ᠡᠩᠬᠡᠪᠠᠲᠤ ᠵᠢᠨ ᠴᠠᠬᠠᠷ ᠬᠤᠨᠢᠨ᠎ᠤ ᠪᠤᠷᠤᠯᠠᠭᠤᠯᠭ᠎ᠠ ᠵᠢᠨ ᠰᠢᠨ᠎ᠡ ᠰᠦᠪᠡᠭᠴᠢᠯᠡᠯᠲᠡ — 《ᠮᠢᠬᠠᠨ᠎ᠤ ᠦᠢᠯᠡᠰ + ᠬᠤᠭᠤᠯᠠᠨ ᠬᠡᠷ》
2026-04-24 10:10:43
ᠵᠣᠬᠢᠶᠠᠭ᠍ᠴᠢ᠄
ᠲᠣᠷᠠᠨ᠎ᠠ
ᠣᠩᠱᠢᠭ᠍ᠰᠠᠨ ᠣᠳᠠᠭ᠎ᠠ᠄
★★★☆☆

ᠰᠢᠯᠢ ᠵᠢᠨ ᠭᠤᠤᠯ ᠠᠢᠮᠠᠬ᠎ᠤᠨ ᠬᠦᠪᠡᠭᠡᠲᠦ ᠱᠢᠷ᠎ᠠ ᠬᠤᠱᠢᠭᠤᠨ᠎ᠳᠤ ᠨᠢᠭᠡ ᠪᠦᠯᠦᠭ ᠵᠠᠯᠠᠭᠤᠴᠤᠳ ᠨᠤᠳᠤᠭ ᠤᠰᠤᠨ᠎ᠤ᠎ᠪᠠᠨ ᠮᠠᠯ᠎ᠤᠨ ᠠᠱᠢᠭ ᠱᠢᠮ᠎ᠡ᠎ᠶ᠋ᠢ ᠡᠳ᠋ᠱᠢᠬᠦᠯᠣᠨ ᠪᠣᠯᠪᠠᠰᠣᠷᠠᠭᠤᠯᠵᠣ ᠦᠢᠯᠡᠰ ᠪᠤᠰᠭᠠᠨ᠂ ᠠᠵᠣ ᠠᠮᠢᠳᠣᠷᠠᠯ᠎ᠢᠶᠠᠨ ᠦᠩᠬᠡ᠎ᠲᠠᠢ ᠦᠬᠡᠳᠠ᠎ᠲᠠᠢ ᠲᠠᠲᠠᠵᠤ ᠪᠠᠢᠨ᠎ᠠ᠃ ᠪᠠᠶᠠᠨᠲᠠᠯ᠎ᠠ ᠪᠠᠯᠭᠠᠰᠤᠨ᠎ᠤ ᠬᠦᠰᠡᠭᠦᠢ ᠭᠠᠴᠠᠭᠠᠨ᠎ᠤ ᠡᠩᠬᠡᠪᠠᠲᠤ ᠪᠣᠯ ᠡᠳᠡᠬᠡᠷ ᠵᠠᠯᠠᠭᠤᠴᠣᠳ᠎ᠤᠨ ᠨᠢᠬᠡ ᠨᠢ ᠪᠣᠯᠣᠨ᠎ᠠ᠃

ᠲᠦᠷᠦᠭᠦᠬᠡᠨ ᠱᠢᠨᠡᠪᠤᠯᠠᠭ ᠪᠠᠯᠭᠠᠰᠤᠨ᠎ᠤ《ᠪᠠᠶᠠᠨ ᠲᠦᠮᠡᠨ ᠮᠢᠬᠠᠨ᠎ᠤ ᠦᠢᠯᠡᠰ》ᠤ᠋ᠨ ᠲᠡᠯᠬᠡᠬᠦᠷ᠎ᠲᠤ ᠬᠦᠷᠬᠦ᠌᠎ᠳᠤ ᠬᠦᠯᠳᠡᠭᠡᠭᠦᠷ᠎ᠲᠤ ᠮᠢᠬᠠᠨ᠎ᠤ ᠪᠦᠳᠣᠬᠡᠭ᠌ᠳᠡᠬᠦᠨ᠎ᠢ ᠲᠦᠷᠣᠯ ᠲᠥᠷᠥᠯ᠎ᠢᠶᠠᠷ ᠠᠩᠬᠢᠯᠠᠨ᠂ ᠭᠠᠷᠤᠯᠲᠠ᠎ᠶ᠋ᠢᠨ ᠭᠠᠵᠠᠷ᠂ ᠦᠨ᠎ᠡ ᠬᠠᠩᠰᠢ ᠪᠠ ᠬᠠᠳᠠᠭᠠᠯᠠᠬᠤ ᠬᠤᠭᠤᠴᠠᠭ᠎ᠠ ᠵᠡᠷᠬᠡ᠎ᠶ᠋ᠢ ᠲᠣᠳᠣᠷᠬᠠᠢᠯᠠᠵᠣ᠂ ᠲᠡᠯᠬᠡᠬᠦᠷ᠎ᠤᠨ ᠡᠵᠡᠨᠳᠠᠨ ᠡᠩᠬᠡᠪᠠᠲᠤ ᠬᠡᠷᠡᠭ᠌ᠯᠡᠭ᠌ᠴᠢ᠎ᠳᠤ ᠴᠠᠬᠠᠷ ᠬᠤᠨᠢᠨ ᠮᠢᠬ᠎ᠠ᠎ᠪᠠᠨ ᠲᠠᠨᠢᠯᠴᠠᠭᠤᠯᠤᠨ ᠶᠠᠭᠠᠷᠠᠵᠣ ᠪᠠᠢᠯ᠎ᠠ᠃ 《ᠪᠢ ᠦᠷᠬᠦᠯᠵᠢ ᠪᠠᠶᠠᠨ ᠲᠦᠮᠡᠨ ᠮᠢᠬᠠᠨ᠎ᠤ ᠲᠠᠯᠬᠡᠬᠦᠷ᠎ᠠᠴᠠ ᠬᠤᠨᠢᠨ ᠮᠢᠬ᠎ᠠ ᠠᠪᠳᠠᠭ᠂ ᠡᠳᠠᠠ᠎ᠤ ᠬᠢᠨ᠎ᠤ ᠮᠢᠬᠠᠨ᠎ᠤ ᠴᠢᠨᠡᠷ ᠨᠢ ᠨᠡᠯᠢᠶᠠᠳ ᠰᠠᠢᠨ᠂ ᠴᠠᠬᠠᠷ ᠬᠤᠨᠢ᠎ᠶ᠋ᠢ ᠬᠦᠳᠡᠭᠡ᠎ᠠᠴᠠ ᠠᠪᠴᠢᠷᠠᠵᠣ ᠵᠠᠷᠣᠳᠠᠭ᠂ ᠮᠢᠬ᠎ᠠ᠎ᠨᠢ ᠠᠮᠳᠠᠯᠢᠭ ᠰᠠᠢᠬᠠᠨ ᠪᠠᠢᠳᠠᠭ》 ᠬᠡᠵᠣ  ᠬᠡᠷᠡᠭᠯᠡᠭᠴᠢ ᠠᠯᠳᠠᠢ ᠶᠠᠷᠢᠨ᠎ᠠ᠃



b6a2b9dd-b422-410b-9c02-9ca81af656cf.png


ᠬᠤᠭᠤᠯᠠᠨ ᠬᠡᠷ ᠲᠡᠬᠡᠨ ᠶᠠᠭᠠᠷᠠᠨ᠎ᠠ


ᠮᠢᠬᠠᠨ᠎ᠤ ᠦᠢᠯᠡᠰ᠎ᠤᠨ ᠵᠠᠬ᠎ᠠ ᠲᠡᠯᠬᠡᠬᠦᠷ ᠬᠡᠬᠡᠨ ᠰᠠᠷᠠᠭᠤᠯ ᠢᠷᠡᠬᠡᠳᠣᠢ᠎ᠲᠠᠢ ᠬᠡᠳᠡᠭ᠎ᠢ ᠡᠩᠬᠡᠪᠠᠲᠤ ᠲᠣᠷᠱᠢᠯᠭ᠎ᠠ᠎ᠪᠠᠷ᠎ᠢᠶᠠᠨ ᠳ᠋ᠦᠩᠨᠡᠵᠣ᠂ ᠮᠢᠬᠠᠨ᠎ᠤ ᠦᠢᠯᠡᠰ᠎ᠲᠤ ᠲᠦᠱᠢᠭ᠌ᠯᠡᠨ ᠦᠢᠯᠡᠰ ᠪᠣᠰᠭᠠᠬᠤ ᠵᠠᠮ᠎ᠢ ᠢᠳᠡᠬᠡᠯ ᠵᠣᠷᠢᠭ᠎ᠲᠠᠢ᠎ᠰᠣᠩᠭᠤᠨ᠂ 《ᠪᠠᠶᠠᠨ ᠲᠦᠮᠡᠨ ᠮᠢᠬᠠᠨ᠎ᠤ ᠦᠢᠯᠡᠰ》 ᠤ᠋ᠨ ᠳᠡᠯᠭᠡᠭᠦᠷ ᠡᠷᠬᠢᠯᠡᠵᠠᠢ᠃ ᠲᠡᠷᠡ ᠡᠵᠡᠩᠨᠡᠯᠲᠡ᠎ᠶ᠋ᠢᠨ ᠶᠠᠪᠤᠴᠠ᠎ᠳᠤ ᠬᠡᠪᠴᠢᠶ᠎ᠠ᠎ᠪᠠᠨ ᠲᠠᠰᠣᠷᠠᠯᠳᠠ ᠦᠬᠡᠢ ᠦᠷᠬᠡᠳᠭᠡᠵᠣ᠂ 《ᠮᠢᠬᠠᠨ᠎ᠤ ᠦᠢᠯᠡᠰ + ᠬᠤᠭᠤᠯᠠᠨ ᠬᠡᠷ》 ᠤ᠋ᠨ ᠱᠢᠨ᠎ᠠ ᠬᠡᠪ ᠵᠠᠭ᠍ᠪᠤᠷ᠎ᠢ ᠬᠡᠷᠡᠭ᠌ᠯᠡᠨ᠂ ᠡᠨᠡ ᠵᠢᠯ 《ᠪᠠᠶᠠᠨ ᠲᠦᠮᠡᠨ ᠱᠥᠯᠥ᠎ᠲᠠᠢ ᠱᠠᠯᠪᠢᠩ》 ᠭᠡᠬᠦ ᠬᠤᠭᠤᠯᠠᠨ ᠭᠡᠷ᠎ᠢᠶᠠᠨ ᠡᠷᠬᠢᠯᠡᠵᠦ ᠡᠬᠢᠯᠡᠪᠡ᠃

《ᠪᠢ 2022 ᠣᠨ᠎ᠤ 9 ᠰᠡᠷ᠎ᠡ᠎ᠠᠴᠠ ᠮᠢᠬᠠᠨ᠎ᠤ ᠲᠡᠯᠬᠡᠬᠦᠷ᠎ᠢᠶᠠᠨ ᠡᠵᠡᠩᠨᠡᠵᠦ ᠡᠬᠢᠯᠡᠵᠡᠢ᠂ ᠦᠨᠣᠳᠣᠷ ᠪᠣᠯᠬᠤ᠎ᠳᠤ ᠭᠤᠷᠪᠠᠨ ᠵᠢᠯ ᠭᠠᠷᠣᠢ᠎ᠶ᠋ᠢᠨ ᠨᠢᠭᠤᠷ᠎ᠢ ᠦᠵᠡᠵᠤ᠂ ᠪᠣᠷᠣᠯᠠᠭᠤᠯᠭ᠎ᠠ ᠡᠳᠣᠷ᠎ᠠᠴᠠ ᠡᠳᠣᠷ ᠰᠠᠢᠨ ᠪᠣᠯᠵᠣ ᠪᠠᠢᠨ᠎ᠠ᠃ ᠲᠡᠬᠡᠷ᠎ᠡ ᠰᠠᠷ᠎ᠡ ᠪᠠᠰᠠ ᠲᠡᠯᠬᠡᠬᠦᠷ᠎ᠤᠨ᠎ᠢᠶᠠᠨ ᠡᠰᠡᠷᠬᠦ᠌ ᠲᠠᠯ᠎ᠠ᠎ᠳᠤ ᠬᠤᠭᠤᠯᠠᠨ ᠬᠡᠷ ᠨᠡᠭᠡᠭᠡᠵᠦ᠂ ᠮᠠᠨ᠎ᠤ ᠬᠤᠱᠢᠭᠤᠨ᠎ᠤ᠎ᠨᠣᠳᠤᠭ᠎ᠤᠨ ᠬᠤᠨᠢᠨ ᠮᠢᠬ᠎ᠠ᠎ᠪᠠᠷ ᠭᠤᠣᠯᠳᠠᠭᠤᠯᠤᠭᠰᠠᠨ ᠮᠣᠩᠭᠤᠯ ᠬᠤᠭᠤᠯᠠ᠎ᠡᠷᠬᠢᠯᠡᠨ ᠬᠢᠵᠦ ᠪᠠᠢᠨ᠎ᠠ᠂ ᠪᠠᠰᠠ ᠱᠣᠷᠣᠯᠠᠭ᠂ ᠬᠠᠯᠠᠭᠤᠨ ᠲᠣᠭᠤᠭ᠎ᠠ ᠴᠦ᠍ ᠪᠤᠢ》 ᠬᠡᠵᠣ ᠡᠩᠬᠡᠪᠡᠳᠣ ᠲᠠᠨᠢᠯᠴᠠᠭᠤᠯᠪᠡ᠃



564d2891-7316-4dad-afa7-8dd02ddf9b2c.png


ᠴᠠᠬᠠᠷ ᠬᠤᠨᠢᠨ ᠮᠢᠬ᠎ᠠ ᠪᠡᠨ ᠲᠦᠷᠤᠯ ᠠᠩᠬᠢᠯᠠᠨ ᠭᠠᠷᠤᠯᠳᠠ ᠵᠢᠨ ᠭᠠᠵᠡᠷ᠎ᠢ ᠦᠵᠡᠨ᠎ᠠ


ᠠᠮᠢᠳᠣᠷᠠᠯ ᠣᠬᠠᠭᠠᠨ᠎ᠠᠴᠠ ᠲᠦᠷᠣᠵᠣ᠂ ᠬᠦᠳᠡᠯᠮᠣᠷᠢ᠎ᠠᠴᠠ ᠣᠨᠳᠣᠷᠴᠣ᠂ ᠵᠣᠷᠢᠭ᠎ᠢᠶᠠᠷ ᠬᠦᠪᠴᠢᠯᠡᠭ᠌ᠳᠡᠵᠣ᠂ ᠱᠢᠨᠳᠠᠰᠣ᠎ᠪᠠᠷ ᠴᠢᠩᠭᠠᠷᠠᠳᠠᠭ᠃ ᠡᠩᠬᠡᠪᠡᠳᠣ ᠠᠮᠢᠳᠣᠷᠠᠯ᠎ᠤᠨ ᠵᠠᠮ᠎ᠳᠠᠭᠠᠨ ᠲᠠᠰᠣᠷᠠᠯᠳᠠ ᠦᠬᠡᠢ ᠱᠢᠨ᠎ᠠ᠎ᠶ᠋ᠢ ᠰᠦᠪᠡᠭ᠌ᠴᠢᠯᠡᠨ᠂ ᠦᠨᠳᠣᠰᠣᠳᠠᠨ᠎ᠤ ᠣᠨᠴᠠᠯᠢᠬ᠍ᠳᠣ ᠬᠤᠭᠤᠯᠠ ᠣᠮᠳᠠ᠂ ᠴᠠᠬᠠᠷ ᠬᠤᠨᠢᠨ ᠮᠢᠬᠠᠨ᠎ᠤ ᠴᠢᠨᠠᠷ ᠴᠢᠨᠰᠠᠭ᠎ᠠ᠂ ᠦᠨᠣᠷ ᠠᠮᠳᠠ᠎ᠶ᠋ᠢ ᠭᠠᠳᠠᠬ᠍ᠰᠢ ᠣᠬᠠᠭᠤᠯᠵᠣ ᠬᠡᠷᠡᠭ᠌ᠯᠡᠭ᠌ᠴᠢᠳ᠎ᠤᠨ ᠠᠩᠬᠠᠷᠣᠯ᠎ᠢ ᠲᠠᠳᠠᠵᠣ᠂ ᠪᠦᠳᠣᠬᠡᠭ᠌ᠳᠡᠬᠦᠨ᠎ᠢᠶᠠᠨ ᠰᠢᠯᠢ ᠵᠢᠨ ᠭᠤᠤᠯ ᠠᠢᠮᠠᠭ᠎ᠤᠨ ᠡᠯ᠎ᠡ ᠬᠤᠱᠢᠭᠤ ᠱᠢᠶᠡᠨ᠎ᠠᠴᠠ ᠭᠠᠳᠠᠨ᠎ᠠ ᠬᠦᠬᠡᠬᠤᠳᠠ᠂ ᠪᠡᠬᠡᠵᠢᠩ᠂ ᠭᠤᠸᠠᠩᠳᠦ᠋ᠩ ᠵᠡᠷᠬᠡ ᠭᠠᠵᠡᠷ ᠣᠷᠣᠨ᠎ᠢᠶᠠᠷ ᠪᠣᠷᠣᠯᠠᠭᠤᠯᠵᠣ ᠪᠣᠢ᠃

《ᠬᠤᠢᠱᠢᠳᠠ᠎ᠴᠠᠬᠠᠷ ᠬᠤᠨᠢ ᠮᠠᠯᠵᠢᠵᠣ ᠪᠠᠢᠭ᠎ᠠ ᠠᠢᠯ ᠡᠷᠣᠬᠡ᠎ᠲᠠᠢ ᠬᠤᠯᠪᠣᠭ᠎ᠠ ᠪᠠᠢᠭᠤᠯᠤᠨ ᠬᠠᠮᠳᠣᠷᠠᠯᠴᠠᠵᠣ᠂ ᠪᠣᠷᠣᠯᠠᠭᠤᠯᠭ᠎ᠠ ᠪᠠᠨ ᠣᠯᠠᠮ ᠰᠠᠢᠨ ᠬᠢᠶ᠎ᠠ ᠬᠡᠵᠣ ᠪᠣᠳᠣᠵᠣ ᠪᠠᠢᠨ᠎ᠠ》 ᠬᠡᠵᠣ ᠡᠩᠬᠡᠪᠡᠳᠣ ᠶᠠᠷᠢᠨ᠎ᠠ᠃

ᠵᠣᠷᠢᠭ ᠪᠠᠢᠪᠠᠯ ᠵᠣᠷᠢᠬ᠍ᠰᠠᠨ᠎ᠳᠠᠭᠠᠨ ᠬᠡᠳᠡᠭ᠌ᠴᠢᠯᠡᠨ᠂ ᠡᠩᠬᠡᠪᠡᠳᠣ᠎ᠶ᠋ᠢᠨ ᠦᠢᠯᠡᠰ ᠪᠣᠰᠭᠠᠬ᠍ᠰᠠᠨ ᠦᠢᠯᠡ ᠠᠵᠢᠯᠯᠠᠭ᠎ᠠ᠎ᠣᠯᠠᠨ ᠵᠠᠯᠠᠭᠤᠴᠣᠳ᠎ᠤᠨ ᠦᠢᠯᠡᠰ ᠪᠣᠰᠭᠠᠵᠣ᠂ ᠠᠵᠣ ᠠᠮᠢᠳᠣᠷᠠᠯ᠎ᠢᠶᠠᠨ ᠦᠬᠡᠳᠠ ᠲᠠᠳᠠᠬᠤ᠎ᠳᠤ ᠲᠠᠭᠤᠷᠢᠶᠠᠯ ᠪᠣᠯᠬᠤ᠎ᠨᠢ ᠲᠠᠮᠵᠢᠭ ᠦᠬᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号