠨ ᠲᠣᠭᠣᠰᠣᠨ᠎ᠳᠤ ᠪᠢ ᠬᠡᠮᠡᠬᠦ᠌ ᠨᠡᠷᠡᠲᠦ᠍᠎ᠶ᠋ᠢᠨ ᠵᠢᠷᠭᠠᠯ ᠲᠠᠢ ᠶᠠᠪᠤᠳᠠᠭ ᠨᠢ ᠶᠠᠭᠤᠨ᠃ ᠵᠠᠭᠤᠨ ᠵᠠᠭᠤᠨ᠎ᠤ ᠨᠠᠮᠤᠷ᠂ ᠮᠢᠩᠭᠠᠨ ᠮᠢᠩᠭᠠᠨᠤ ᠬᠠᠪᠤᠷ᠎ᠲᠤ ᠨᠤᠲᠤᠭ᠎ᠤᠨ ᠪᠣᠷᠣ ᠴᠢᠯᠠᠭᠤᠳ᠂ ᠬᠥᠬᠡ ᠣᠭ᠍ᠲᠠᠷᠭᠤᠢ᠂ ᠬᠥᠷᠥᠰᠥᠲᠦ ᠮᠦᠩᠬᠦᠨ ᠶᠢᠷᠲᠢᠨᠴᠦ᠍ ᠲᠠᠢ ᠪᠠᠨ ᠬᠠᠶᠠᠭ᠎ᠠ ᠬᠠᠶᠠᠭ᠎ᠠ᠎ᠪᠠᠨ ᠳᠡᠷᠡᠯᠡᠨ᠂ ᠬᠠᠨᠢᠰᠠᠨ ᠲᠠᠰᠤᠯᠴᠠᠵᠦ᠍ ᠪᠠᠢᠳᠠᠭ ᠨᠢ ᠶᠠᠭᠤᠨ᠃ ᠡᠨᠡ ᠰᠠᠢᠬᠠᠨ ᠨᠤᠲᠤᠭ᠎ᠤᠨ ᠦᠷᠦᠴᠡᠨ᠎ᠳᠦ ᠦᠶ᠎ᠡ ᠦᠶ᠎ᠡ ᠪᠤᠤᠭᠢᠶ᠎ᠠ ᠳᠠᠮᠵᠢᠵᠦ᠍᠂ ᠡᠵᠡᠨ ᠨᠢ ᠦᠩᠭᠡᠷᠡᠪᠡᠴᠦ᠍᠂ ᠴᠢᠯᠠᠭᠤ ᠨᠢ ᠮᠦᠩᠬᠡᠷᠡᠳᠡᠭ ᠢᠲᠡᠭᠡᠯ ᠬᠠᠲᠠᠭᠤ ᠶᠣᠰᠣᠨ ᠲᠠᠢ᠂ ᠡᠩ ᠦᠭᠡᠢ ᠳᠡᠯᠡᠬᠡᠢᠳ᠋ᠦ᠍ ᠡᠵᠡᠨ ᠪᠣᠯᠵᠤ ᠰᠠᠭᠤᠳᠠᠭ ᠬᠥᠮᠥᠨ ᠶᠠᠰᠤᠲᠦ ᠲᠡᠤᠬᠡ᠃ ᠡᠨᠡ ᠬᠣᠷᠸᠠᠳ᠋ᠤ ᠠᠮᠢᠳᠤᠷᠠᠯ ᠬᠠᠢᠷ᠎ᠠ ᠳᠡᠭᠡᠷ᠎ᠡ ᠲᠣᠭ᠍ᠲᠠᠳᠠᠭᠤᠨ ᠤᠴᠢᠷ᠂ ᠨᠤᠲᠤᠭ ᠠᠮᠢᠨᠴᠢᠬᠠᠨ ᠬᠥᠮᠥᠨ ᠬᠡᠪᠡᠷᠡᠭ ᠪᠠᠢᠳᠠᠭ᠎ᠤᠨ ᠶᠣᠰᠣᠨ᠎ᠢᠶᠡᠷ ᠦᠶ᠎ᠡ ᠦᠶ᠎ᠡ᠎ᠶ᠋ᠢᠨ ᠪᠤᠭᠤᠷᠤᠯᠴᠤᠳ ᠡᠴᠢᠨ᠎ᠡ ᠬᠣᠯᠠ ᠲᠡᠭ᠌ᠷᠢ᠎ᠶ᠋ᠢᠨ ᠴᠠᠭᠠᠨ᠎ᠠ ᠬᠠᠯᠢᠵᠦ᠍᠂ ᠠᠮᠢᠳᠤᠷᠠᠯ᠎ᠤᠨ ᠴᠠᠭᠠᠨ ᠮᠥᠷ᠎ᠢᠶᠡᠨ ᠳᠡᠯᠡᠬᠡᠢ᠎ᠶ᠋ᠢᠨ ᠲᠣᠭᠣᠰᠣᠨ᠎ᠤ ᠳᠠᠯᠳᠠ ᠦᠯᠡᠳᠡᠭᠡᠵᠦ᠍᠂ ᠢᠷᠡᠬᠦ᠌ ᠭᠠᠯᠠᠭᠣᠳ᠎ᠤᠨ ᠭᠠᠩᠭᠠᠨᠠᠯᠳᠣᠭᠠᠨ ᠪᠤᠶᠤ ᠦᠩᠭᠡᠷᠡᠭ᠌ᠴᠢ ᠡᠭᠦᠯᠡᠰ᠎ᠦᠨ ᠰᠡᠭᠦᠳᠡᠷ ᠨᠢ ᠪᠣᠯᠵᠤ᠂ ᠡᠷᠭᠢᠵᠦ᠍ ᠬᠠᠷᠠᠳᠠᠭ ᠨᠢ ᠡᠨᠡ ᠬᠠᠪᠤᠷ᠎ᠤᠨ ᠨᠡᠬᠡᠭᠡᠭ᠌ᠰᠡᠨ ᠬᠠᠩᠰᠢ᠎ᠶ᠋ᠢᠨ ᠵᠣᠭᠣᠭ᠃
ᠨᠡᠬᠡᠭᠡᠭ᠌ᠰᠡᠨ ᠬᠠᠩᠰᠢ᠎ᠶ᠋ᠢᠨ ᠱᠢᠪᠡᠷᠡᠭᠡ ᠪᠣᠷᠣᠭᠠᠨ ᠪᠤᠶᠤ ᠨᠠᠳᠠ᠎ᠳᠠᠭᠠᠨ ᠬᠠᠢᠷᠠᠯᠠᠭ᠍ᠰᠠᠨ ᠬᠥᠮᠥᠨ ᠶᠣᠰᠣᠨ᠎ᠤ ᠮᠦᠩᠬᠡ᠎ᠶ᠋ᠢᠨ ᠵᠣᠭᠣᠭ᠎ᠤᠨ ᠬᠡᠰᠡᠭ ᠳᠡᠯᠭᠡᠮᠵᠢ ᠪᠤᠶᠤ ᠁
ᠨᠡᠬᠡᠭᠡᠭ᠌ᠰᠡᠨ ᠬᠠᠩᠰᠢ᠂ ᠡᠪᠦᠭᠡᠳ ᠪᠤᠭᠤᠷᠤᠯ᠎ᠢᠶᠠᠨ ᠦᠭᠡᠢᠯᠡᠬᠦ᠌ ᠬᠠᠩᠰᠢ᠃
ᠬᠥᠮᠥᠨ᠎ᠦ ᠨᠢᠭᠡ ᠨᠠᠰᠤ ᠭᠡᠵᠦ᠍ ᠦᠶ᠎ᠡ ᠦᠶ᠎ᠡ᠎ᠶ᠋ᠢᠨ ᠦᠶᠡᠯᠡᠯ᠎ᠤᠨ ᠤᠷᠲᠤᠬᠠᠨ ᠠᠶᠠᠨ᠎ᠳᠤ᠂ ᠲᠡᠷᠡ ᠬᠡᠪ᠎ᠢᠶᠡᠷ᠎ᠢᠶᠡᠨ ᠭᠢᠯᠠᠰᠭᠢᠨ ᠦᠩᠭᠡᠷᠡᠳᠡᠭ᠃ ᠦᠩᠭᠡᠷᠡᠭ᠌ᠰᠡᠨ ᠬᠥᠮᠥᠨ᠎ᠦ ᠤᠯᠨ ᠮᠥᠷ ᠦᠭᠡᠢ ᠪᠣᠯ ᠬᠡᠷᠬᠢᠨ ᠥᠨᠥ᠍ ᠦᠶ᠎ᠡ᠎ᠶ᠋ᠢᠨ ᠬᠢᠨ᠎ᠦ ᠠᠮᠢᠳᠤᠷᠠᠯ᠎ᠦᠨ ᠵᠢᠷᠭᠠᠯ ᠪᠠᠢᠳᠠᠭ ᠪᠢᠯᠡ᠃ ᠠᠢ ᠳ᠋ᠠ᠂ ᠵᠢᠷᠭᠠᠨ ᠪᠠᠶᠠᠰᠭᠤ ᠬᠣᠷᠸ᠎ᠠ᠎ᠳᠤ ᠵᠠᠶᠠᠭᠠᠨ᠎ᠤ ᠥᠯᠥᠭᠡᠢ ᠲᠠᠢ ᠡᠪᠦᠭᠡᠳ᠎ᠢᠶᠡᠨ ᠳᠤᠷᠠᠰᠭᠤ ᠦᠭᠡᠢ ᠪᠠᠢᠬᠤ᠎ᠶ᠋ᠢᠨ ᠠᠷᠭ᠎ᠠ ᠦᠭᠡᠢ᠃ ᠰᠠᠢᠨ ᠵᠦᠭ᠎ᠦᠨ ᠨᠤᠲᠤᠭ᠎ᠲᠠᠭᠠᠨ ᠶᠠᠰᠤ᠎ᠪᠠᠨ ᠲᠠᠯᠪᠢᠭ᠍ᠰᠠᠨ ᠡᠪᠦᠭᠡᠳ᠎ᠢᠶᠡᠨ ᠨᠠᠭᠡᠬᠡᠭ᠌ᠰᠡᠨ ᠬᠠᠩᠰᠢ ᠪᠣᠯᠬᠤ ᠪᠡᠷ ᠳᠤᠷᠠᠰᠤᠨ ᠰᠠᠨᠠᠭᠠᠯᠵᠠᠳᠠᠭ ᠶᠤᠮ ᠡ᠃ ᠠᠪᠤ᠎ᠶ᠋ᠢᠨ ᠮᠢᠨᠢ ᠪᠣᠢ᠎ᠳᠤ ᠪᠢ ᠠᠯᠳᠠᠨ ᠳᠡᠯᠡᠬᠡᠢ᠎ᠳᠦ ᠴᠢᠷᠠᠢᠴᠢᠯᠠᠵᠦ᠍᠂ ᠡᠪᠦᠭᠡ᠎ᠶ᠋ᠢᠨ ᠪᠣᠢ᠎ᠳᠤ ᠪᠢ ᠡᠨᠡ ᠨᠤᠲᠤᠭ᠎ᠢᠶᠠᠨ ᠲᠠᠨᠢᠭ᠍ᠰᠠᠨ᠃ ᠰᠠᠨᠠᠵᠦ᠍ ᠪᠣᠳᠣᠬᠤ᠎ᠶ᠋ᠢᠨ ᠬᠢᠵᠠᠭᠠᠷ ᠦᠭᠡᠢ ᠰᠠᠢ᠌ᠠᠬ᠍ᠨ ᠡᠪᠦᠭᠡᠳ ᠮᠢᠨᠢ᠂ ᠲᠠᠯ᠎ᠠ ᠴᠡᠩᠬᠡᠷ ᠨᠤᠲᠤᠭ᠎ᠢᠶᠠᠨ ᠪᠠᠷᠠᠯᠠᠭᠠᠳ ᠪᠠᠶᠠᠷᠯᠠᠵᠦ᠍ ᠪᠠᠢᠭ᠎ᠠ ᠦᠦ᠂ ᠲᠠᠨ᠎ᠠ ᠰᠢᠬ ᠴᠠᠢᠯᠵᠠᠭ᠍ᠰᠠᠨ ᠲᠠᠩᠰᠤᠭ ᠤᠶᠠᠬᠠᠨ ᠪᠠᠭᠤᠴᠠ᠎ᠪᠠᠨ ᠦᠭᠡᠢᠯᠡᠭᠡᠳ ᠤᠶᠠᠷᠠᠵᠦ᠍ ᠴᠦ᠍ ᠪᠠᠢᠭ᠎ᠠ ᠦᠦ᠃ ᠠᠢ ᠳ᠋ᠠ᠂ ᠡᠪᠦᠭᠡᠳ᠎ᠦᠨ ᠮᠥᠷ ᠲᠠᠢ ᠨᠤᠲᠤᠭ᠎ᠤᠨ ᠥᠷᠥᠴᠡᠨ᠎ᠡᠴᠡ᠂ ᠰᠦᠨ ᠰᠠᠴᠤᠯᠢ ᠪᠠᠨ ᠡᠷᠭᠦᠨ ᠰᠦᠭᠦᠷᠡᠵᠦ᠍ ᠪᠠᠢᠨᠠᠮ ᠪᠢ᠃ ᠡᠨᠡᠬᠡᠨ ᠬᠣᠷᠸ᠎ᠠ᠎ᠳᠤ ᠭᠠᠭ᠍ᠴᠠᠬᠠᠨ ᠣᠯᠳᠠᠬᠤ ᠨᠤᠲᠤᠭ ᠰᠡᠳᠭᠢᠯ᠎ᠦᠨ ᠠᠮᠢᠨᠴᠢᠬᠠᠨ᠎ᠠᠴᠠ᠂ ᠬᠠᠯᠢᠵᠦ᠍ ᠤᠳᠤᠭ᠍ᠰᠠᠨ ᠡᠪᠦᠭᠡᠳ᠎ᠦᠨ ᠰᠦᠨᠡᠰᠦᠨ᠎ᠳᠦ ᠳᠠᠭᠠᠳᠭᠠᠨᠠᠮ᠃
ᠨᠤᠲᠤᠭ᠎ᠤᠨ ᠪᠤᠭᠤᠷᠤᠯ ᠤᠯᠢᠶᠠᠰᠤ ᠲᠠ ᠮᠢᠨᠢ᠂ ᠦᠶ᠎ᠡ ᠦᠶ᠎ᠡ᠎ᠶ᠋ᠢᠨ ᠡᠪᠦᠭᠡᠳ᠎ᠦᠨ ᠰᠡᠭᠦᠳᠡᠷ ᠨᠢ ᠪᠣᠯᠣᠭ᠍ᠰᠠᠨ ᠳᠠᠷᠬᠠᠨ᠃ ᠲᠡᠷᠡ ᠰᠡᠭᠦᠳᠡᠷ ᠲᠣᠨ᠎ᠢ ᠦᠨᠡᠨ᠎ᠦ ᠬᠣᠷᠸ᠎ᠠ᠎ᠶ᠋ᠢᠨ ᠦᠨᠡᠨᠴᠢᠬᠡᠨ ᠪᠠᠢᠳᠠᠭ᠂ ᠦᠷᠬᠦᠯᠵᠢ ᠰᠠᠨᠠᠬᠤ᠎ᠶ᠋ᠢᠨ ᠵᠡᠷᠭᠡᠯᠭᠡᠨ ᠨᠢ ᠴᠦ᠍ ᠪᠠᠢᠳᠠᠭ᠃ ᠡᠨᠡ ᠪᠥᠬᠥᠨ ᠨᠢ ᠵᠢᠷᠦᠬᠡᠨ ᠬᠠᠢᠷᠠᠲᠠᠢ ᠪᠤᠭᠤᠷᠤᠯ᠎ᠤᠨ ᠲᠡᠤᠬᠡ ᠲᠤᠤᠯᠢᠰ ᠦᠯᠢᠭᠡᠷ ᠳᠣᠮᠣᠭ ᠪᠤᠶᠤ᠃ ᠨᠠᠭᠠᠱᠢᠯᠠᠵᠤ ᠴᠠᠭᠠᠱᠢᠯᠠᠬᠤ ᠭᠠᠯᠠᠭᠤᠳ᠎ᠤᠨ ᠳᠠᠭᠤᠨ ᠨᠢ ᠳᠡᠯᠭᠡᠷ ᠪᠠᠶᠠᠨ ᠳᠡᠯᠡᠬᠡᠢ ᠰᠠᠩ ᠲᠠᠢ᠂ ᠰᠥᠷᠦᠭ᠎ᠦᠨ ᠰᠦᠩ ᠰᠦᠮᠡᠲᠦ᠍ᠶ᠋ᠢᠨ ᠮᠥᠷ ᠲᠠᠢ᠂ ᠪᠠᠬᠠᠲᠤᠨ ᠪᠠᠬᠠᠲᠤᠨ ᠪᠠᠢᠭ᠎ᠠ ᠨᠤᠲᠤᠭ᠎ᠤᠨ ᠮᠢᠨᠢ ᠬᠠᠢᠷ᠎ᠠ ᠦᠦ᠂ ᠪᠠᠷᠠᠯᠠᠨ ᠪᠠᠷᠠᠯᠠᠨ ᠬᠣᠴᠣᠷᠬᠤ ᠥᠨᠳᠥᠷ ᠨᠠᠰᠤᠲᠠᠳ᠎ᠤᠨ ᠵᠠᠬᠢᠶ᠎ᠠ ᠦᠦ᠃ ᠪᠠᠶᠠᠨ ᠨᠤᠲᠤᠭ᠎ᠤᠨ ᠨᠡᠬᠡᠭᠡᠭ᠌ᠰᠡᠨ ᠬᠠᠩᠰᠢ ᠣᠢᠷᠠᠳᠭᠤ᠎ᠪᠠᠷ᠂ ᠬᠣᠯᠠ᠎ᠶ᠋ᠢᠨ ᠳᠡᠷᠳᠡᠭᠡ᠎ᠬᠢ ᠡᠭᠦᠯᠡᠰ ᠨᠢ ᠲᠤᠨᠤᠯᠵᠠᠵᠦ᠍᠂ ᠬᠠᠮᠤᠭ ᠠᠮᠢᠲᠠᠳ ᠲᠥᠯᠵᠢᠯ᠎ᠦᠨ ᠳᠠᠭᠤᠨ ᠲᠠᠢ ᠨᠠᠭᠠᠱᠢᠯᠠᠳᠠᠭ᠃ ᠡᠭᠦᠯᠡᠨ ᠳᠠᠯ᠎ᠳᠠᠬᠢ ᠡᠪᠦᠭᠡᠳ᠎ᠢᠶᠡᠨ ᠰᠠᠨᠠᠬᠤ᠎ᠪᠠᠷ᠂ ᠤᠶᠠᠷᠠᠨ ᠲᠤᠨᠤᠷᠠᠭ᠍ᠰᠠᠨ ᠴᠤᠤᠷᠢᠶᠠᠨ᠎ᠳᠤᠨᠢ ᠡᠪᠦᠭᠡᠳ᠎ᠦᠨ ᠲᠤᠤᠯᠢ ᠪᠣᠯᠵᠤ ᠬᠣᠴᠣᠷᠳᠠᠭ ᠨᠢ ᠡᠨᠡ᠃
ᠦᠩᠭᠡᠷᠡᠵᠦ᠍ ᠤᠳᠤᠭ᠍ᠰᠠᠨ ᠲᠡᠤᠬᠡ ᠱᠠᠰᠲᠢᠷ ᠡᠷᠭᠢᠨ ᠣᠷᠴᠢᠨ ᠦᠩᠭᠡᠷᠡᠭ᠌ᠰᠡᠭᠡᠷ᠃ ᠨᠤᠲᠤᠭ᠎ᠦᠨ ᠪᠤᠭᠤᠷᠤᠯ ᠴᠢᠯᠠᠭᠤᠳ᠎ᠢᠶᠠᠨ ᠬᠠᠷᠠᠭᠠᠳ᠂ ᠡᠴᠢᠨ᠎ᠡ ᠳᠡᠷᠳᠡᠭᠡ᠎ᠬᠢ ᠬᠥᠮᠥᠰ᠎ᠢᠶᠡᠨ ᠰᠠᠨᠠᠭᠠᠯᠵᠠᠬᠤ ᠶᠤᠮ ᠡ᠃ ᠨᠤᠲᠤᠭ᠎ᠤᠨ ᠬᠠᠩᠭᠠᠢ ᠥᠷᠥᠴᠡᠨ᠎ᠳᠦ᠂ ᠡᠪᠦᠭᠡ᠎ᠶ᠋ᠢᠨ ᠮᠢᠨᠢ ᠪᠣᠢ᠎ᠳᠤ ᠡᠪᠦᠭᠡ ᠨᠢ᠂ ᠬᠤᠯᠤᠨᠴᠠ᠎ᠶ᠋ᠢᠨ ᠪᠣᠢ᠎ᠳᠤ ᠬᠤᠯᠤᠨᠴᠠ ᠨᠢ ᠭᠡᠵᠦ᠍᠂ ᠬᠡᠴᠢᠨᠡᠨ ᠦᠶ᠎ᠡ ᠳᠠᠮᠵᠢᠵᠦ᠍ ᠡᠳᠦᠭᠡ᠎ᠳᠦ ᠬᠦᠷᠴᠦ᠍ ᠢᠷᠡᠭ᠌ᠰᠡᠨ ᠪᠣᠢ᠃ ᠨᠤᠲᠤᠭ᠎ᠤᠨ ᠬᠠᠨ ᠬᠠᠢᠷᠬᠠᠨ ᠠᠭᠤᠯᠠᠰ᠎ᠤᠨ ᠬᠥᠬᠡᠮᠳᠦᠭ ᠨᠢ᠂ ᠬᠠᠩᠰᠢ᠎ᠶ᠋ᠢᠨ ᠡᠳᠦᠷ ᠪᠣᠯᠬᠤ᠎ᠪᠠᠷ ᠬᠠᠢᠯᠠᠨ ᠴᠠᠢᠯᠵᠠᠳᠠᠭ ᠨᠢ ᠶᠠᠭᠤᠳᠠᠢ᠃ ᠬᠠᠩᠬᠢᠯ ᠨᠤᠲᠤᠭ᠎ᠤᠨ ᠡᠰᠡᠨᠢᠯ᠂ ᠡᠨᠡ ᠬᠣᠷᠸ᠎ᠠ᠎ᠳᠤ ᠰᠠᠭᠠᠲᠠᠭ᠍ᠰᠠᠨᠢ ᠲᠤᠩᠬᠠᠭ᠍ᠯᠠᠵᠤ ᠪᠠᠢᠬᠤ ᠨᠢ ᠪᠢᠵᠠ᠃ ᠬᠠᠷᠠᠵᠤ ᠬᠠᠢᠷᠠᠯᠠᠳᠠᠭ ᠨᠤᠲᠤᠭ ᠲᠠᠭᠠᠨ ᠬᠠᠭᠠᠨ ᠵᠠᠶᠠᠭ᠎ᠠ ᠲᠠᠢ ᠰᠠᠭᠠᠲᠠᠭᠠᠷᠠᠢ᠂ ᠥᠨᠳᠥᠷ ᠡᠪᠦᠭᠡᠳ ᠮᠢᠨᠢ᠃ ᠦᠩᠭᠡᠷᠡᠵᠦ᠍ ᠤᠳᠤᠭ᠍ᠰᠠᠨ ᠮᠥᠴᠡ ᠲᠠᠢ᠎ᠪᠠᠨ ᠦᠶᠡᠷᠬᠡᠨ ᠪᠠᠢᠵᠦ᠍ ᠲᠣᠭ᠍ᠲᠠᠭᠠᠷᠠᠢ᠂ ᠡᠪᠦᠭᠡᠳ᠎ᠦᠨ ᠮᠥᠷ ᠭᠡᠭᠡᠨ ᠰᠦᠨᠡᠰᠦᠨ ᠮᠢᠨᠤ᠃
ᠬᠡᠢᠮᠦᠷᠢᠯᠢᠭ ᠪᠠᠢᠭᠠᠯᠢ᠎ᠶ᠋ᠢᠨ ᠭᠦᠨ ᠭᠠᠢᠬᠠᠮᠱᠢᠭ ᠨᠢ᠂ ᠲᠣᠷᠭᠠᠨ ᠱᠢᠪᠱᠢᠭᠡ ᠲᠠᠢ ᠨᠠᠯᠠᠢᠵᠦ᠍ ᠨᠠᠭᠠᠱᠢᠯᠠᠳᠠᠭ ᠬᠣᠷᠸ᠎ᠠ ᠦᠦ?
ᠨᠠᠨᠳᠢᠨ ᠬᠠᠢᠷ᠎ᠠ᠎ᠶ᠋ᠢᠨ ᠢᠷᠠᠭᠤᠬᠠᠨ᠂ ᠨᠠᠮᠵᠢᠭᠤᠨ ᠠᠶᠠᠰ᠎ᠤᠨ ᠢᠲᠡᠭᠡᠯ ᠲᠠᠢ ᠤᠯᠠᠷᠢᠯ᠎ᠤᠨ ᠬᠠᠩᠰᠢ ᠪᠤᠶᠤ᠃
ᠨᠡᠬᠡᠭᠡᠭ᠌ᠰᠡᠨ ᠬᠠᠩᠰᠢ᠂ ᠠᠮᠢᠯᠠᠯ᠎ᠤᠨ ᠥᠷᠨᠢᠭᠦᠨ ᠡᠰᠡᠨᠢᠬᠦ᠌ ᠬᠠᠩᠰᠢ᠃
ᠲᠡᠨᠢᠢᠨ ᠮᠦᠱᠢᠶᠡᠭ᠌ᠰᠡᠨ ᠠᠮᠢᠵᠢᠷᠠᠯ᠎ᠤᠨ ᠦᠩᠬᠡ ᠪᠦᠷᠢᠨ ᠬᠠᠪᠤᠷ᠎ᠤᠨ ᠤᠷᠢᠨ ᠰᠠᠭᠠᠲᠠᠬᠤ᠎ᠪᠠᠷ᠂ ᠴᠠᠯ ᠣᠷᠭᠢᠯᠤᠮ᠎ᠠ ᠢᠲᠡᠭᠡᠯ ᠪᠦᠷᠢᠨ ᠵᠥᠪ᠂ ᠬᠠᠪᠤᠷ᠎ᠤᠨ ᠪᠣᠷᠣᠭ᠎ᠠ ᠱᠠᠭᠢᠨ ᠱᠢᠪᠡᠷᠡᠭ᠌ᠰᠡᠭᠡᠷ᠃ ᠳᠡᠯᠡᠬᠡᠢ ᠪᠠᠶᠠᠰᠭᠤ ᠤᠯᠠᠷᠢᠯ ᠭᠡᠵᠦ᠍ ᠡᠨᠡ ᠨᠢ ᠶᠤᠮ ᠦᠦ᠂ ᠳᠡᠩᠳᠡᠭᠦᠦ ᠠᠮᠢᠯᠠᠯ ᠰᠠᠭᠠᠲᠠᠬᠤ ᠬᠠᠩᠰᠢ᠎ᠶ᠋ᠢᠨ ᠪᠣᠷᠣᠭ᠎ᠠ ᠨᠢ ᠭᠡᠵᠦ᠍ ᠡᠨᠡ ᠮᠥᠨ ᠦᠦ᠃ ᠳᠡᠯᠭᠡᠷᠡᠬᠦ᠌ ᠵᠠᠶᠠᠭᠠᠨ᠎ᠤ ᠬᠠᠪᠤᠷ᠎ᠤᠨ ᠨᠠᠬᠢᠶ᠎ᠠ ᠴᠣᠬᠣᠢᠬᠤ ᠪᠡᠷ᠂ ᠳᠡᠩᠳᠡᠭᠦᠤ ᠤᠶᠠᠬᠠᠨ ᠠᠢᠵᠠᠮ ᠲᠠᠢ ᠨᠤᠲᠤᠭ᠎ᠤᠨ ᠲᠠᠯ᠎ᠠ ᠪᠡᠯᠴᠢᠭᠡᠷ ᠨᠢ ᠳᠡᠨᠢᠢᠨ ᠮᠦᠱᠢᠶᠡᠬᠦ᠌ ᠨᠢ᠂ ᠴᠠᠯ ᠵᠠᠯᠠᠭᠤᠬᠠᠨ ᠤᠯᠠᠷᠢᠯ ᠭᠡᠵᠦ᠍ ᠬᠠᠪᠤᠷ᠎ᠤᠨ ᠨᠠᠷᠠᠨ᠎ᠤ ᠨᠥᠮᠥᠷᠢ ᠲᠠᠢ ᠨᠠᠮᠵᠢᠭᠤᠬᠠᠨ ᠤᠯᠠᠷᠢᠯ᠎ᠢ ᠬᠡᠯᠡᠭᠡ ᠦᠦ᠃ ᠬᠠᠢᠯᠣᠨ ᠬᠠᠢᠯᠬᠤ ᠡᠪᠦᠯ᠎ᠦᠨ ᠴᠠᠰᠤᠨ ᠨᠢ᠂ ᠬᠠᠮᠤᠭ ᠪᠠᠢᠭᠠᠯᠢ᠎ᠪᠠᠨ ᠤᠶᠠᠷᠠᠭᠤᠯᠵᠦ᠍᠂ ᠨᠠᠭᠤᠷ᠎ᠤᠨ ᠭᠦᠨ ᠨᠢ ᠦᠶᠡᠯᠵᠡᠨ ᠮᠦᠱᠢᠶᠡᠵᠦ᠂ ᠱᠢᠨ᠎ᠡ ᠤᠯᠠᠷᠢᠯ᠎ᠢᠶᠠᠨ ᠲᠤᠩᠬᠠᠭ᠍ᠯᠠᠨᠠ᠃ ᠨᠠᠷᠠᠨ᠎ᠤ ᠲᠤᠨᠢᠶᠠᠷ ᠲᠠᠢ ᠨᠠᠢ᠌ᠷᠠᠭ ᠪᠥᠵᠢᠭ᠌ᠰᠡᠨ ᠤᠯᠠᠷᠢᠯ ᠢᠷᠡᠵᠦ᠍ ᠣᠢᠷᠠᠳᠭᠤ᠎ᠪᠠᠷ᠂ ᠰᠠᠢᠨ᠎ᠤ ᠢᠷᠦᠭᠡᠯ ᠲᠠᠢ ᠲᠠᠪᠤᠨ ᠬᠣᠱᠢᠭᠣ ᠪᠠᠨ ᠵᠦᠩᠨᠡᠬᠦ᠌ ᠨᠢ ᠂ ᠡᠷᠬᠡᠯᠡᠨ ᠡᠷᠬᠡᠯᠡᠨ ᠲᠣᠭ᠍ᠯᠠᠬᠤ ᠬᠤᠷᠠᠭ᠎ᠠ ᠲᠣᠭᠣᠯᠢᠶᠠᠷᠢᠶᠠᠨ ᠪᠠᠶᠠᠰᠭᠤ ᠦᠦ᠃ ᠬᠠᠲᠤᠨ ᠵᠠᠶᠠᠭᠠᠨ᠎ᠤ ᠮᠦᠩᠭᠡ ᠲᠡᠭᠷᠢᠯᠢᠭ ᠲᠠᠪᠢᠯᠠᠩ ᠲᠠᠢ ᠬᠠᠮᠤᠭ ᠠᠮᠢᠲᠠᠳ᠎ᠦᠨ ᠠᠮᠤᠷ ᠵᠢᠷᠭᠠᠯ᠎ᠢ ᠨᠢ ᠳᠠᠭᠠᠳᠭᠠᠨᠠᠮ᠃
ᠬᠠᠩᠰᠢ᠎ᠶᠢᠨ ᠡᠳᠦᠷ ᠪᠣᠯᠬᠤ ᠪᠡᠷ ᠬᠠᠭ᠍ᠳᠠ ᠡᠪᠡᠰᠦ ᠨᠣᠭᠣᠭᠠᠷᠠᠵᠤ᠂ ᠬᠠᠮᠤᠭ ᠪᠣᠳᠠᠰ ᠡᠰᠡᠨᠢᠨ ᠲᠥᠯᠵᠢᠳᠡᠭ᠃ ᠬᠠᠩᠰᠢ ᠦᠢᠷᠠᠳᠭᠤ ᠪᠡᠷ ᠬᠠᠪᠤᠷ᠎ᠤᠨ ᠪᠣᠷᠣᠭ᠎ᠠ ᠱᠢᠪᠡᠷᠡᠵᠦ᠍᠂ ᠴᠢᠬᠢᠭ᠌᠎ᠦᠨ ᠦᠨᠦᠷ ᠰᠡᠩᠭᠢᠨᠡᠭ᠌ᠰᠡᠨ ᠲᠠᠯ᠎ᠠ᠎ᠶᠢᠨ ᠰᠠᠢᠬᠠᠨ ᠤᠯᠠᠷᠢᠯ ᠪᠣᠯᠳᠠᠭ ᠡ᠃ ᠡᠰᠡᠨᠢᠯ᠎ᠦᠨ ᠤᠷᠢᠬᠠᠨ ᠬᠠᠪᠤᠷ ᠭᠡᠵᠦ᠍ ᠲᠦᠮᠡᠨ ᠪᠣᠳᠠᠰ᠎ᠤᠨ ᠠᠮᠢᠵᠢᠷᠠᠯ ᠪᠠᠢᠮᠠᠨᠵᠢᠨ ᠰᠠᠶᠢ ᠱᠢᠨ᠎ᠡ ᠬᠠᠪᠤᠷ᠎ᠤᠨ ᠤᠷᠢᠨ᠎ᠢᠶᠠᠨ ᠤᠭ᠍ᠲᠤᠳᠠᠭ᠃ ᠳᠠᠯᠠᠨ ᠬᠠᠷ᠎ᠠ᠎ᠶᠢᠨ ᠡᠩᠭᠡᠷ᠎ᠢᠶᠡᠷ ᠢᠷᠡᠬᠦ᠌ ᠭᠠᠯᠠᠭᠤᠳ᠎ᠤᠨ ᠭᠠᠩᠭᠠᠨᠠᠯᠳᠤᠭᠠᠨ ᠨᠢ ᠬᠣᠲᠠ᠎ᠶᠢᠨ ᠠᠷᠠᠳ᠎ᠤᠨ ᠰᠡᠳᠭᠢᠯ᠎ᠢ ᠰᠡᠷᠭᠦᠭᠡᠵᠦ᠍᠂ ᠱᠤᠤᠭᠢᠶᠠᠨ ᠲᠡᠪᠵᠢᠶᠡᠨᠠ᠋ᠴᠠ ᠵᠢᠷᠦᠬᠡᠱᠢᠶᠡᠭ᠌ᠰᠡᠨ ᠬᠥᠮᠥᠨ ᠠᠷᠠᠳ᠎ᠲᠠᠭᠠᠨ ᠰᠡᠳᠭᠢᠯ᠎ᠦᠨ ᠠᠨᠢᠷ᠂ ᠵᠢᠷᠦᠬᠡᠨ ᠴᠢᠮᠡᠭ ᠱᠢᠭ᠌ ᠱᠢᠨᠡᠷᠬᠡᠭ ᠬᠦᠴᠦᠨ᠎ᠢ ᠣᠯᠭᠣᠳᠠᠭ᠃ ᠲᠦᠮᠡᠳ᠎ᠦᠨ ᠲᠠᠯ᠎ᠠ᠎ᠶᠢᠨ ᠡᠩᠭᠡᠷ᠎ᠢᠶᠡᠷ ᠭᠦᠯᠦᠢᠨ ᠴᠣᠬᠣᠢᠭ᠍ᠰᠠᠨ ᠬᠦᠭᠡ ᠨᠤᠭᠤᠭ᠎ᠠ ᠴᠡᠩᠭᠡᠷ ᠢᠷᠭᠤᠢ᠂ ᠮᠤᠨᠢ ᠠᠭᠤᠯᠠ᠎ᠶᠢᠨ ᠬᠠᠯᠬᠠᠪᠴᠢ ᠲᠠᠢ ᠴᠡᠯᠡᠭᠡᠷ ᠲᠠᠯ᠎ᠠ᠎ᠶᠢᠨ ᠤᠳᠠ ᠤᠯᠢᠶᠠᠰᠤᠨ᠂ ᠭᠥᠯᠥᠭᠡᠯᠡᠨ ᠳᠡᠯᠭᠡᠷᠡᠭ᠌ᠰᠡᠨ ᠭᠦᠩᠵᠦ᠍ ᠵᠢᠨ ᠴᠡᠴᠡᠷᠯᠢᠭ᠎ᠦᠨ ᠲᠤᠭᠤᠷ᠎ᠤᠨ ᠴᠡᠴᠡᠭ᠎ᠦᠨ ᠲᠠᠯᠪᠢ ᠨᠢ ᠲᠡᠷᠡ ᠬᠡᠪ᠎ᠢᠶᠡᠷ᠎ᠢᠶᠡᠨ ᠬᠠᠩᠰᠢ ᠶ᠋ᠢᠨ ᠣᠯᠠᠷᠢᠯ ᠣᠢᠷᠠᠳᠴᠠᠢ ᠬᠡᠮᠡᠨ ᠲᠤᠩᠬᠠᠭ᠍ᠯᠠᠵᠤ ᠪᠠᠢᠨᠠᠮ᠃
ᠬᠠᠪᠤᠷ᠎ᠤᠨ ᠪᠣᠷᠣᠭ᠎ᠠ ᠱᠢᠪᠡᠷᠡᠬᠦ᠌ ᠪᠡᠷ᠂ ᠨᠤᠲᠤᠭ ᠰᠠᠨᠠᠬᠤ ᠭᠡᠵᠦ᠍ ᠬᠡᠴᠡᠭᠦᠦ᠃ ᠮᠠᠨ᠎ᠤ ᠨᠤᠲᠤᠭ᠎ᠤᠨ ᠬᠢᠨ ᠬᠠᠪᠤᠷ᠎ᠤᠨ ᠪᠣᠷᠣᠭ᠎ᠠ ᠴᠢᠬᠢᠭ᠌ᠯᠡᠬᠦ᠌ ᠪᠡᠷ ᠠᠨᠵᠢᠰᠤᠨ ᠬᠣᠱᠢᠭᠤ ᠬᠥᠳᠡᠯᠭᠡᠵᠦ᠍᠂ ᠴᠠᠭ᠎ᠢ ᠠᠮᠵᠢᠨ ᠬᠠᠪᠤᠷ᠎ᠤᠨ ᠲᠠᠷᠢᠶᠠᠯᠠᠩ᠎ᠢᠶᠠᠨ ᠪᠡᠯᠡᠳᠭᠡᠳᠡᠭ᠃ ᠬᠠᠪᠤᠷ᠎ᠤᠨ ᠡᠳᠦᠷ ᠦᠳᠲᠦ᠍᠂ ᠭᠤᠤ ᠰᠤᠵᠠᠭ ᠳᠦᠭᠦᠷᠡᠩ ᠭᠦᠢᠯᠡᠰᠦᠨ ᠴᠡᠴᠡᠭ ᠬᠤᠸᠠᠷᠯᠠᠵᠦ᠍᠂ ᠤᠳᠠ ᠤᠯᠢᠶᠠᠰᠤ ᠭᠥᠯᠥᠭᠡᠯᠡᠨ ᠨᠠᠬᠢᠶᠠᠯᠠᠵᠤ᠂ ᠠᠮᠢᠵᠢᠷᠠᠯ᠎ᠤᠨ ᠬᠦᠴᠦᠨ ᠡᠬᠡ ᠳᠡᠯᠡᠬᠡᠢ᠎ᠶᠢ ᠪᠠᠶᠠᠰᠭᠠᠨ᠎ᠠ᠃ 《 ᠬᠠᠪᠤᠷ ᠪᠣᠯᠵᠤ ᠬᠠᠭ᠍ᠳᠠ ᠨᠣᠭᠣᠭ᠎ᠠ ᠨᠤᠭᠤᠭᠠᠷᠠᠨ᠂ ᠬᠠᠩᠰᠢ ᠪᠣᠯᠵᠤ ᠬᠠᠮᠤᠭ ᠪᠣᠳᠠᠰ ᠡᠰᠡᠨᠢᠨ ᠲᠥᠯᠵᠢᠬᠦ ᠪᠡᠷ᠂ ᠠᠨᠵᠢᠰᠤᠨ ᠬᠣᠱᠢᠭᠤ ᠬᠥᠳᠡᠯᠭᠡᠳᠡᠭ ᠡ》 ᠭᠡᠵᠦ᠍ ᠡᠪᠦᠭᠡᠳ ᠨᠠᠰᠤᠳᠠᠳ᠎ᠤᠨ ᠮᠢᠨᠢ ᠬᠡᠯᠡᠭ᠌ᠰᠡᠨ ᠦᠭᠡ ᠥᠪᠡᠷ᠎ᠦᠨ ᠡᠷᠬᠡ ᠦᠭᠡᠢ ᠴᠢᠬᠢᠨᠳ᠋ᠦ᠍ ᠮᠢᠨᠢ ᠳᠠᠭᠤᠷᠢᠰᠤᠭᠠᠳ ᠢᠷᠡᠬᠦ᠌ ᠶᠤᠮ ᠡ᠃
ᠨᠡᠭᠡᠬᠡᠭ᠌ᠰᠡᠨ ᠬᠠᠩᠰᠢ᠂ ᠬᠠᠪᠤᠷ᠎ᠤᠨ ᠪᠣᠷᠣᠭ᠎ᠠ ᠱᠢᠪᠡᠷᠡᠬᠦ᠌ ᠤᠶᠠᠷᠠᠭᠤᠨ ᠬᠠᠩᠰᠢ᠃
ᠭᠠᠯᠠᠭᠤᠳ᠎ᠤᠨ ᠭᠠᠩᠭᠠᠨᠠᠯᠳᠣᠭᠠᠨ ᠨᠢ ᠤᠶᠠᠷᠠᠬᠤ ᠪᠣᠷᠣᠭᠠᠨ᠎ᠢᠶᠠᠨ ᠨᠠᠭᠠᠱᠢᠯᠠᠭᠤᠯᠤᠭ᠍ᠰᠠᠨ ᠦᠦ᠃ ᠬᠠᠩᠰᠢ᠎ᠶ᠋ᠢᠨ ᠪᠣᠷᠣᠭ᠎ᠠ ᠱᠠᠭᠢᠨ ᠱᠠᠭᠢᠨ ᠱᠠᠭᠢᠬᠤᠯᠠᠷ᠂ ᠢᠵᠢᠯᠢᠳᠦᠨ ᠵᠢᠷᠭᠠᠬᠤ ᠢᠩᠭᠡ ᠪᠣᠲᠣᠭᠣ ᠮᠢᠨᠢ ᠪᠠᠶᠠᠰᠤᠨ ᠲᠣᠭ᠍ᠯᠠᠬᠤ ᠶᠤᠮ ᠡ᠃ ᠡᠵᠡᠨ᠎ᠢᠶᠡᠨ ᠪᠠᠶᠠᠰᠭᠠᠬᠤ ᠲᠠᠪᠤᠨ ᠬᠣᠱᠢᠭᠤ ᠮᠠᠯ᠎ᠤᠨ ᠮᠢᠨᠢ ᠲᠥᠯ ᠡᠷᠬᠡᠯᠡᠨ ᠪᠠᠢᠵᠦ᠍᠂ ᠡᠬᠡ ᠳᠡᠯᠡᠬᠡᠢ ᠲᠠᠢ᠎ᠪᠠᠨ ᠦᠶᠡᠷᠬᠡᠬᠦ᠌ ᠶᠤᠮ ᠡ᠃ ᠠᠪᠤ᠎ᠶ᠋ᠢᠨ ᠠᠯᠳᠠᠩᠬᠠᠨ ᠠᠳᠤᠭᠤᠳ ᠮᠢᠨᠢ ᠬᠠᠪᠤᠷ᠎ᠤᠨ ᠱᠢᠪᠡᠷᠡᠭᠡ ᠲᠠᠢ ᠪᠣᠷᠣᠭᠠᠨ᠎ᠤ ᠱᠠᠷᠭᠢᠷᠠᠭᠠᠨ ᠲᠠᠢ᠂ ᠬᠠᠨ ᠠᠭᠤᠯᠠ᠎ᠶ᠋ᠢᠨ ᠡᠩᠭᠡᠷ᠎ᠢᠶᠡᠷ ᠪᠡᠯᠴᠢᠨ ᠲᠣᠭ᠍ᠯᠠᠵᠤ ᠪᠠᠢᠭ᠎ᠠ ᠨᠢ ᠦᠦ᠃ ᠡᠵᠢ᠎ᠶ᠋ᠢᠨ ᠤᠶᠠᠬᠠᠨ ᠢᠱᠢᠭᠡ ᠲᠣᠭᠣᠯ ᠨᠢ ᠬᠠᠩᠭᠠᠢ ᠭᠣᠪᠢ᠎ᠪᠠᠨ ᠳᠠᠭᠠᠨ ᠢᠳᠡᠭᠡᠱᠢᠯᠡᠭᠡ ᠦᠦ᠃ ᠠᠪᠤ᠎ᠶ᠋ᠢᠨ ᠭᠡᠷ᠎ᠦᠨ ᠬᠤᠢᠮᠦᠷᠠᠴᠠ ᠬᠠᠪᠤᠷ ᠢᠷᠡᠯ᠎ᠡ ᠭᠡᠵᠦ᠍ ᠬᠠᠷᠢᠶᠠᠴᠠᠢ ᠱᠢᠪᠠᠭᠤ ᠨᠢ ᠱᠢᠪᠡᠨᠡᠯᠳᠦᠭᠡ ᠦᠦ᠂ ᠡᠵᠢ᠎ᠶ᠋ᠢᠨ ᠠᠢᠷᠠᠭ᠎ᠤᠨ ᠦᠨᠦᠷᠲᠦ᠎ᠨᠢ ᠡᠬᠡ ᠳᠡᠯᠡᠬᠡᠢ ᠨᠢ ᠪᠠᠶᠠᠰᠤᠭᠠᠳ ᠤᠶᠠᠷᠠᠭ᠎ᠠ ᠦᠦ᠃
ᠠᠭᠤᠳᠠᠮ ᠲᠠᠯ᠎ᠠ ᠨᠢ ᠰᠢᠪᠡᠷᠡᠬᠦ᠌ ᠪᠣᠷᠣᠭᠠᠨᠢᠶᠠᠷᠢᠶᠠᠨ ᠤᠨᠢᠶᠠᠷᠲᠤᠭᠠ ᠦᠦ? ᠪᠤᠷᠬᠠᠨ ᠪᠤᠮᠪᠠ᠎ᠶ᠋ᠢᠨ ᠣᠷᠣᠨ᠎ᠳᠤ ᠵᠢᠷᠦᠬᠡᠨ ᠬᠠᠢᠷ᠎ᠠ ᠲᠠᠢ ᠦᠶᠡᠯᠡᠨ ᠪᠠᠭᠤᠬᠤ ᠱᠢᠪᠡᠷᠡᠭᠡ᠎ᠶ᠋ᠢ ᠬᠠᠷᠠᠭᠠᠳ ᠤᠶᠠᠷᠠᠨ ᠤᠶᠠᠷᠠᠮᠠᠷ᠃ ᠮᠦᠩᠬᠡ᠎ᠶ᠋ᠢᠨ ᠲᠠᠭ᠍ᠰᠢᠨ ᠨᠤᠲᠤᠭ ᠤᠰᠤᠨ᠎ᠳᠤ ᠮᠢᠨᠢ ᠪᠣᠷᠣᠭᠠᠨ ᠪᠢᠰᠢ ᠢᠲᠡᠭᠡᠯ ᠬᠠᠢᠷᠠᠯᠠᠵᠦ᠍ ᠪᠠᠢᠭ᠎ᠠ ᠨᠢ ᠡᠨᠡ ᠪᠢᠯᠢᠦ᠃ ᠬᠠᠪᠤᠷ᠎ᠤᠨ ᠪᠣᠷᠣᠭ᠎ᠠ ᠬᠠᠩᠰᠢ᠎ᠶ᠋ᠢᠨ ᠪᠣᠷᠣᠭ᠎ᠠ᠂ ᠬᠠᠮᠤᠭ ᠪᠣᠳᠠᠰ ᠲᠥᠯᠵᠢᠯ᠎ᠦᠨ ᠱᠢᠮ᠎ᠡ ᠡ᠃ ᠬᠠᠪᠤᠷ᠎ᠤᠨ ᠪᠣᠷᠣᠭ᠎ᠠ ᠬᠠᠢᠷ᠎ᠠ᠎ᠶ᠋ᠢᠨ ᠪᠣᠷᠣᠭ᠎ᠠ᠂ ᠬᠠᠨ ᠬᠣᠷᠸ᠎ᠠ᠎ᠶ᠋ᠢᠨ ᠠᠮᠢᠵᠢᠷᠠᠯ᠎ᠤᠨ ᠰᠦᠩ᠃ ᠬᠠᠪᠤᠷ᠎ᠤᠨ ᠪᠣᠷᠣᠭᠠᠨ᠎ᠤ ᠬᠠᠩᠬᠢᠯ ᠱᠢᠪᠡᠷᠡᠭᠡᠨᠳᠦᠨᠢ ᠬᠠᠢᠯᠠᠨ ᠤᠳᠭᠤ ᠦᠩᠭᠡᠷᠡᠭ᠌ᠴᠢ ᠰᠠᠷ᠎ᠠ ᠡᠳᠦᠷ᠎ᠤᠳ ᠡ᠃ ᠬᠠᠢᠷ᠎ᠠ ᠬᠠᠢᠷ᠎ᠠ᠎ᠶ᠋ᠢᠨ ᠱᠢᠪᠡᠷᠡᠭᠡ ᠲᠠᠢ᠂ ᠰᠦᠩ ᠢᠷᠦᠭᠡᠯ ᠱᠢᠮᠡᠷᠡᠭᠦᠯᠦᠭ᠌ᠰᠡᠨ ᠪᠣᠷᠣᠭ᠎ᠠ᠂ ᠮᠢᠨᠤ ᠰᠡᠳᠭᠢᠯ᠎ᠦᠨ ᠬᠥᠪᠴᠢ᠎ᠶ᠋ᠢ ᠶᠠᠭᠠᠬᠢᠬᠤ᠎ᠶ᠋ᠢᠨ ᠠᠷᠭ᠎ᠠ ᠦᠭᠡᠢ ᠲᠠᠲᠠᠬᠤ ᠨᠢ᠃ ᠦᠩᠭᠡᠷᠡᠭ᠌ᠴᠢ ᠡᠪᠦᠯ᠎ᠦᠨ ᠴᠢᠯ ᠴᠠᠭᠠᠨ ᠨᠢ ᠲᠡᠷᠡ ᠬᠡᠪ᠎ᠢᠶᠡᠷ᠎ᠢᠶᠡᠨ ᠤᠶᠠᠷᠠᠨ ᠤᠳᠭᠤᠪᠠᠷ᠂ ᠥᠪᠡᠷ᠎ᠦᠨ ᠡᠷᠬᠡ ᠦᠭᠡᠢ ᠬᠠᠢᠯᠠᠭᠠᠳ ᠢᠷᠡᠬᠦ᠌ ᠨᠢ᠃ ᠨᠤᠲᠤᠭ᠎ᠤᠨ ᠴᠡᠩᠬᠡᠷ ᠠᠶᠠᠯᠭᠤ ᠭᠡᠵᠦ᠍ ᠡᠨᠡ ᠦᠦ᠂ ᠨᠠᠭᠠᠳᠤᠨ ᠦᠶᠡᠷᠬᠡᠭ᠌ᠰᠡᠨ ᠪᠠᠢᠭᠠᠯᠢ ᠬᠣᠷᠸ᠎ᠠ ᠭᠡᠵᠦ᠍ ᠡᠨᠡ ᠪᠢᠯᠢᠦ᠃
ᠡᠯᠡᠰᠦᠨ ᠮᠠᠩᠬᠠᠨ᠎ᠳᠤ ᠮᠠᠨᠠᠷᠠᠭᠠᠳ ᠪᠠᠭᠤᠭ᠍ᠰᠠᠨ ᠪᠣᠷᠣᠭᠠᠨ ᠨᠢ᠂ ᠡᠵᠢ᠎ᠶ᠋ᠢᠨ ᠦᠷᠴᠢᠯᠡᠭᠡᠰᠦ ᠲᠠᠢ ᠴᠢᠷᠠᠢ᠎ᠶ᠋ᠢ ᠪᠠᠶᠠᠰᠭᠠᠵᠦ᠍᠂ ᠭᠠᠵᠠᠷ᠎ᠤᠨ ᠠᠮᠢᠰᠭᠤᠭ᠎ᠠ ᠲᠠᠢ ᠪᠠᠭᠤᠭᠠᠳ ᠢᠷᠡᠬᠦ᠌᠎ᠪᠡᠷ᠂ ᠨᠤᠲᠤᠭ ᠪᠠᠶᠠᠰᠤᠭᠠᠳ ᠢᠷᠡᠬᠦ᠌ ᠨᠢ ᠡ᠃ ᠭᠠᠯᠪᠠ᠎ᠶ᠋ᠢᠨ ᠪᠤᠭᠤᠷᠤᠯ ᠰᠠᠯᠬᠢᠨ ᠨᠢ ᠳᠡᠷᠪᠡᠭᠡᠳ᠂ ᠭᠠᠭ᠍ᠴᠠᠬᠠᠨ ᠬᠦᠢ ᠲᠠᠢ ᠭᠠᠩᠭᠠᠳᠠᠭᠠᠳ ᠶᠠᠪᠤᠨ᠎ᠠ᠃ ᠤᠢ ᠲᠤᠩᠭᠠᠯᠠᠬ ᠵᠡᠭᠡᠰᠦᠨ ᠨᠠᠭᠤᠷ᠎ᠤᠨ ᠭᠦᠨ᠎ᠳᠦ᠂ ᠢᠵᠢᠯᠢᠱᠢᠨ ᠲᠠᠰᠤᠭ᠍ᠰᠠᠨ ᠬᠤᠨ ᠨᠢ ᠪᠤᠴᠠᠬᠤ᠎ᠪᠠᠷ ᠠᠷᠢᠭᠤᠬᠠᠨ ᠬᠠᠢᠷ᠎ᠠ᠎ᠶ᠋ᠢᠨ ᠠᠭᠤᠤ᠎ᠶ᠋ᠢ ᠮᠡᠳᠡᠷᠡᠬᠦ᠌ ᠦᠭᠡᠢ ᠪᠠᠢᠬᠤ᠎ᠶ᠋ᠢᠨ ᠠᠷᠭ᠎ᠠ ᠦᠭᠡᠢ ᠤᠯᠠᠷᠢᠯ ᠡ᠃ ᠭᠦᠨ ᠪᠤᠯᠠᠭ᠎ᠤᠨ ᠤᠰᠤᠨ ᠨᠢ ᠦᠷᠡᠵᠢᠯᠲᠦ ᠬᠠᠪᠤᠷ᠎ᠤᠨ ᠵᠢᠷᠦᠬᠡᠨ ᠴᠣᠬᠢᠯᠭ᠎ᠠ ᠲᠠᠢ᠂ ᠥᠨᠵᠢᠨ ᠮᠠᠢᠯᠠᠬᠣ ᠲᠥᠯ᠎ᠦᠨ ᠳᠠᠭᠤᠨ ᠨᠢ ᠬᠦᠢ ᠬᠣᠯᠪᠣᠭᠠᠰᠤ ᠲᠠᠢ ᠪᠠᠢᠳᠠᠭ᠎ᠤᠨ ᠤᠴᠢᠷ᠂ ᠦᠶᠡᠷᠬᠡᠨ ᠵᠠᠶᠠᠭᠠᠬᠤ ᠬᠠᠪᠤᠷ᠎ᠤᠨ ᠤᠷᠢ᠎ᠨᠢ ᠪᠢ ᠵᠠᠶᠠᠭᠠᠪᠡᠷ᠎ᠢᠶᠡᠨ ᠲᠣᠰᠣᠨ ᠡᠷᠭᠦᠳᠡᠭ᠃ ᠲᠡᠷᠡ ᠵᠠᠶᠠᠭᠠᠨ᠎ᠳᠤ ᠠᠮᠢᠵᠢᠷᠠᠯ᠎ᠤᠨ ᠤᠶᠠᠭ᠎ᠠ ᠲᠠᠢ᠂ ᠲᠡᠷᠡ ᠤᠷᠢᠨ᠎ᠳᠤ ᠬᠥᠮᠥᠨ ᠮᠥᠰᠥᠨ ᠬᠠᠢᠷ᠎ᠠ ᠲᠠᠢ᠃ ᠦᠶᠡᠯᠡᠨ ᠦᠶᠡᠯᠡᠨ ᠬᠠᠢᠯᠵᠠᠬᠤ ᠦᠨᠢ ᠮᠦᠩᠬᠡ᠎ᠶ᠋ᠢᠨ ᠤᠷᠢᠨ ᠭᠡᠵᠦ᠍ ᠡᠨᠡ ᠪᠢᠯᠡ᠂ ᠦᠨᠡᠨ ᠬᠠᠢᠷ᠎ᠠ᠎ᠶ᠋ᠢᠨ ᠲᠥᠭᠡᠯᠡᠨ ᠲᠠᠯᠪᠢᠭ᠍ᠰᠠᠨ ᠤᠴᠠᠷᠠᠯ ᠤᠨ ᠰᠠᠢᠬᠠᠨ ᠬᠠᠪᠤᠷ ᠡ᠃
ᠨᠡᠬᠡᠭᠡᠭ᠌ᠰᠡᠨ ᠬᠠᠩᠰᠢ᠂ ᠨᠠᠢ᠌ᠷᠠᠭ ᠠᠮᠢᠯᠠᠵᠤ ᠨᠠᠮᠵᠢᠭᠤᠨ ᠬᠦᠦᠷᠨᠢᠬᠦ᠌ ᠬᠠᠩᠰᠢ᠃
ᠮᠦᠩᠬᠡ᠎ᠶ᠋ᠢᠨ ᠰᠡᠳᠦᠪᠲᠦ ᠢᠷᠠᠭᠤ ᠨᠠᠢ᠌ᠷᠠᠭ᠎ᠤᠨ ᠤᠷᠲᠤ ᠠᠶᠠᠨ᠂ ᠮᠦᠨ ᠬᠣᠷᠸ᠎ᠠ᠎ᠶᠢᠨ ᠣᠶᠠᠬᠠᠨ ᠵᠠᠶᠠᠭᠠᠲᠣ ᠬᠦᠮᠦᠨ ᠵᠠᠶᠠᠭᠠᠨ᠎ᠤ ᠨᠢᠭᠡ ᠨᠠᠰᠣ᠃ ᠠᠮᠢᠳᠤᠷᠠᠯ᠎ᠠᠴᠠ ᠠᠮᠲᠠᠯᠠᠭ᠍ᠳᠠᠭ᠍ᠰᠠᠨ ᠲᠡᠷᠡ ᠪᠥᠬᠥᠨ ᠨᠢ ᠢᠷᠠᠭᠤ ᠨᠠᠢ᠌ᠷᠠᠭ᠎ᠤᠨ ᠠᠮᠢᠨ ᠰᠦᠨᠡᠰᠦ᠂ ᠠᠮᠢᠨ ᠬᠠᠢᠷᠠᠲᠠᠢ ᠨᠤᠲᠤᠭ ᠤᠰᠤᠨ᠎ᠤ ᠦᠩ ᠨᠢ ᠠᠶᠠᠯᠤᠨ ᠳᠠᠭᠤᠯᠠᠬᠤ ᠤᠶᠠᠩᠭ᠎ᠠ ᠳᠠᠭᠤᠣ᠎ᠶᠢᠨ ᠮᠢᠨᠢ ᠠᠮᠢᠨ ᠰᠠᠬᠢᠶ᠎ᠠ᠃ ᠬᠠᠩᠰᠢ᠎ᠶ᠋ᠢᠨ ᠡᠳᠦᠷ ᠣᠢᠷᠠᠳᠭᠤ᠎ᠪᠠᠷ᠂ ᠦᠯᠢᠭᠡᠷ ᠳᠣᠮᠣᠭ ᠲᠠᠢ ᠨᠠᠢ᠌ᠷᠠᠭ ᠬᠦᠪᠦᠯᠵᠡᠭᠡᠳ ᠯᠡ᠂ ᠦᠨᠡᠨ ᠵᠠᠶᠠᠭᠠᠨ᠎ᠤ ᠮᠦᠩᠬᠡ᠎ᠶ᠋ᠢᠨ ᠠᠶᠠᠯᠭᠤ ᠰᠤᠪᠤᠷᠠᠭᠠᠳ ᠯᠡ᠃ ᠨᠣᠮ᠎ᠤᠨ ᠬᠦᠷᠳᠦ ᠲᠠᠢ ᠨᠠᠢ᠌ᠷᠠᠭ᠎ᠤᠨ ᠰᠠᠬᠢᠶ᠎ᠠ ᠭᠡᠵᠦ᠍ ᠡᠨᠡ ᠪᠢᠯᠢᠦ᠂ ᠨᠠᠮᠤᠷ ᠪᠤᠴᠠᠭ᠍ᠰᠠᠨ ᠭᠠᠯᠠᠭᠤᠳ᠎ᠢᠶᠠᠨ ᠦᠭᠡᠢᠯᠡᠭ᠌ᠰᠡᠨ ᠨᠠᠰᠤᠨ᠎ᠤ ᠨᠠᠮᠤᠷ᠎ᠤᠨ ᠤᠶᠠᠩᠭ᠎ᠠ ᠦᠦ᠃ ᠰᠠᠨᠠᠭ᠎ᠠ ᠪᠣᠳᠣᠯ ᠲᠠᠢ ᠰᠠᠭᠠᠲᠠᠨ᠂ ᠬᠠᠩᠬᠣᠯᠣᠭᠤᠨ ᠲᠡᠨᠢᠭᠦᠨ ᠰᠡᠮᠡᠷᠡᠨ ᠪᠠᠭᠤᠬᠤ ᠱᠢᠯᠦᠭ᠎ᠦᠨ ᠮᠡᠳᠡᠷᠡᠮᠵᠢ᠂ ᠬᠠᠨ ᠬᠤᠷᠮᠤᠰᠲᠠ᠎ᠶ᠋ᠢᠨ ᠡᠯᠴᠢ ᠨᠢ ᠭᠡᠵᠦ᠍ ᠪᠢ ᠠᠶᠠᠷᠬᠠᠨ ᠲᠣᠰᠣᠭᠠᠳ ᠥᠮᠴᠢᠯᠡᠳᠡᠭ᠃ ᠲᠣᠭ᠍ᠲᠠᠬᠤ ᠢᠷᠦᠭᠡᠯ ᠲᠠᠢ ᠳᠠᠶᠠᠩ ᠬᠣᠷᠸ᠎ᠠ᠎ᠳᠤ ᠪᠢ᠂ ᠨᠡᠭᠡᠭᠡᠭᠰᠡᠨ ᠬᠠᠩᠰᠢ᠎ᠶ᠋ᠢᠨ ᠪᠣᠷᠣᠭ᠎ᠠ ᠲᠠᠢ ᠱᠢᠯᠦᠭ ᠢᠶᠠᠨ ᠡᠷᠭᠦᠨ᠎ᠡ᠃ ᠨᠠᠭᠠᠯᠢᠩᠬᠠᠢᠳᠠᠨ ᠮᠦᠱᠢᠶᠡᠭ᠌ᠰᠡᠨ ᠴᠡᠴᠡᠭ᠎ᠦᠨ ᠲᠠᠯᠪᠢ ᠱᠢᠭ ᠠᠷᠢᠭᠤᠬᠠᠨ ᠤᠶᠠᠩᠭᠠᠯᠠᠵᠦ᠍ ᠬᠠᠢᠷᠠᠲᠠᠢ ᠪᠥᠬᠥᠨ ᠵᠢᠡᠨ ᠪᠠᠶᠠᠰᠬᠠᠨ᠎ᠠ᠃
ᠬᠤᠩᠭᠤᠷᠬᠠᠨ ᠪᠦᠰᠡᠭᠦᠢ ᠵᠠᠶᠠᠭ᠎ᠠ ᠲᠠᠢ ᠰᠠᠷᠠᠨ᠎ᠤ ᠲᠤᠨᠢᠶᠠᠷᠲᠤᠨᠢ᠂ ᠬᠠᠷᠠᠴᠠ ᠨᠢ ᠲᠣᠭ᠍ᠲᠠᠭ᠍ᠰᠠᠨ ᠲᠡᠷᠡ ᠬᠡᠪ᠎ᠢᠶᠡᠷ᠎ᠢᠶᠡᠨ ᠦᠯᠡᠳᠡᠬᠦ᠌ ᠨᠢ᠃ ᠬᠠᠢᠯᠤᠨ ᠭᠤᠷᠴᠢᠭᠢᠨᠠᠬᠤ ᠳᠠᠭᠤᠨ ᠨᠢ ᠬᠤᠭᠤᠷ ᠴᠤᠭᠤᠷ ᠤᠨ ᠡᠭᠡᠱᠢᠭ ᠲᠠᠢ᠂ ᠬᠠᠨ ᠬᠠᠢᠷᠬᠠᠨ᠎ᠤ ᠰᠦᠮᠡᠯᠵᠡᠭᠡᠨᠳᠦᠨᠢ᠂ ᠬᠠᠲᠤᠨ ᠬᠠᠢᠷ᠎ᠠ᠎ᠶ᠋ᠢᠨ ᠳᠠᠭᠤᠤ ᠣᠶᠠᠩᠭ᠎ᠠ ᠲᠠᠢ᠃ ᠦᠶᠡᠷᠬᠡᠨ ᠭᠠᠩᠭᠠᠨᠠᠯᠳᠤᠬᠤ ᠤᠰᠤᠨ᠎ᠤ ᠱᠢᠪᠠᠭᠤᠳ ᠨᠢ ᠦᠶ᠎ᠡ᠎ᠶ᠋ᠢᠨ ᠨᠠᠢ᠌ᠵᠠ᠎ᠶ᠋ᠢ ᠰᠠᠨᠠᠭ᠍ᠳᠠᠭᠤᠯᠤᠮᠠᠷ᠂ ᠬᠦᠪᠴᠢ ᠤᠢ᠎ᠶ᠋ᠢᠨ ᠬᠦᠬᠦᠭᠡ᠎ᠶ᠋ᠢᠨ ᠳᠠᠭᠤᠨ᠎ᠳᠤᠨᠢ ᠦᠯᠡᠮᠵᠢ᠎ᠶ᠋ᠢᠨ ᠭᠦᠨ ᠢᠷᠦᠭᠡᠯ ᠲᠠᠢ ᠨᠢ ᠪᠠᠢᠳᠠᠭ ᠪᠢᠯᠡ᠃
ᠬᠠᠩᠰᠢ᠎ᠶ᠋ᠢᠨ ᠡᠳᠦᠷ᠎ᠦᠨ ᠢᠷᠠᠭᠤ ᠨᠠᠢ᠌ᠷᠠᠭ ᠬᠠᠨ ᠬᠣᠷᠸ᠎ᠠ᠎ᠶ᠋ᠢᠨ ᠡᠯᠴᠢ ᠱᠢᠦ᠃ ᠦᠩᠭᠡᠷᠡᠭ᠌ᠴᠢ ᠬᠥᠮᠥᠰ᠎ᠦᠨ ᠭᠡᠭᠡᠨ ᠳᠤᠷᠠᠰᠤᠮᠵᠢ᠎ᠶ᠋ᠢᠨ ᠡᠴᠢᠨ᠎ᠡ᠎ᠳᠦ ᠲᠡᠭᠦᠨ᠎ᠤ ᠠᠯᠳᠠᠷ ᠨᠡᠷ᠎ᠡ᠎ᠶ᠋ᠢᠨ ᠬᠢᠨᠢ ᠳᠠᠭᠤᠷᠢᠰᠤᠯ᠂ ᠠᠭᠤᠤ ᠭᠠᠪᠢᠶ᠎ᠡ᠎ᠶ᠋ᠢᠨ ᠬᠢᠨᠢ ᠳᠤᠷᠠᠳᠭᠠᠯ᠃ ᠢᠷᠠᠭᠤ ᠨᠠᠢ᠌ᠷᠠᠭ ᠲᠦ ᠰᠦᠭ ᠰᠦᠨᠡᠰᠦ ᠲᠠᠢ ᠯᠡ ᠪᠣᠯ᠂ ᠲᠡᠷᠡᠬᠦ᠌ ᠰᠦᠭ ᠰᠦᠨᠡᠰᠦ ᠨᠢ ᠪᠤᠷᠬᠠᠨ ᠰᠢᠬ ᠨᠢᠳᠦ ᠲᠠᠢ ᠪᠠᠢᠳᠠᠭ᠃ ᠳᠤᠷᠠᠰᠤᠮᠵᠢ ᠴᠡᠪᠡᠷᠬᠡᠨ ᠲᠠᠯ᠎ᠠ᠎ᠶ᠋ᠢᠨ ᠭᠦᠨ ᠠᠶᠠᠯᠭᠤᠨ᠎ᠳᠤ ᠳᠡᠩᠳᠡᠭᠦᠤ ᠬᠠᠢᠷ᠎ᠠ ᠲᠠᠢ ᠣᠩᠭᠤᠳ ᠬᠠᠢᠯᠠᠳᠠᠭ ᠪᠣᠯᠬᠣᠷ ᠡᠪᠦᠭᠡᠳ᠎ᠦᠨ ᠮᠥᠷ᠎ᠦᠨ ᠡᠴᠢᠨ᠎ᠡ ᠳᠠᠯᠳᠠ᠎ᠠᠴᠠ ᠦᠤᠬᠡ ᠲᠡᠤᠬᠡ ᠬᠠᠢᠯᠠᠵᠦ᠍ ᠡᠳᠦᠭᠡ᠎ᠳᠦ ᠬᠦᠷᠴᠦ᠍ ᠢᠷᠡᠪᠡᠢ᠃ ᠬᠠᠨ ᠬᠣᠷᠸ᠎ᠠ᠎ᠶ᠋ᠢ ᠤᠶᠠᠰᠭᠠᠬᠤ ᠶᠠᠩᠵᠢᠨᠯᠾᠠᠮᠤᠶ᠋ᠢᠨ ᠱᠢᠯᠦᠭ ᠭᠡᠵᠦ᠍ ᠡᠨᠡ ᠪᠤᠶᠤ᠃
ᠨᠡᠬᠡᠭᠡᠭ᠌ᠰᠡᠨ ᠬᠠᠩᠰᠢ ᠪᠤᠶᠤ ᠨᠡᠷᠡᠲᠦ᠍᠎ᠶᠢᠨ ᠬᠣᠷᠸᠠᠳ᠋ᠠᠬᠢ ᠶᠠᠷᠢᠯᠴᠠᠭ᠎ᠠ ᠡᠨᠡ ᠪᠢᠯᠢᠦ᠃ ᠠᠳᠤᠭᠤᠨᠳ᠋ᠠᠭᠠᠨ ᠶᠠᠪᠤᠭ᠍ᠰᠠᠨ ᠡᠪᠦᠭᠡᠳ ᠮᠢᠨᠢ ᠪᠤᠴᠠᠬᠤ ᠮᠥᠷ᠎ᠢᠶᠡᠨ ᠡᠯᠡᠰᠦᠨᠳ᠋ᠦ᠍ ᠳᠠᠷᠤᠭ᠍ᠳᠠᠭᠤᠯᠵᠠᠢ ᠭᠡᠵᠦ᠍ ᠪᠢ ᠵᠡᠭᠦᠳᠦᠯᠡᠵᠦ᠍ ᠶᠠᠪᠤᠪᠠ᠃ ᠪᠤᠴᠠᠬᠤ ᠭᠠᠯᠠᠭᠤᠳ᠎ᠤᠨ ᠳᠠᠭᠤᠨ᠎ᠢᠶᠠᠷ ᠡᠷᠭᠢᠬᠦ᠌ ᠵᠠᠬᠢᠶ᠎ᠠ ᠪᠣᠯᠭᠠᠨ᠂ ᠨᠡᠭᠦᠳᠡᠯᠯᠡᠬᠦ᠌ ᠡᠭᠦᠯᠡᠰ᠎ᠦᠨ ᠬᠦᠪᠦᠯᠵᠡᠭᠡᠨᠢᠶᠡᠷ ᠨᠤᠲᠤᠭ ᠵᠦᠭ᠎ᠦᠨ ᠰᠡᠭᠦᠳᠡᠷ ᠬᠠᠢᠵᠦ᠍᠂ ᠱᠢᠪᠡᠷᠡᠭᠡ ᠪᠣᠷᠣᠭᠠᠨ᠎ᠤ ᠰᠦᠨ ᠳᠤᠰᠤᠯ᠎ᠢᠶᠠᠷ ᠰᠦᠭ ᠰᠦᠨᠡᠰᠦ ᠠᠷᠭᠠᠮᠵᠢᠭ᠍ᠰᠠᠨ ᠡᠪᠦᠭᠡᠳ᠎ᠦᠨ ᠮᠢᠨᠢ ᠦᠯᠢᠭᠡᠷ ᠲᠠᠢ ᠨᠡᠬᠡᠭᠡᠭ᠌ᠰᠡᠨ ᠬᠠᠩᠰᠢ᠎ᠶᠢᠨ ᠶᠠᠷᠢᠯᠴᠠᠭ᠎ᠠ ᠡᠨᠡ ᠰᠠᠨ᠃
ᠬᠠᠪᠤᠷ᠎ᠤᠨ ᠪᠣᠷᠣᠭ᠎ᠠ ᠲᠠᠢ ᠬᠠᠢᠯᠤᠨ ᠤᠶᠠᠷᠠᠯ ᠲᠠᠢ ᠨᠡᠬᠡᠭᠡᠭ᠌ᠰᠡᠨ ᠬᠠᠩᠰᠢ ᠠᠢᠰᠤᠢ!