ᠪᠠᠶᠠᠨᠪᠠᠭᠠᠲᠤᠷ᠄ ᠦᠯᠠᠮᠵᠢ ᠬᠠᠢᠷ᠎ᠠ ᠪᠡᠷ ᠵᠢᠠᠨ ᠵᠠᠯᠠᠭᠤᠴᠤᠳ ᠪᠠᠭᠠᠴᠤᠳ᠎ᠤᠨ ᠰᠡᠳᠬᠢᠯ᠎ᠢ ᠤᠮᠳᠠᠯᠠᠨ᠎ᠠ
2026-04-24 10:29:50
ᠵᠣᠬᠢᠶᠠᠭ᠍ᠴᠢ᠄
ᠨᠠᠮᠢᠰ ᠰᠦ᠍ ᠮᠸᠢ ᠯᠢ
ᠣᠩᠱᠢᠭ᠍ᠰᠠᠨ ᠣᠳᠠᠭ᠎ᠠ᠄
★★★☆☆

ᠲᠦᠷᠦᠭᠦᠬᠡᠨ ᠲᠦᠩᠯᠢᠶᠤᠤ ᠬᠤᠳᠠ ᠵᠢᠨ ᠵᠠᠷᠤᠳ ᠬᠤᠱᠢᠭᠤᠨ᠎ᠤ ᠴᠢᠪᠠᠭᠠᠳᠣ ᠰᠤᠮᠤ᠎ᠶ᠋ᠢᠨ ᠬᠤᠢᠴᠢ ᠦᠶ᠎ᠡ᠎ᠶ᠋ᠢᠨ᠎ᠬᠢᠨ᠎ᠢ ᠬᠠᠯᠠᠮᠵᠢᠯᠠᠬᠤ ᠠᠵᠢᠯ᠎ᠤᠨ ᠵᠦᠪᠯᠡᠯ᠎ᠤᠨ ᠪᠠᠢᠩᠭᠤ᠎ᠶ᠋ᠢᠨ ᠳᠡᠳ᠋ ᠡᠷᠬᠢᠯᠡᠭ᠌ᠴᠢ ᠪᠠᠶᠠᠨᠪᠠᠭᠠᠲᠤᠷ 《ᠪᠦᠬᠦ᠌ ᠤᠯᠤᠰ᠎ᠤᠨ ᠬᠤᠢᠴᠢ ᠦᠶ᠎ᠡ᠎ᠶ᠋ᠢᠨ᠎ᠬᠢᠨ᠎ᠢ ᠬᠠᠯᠠᠮᠵᠢᠯᠠᠬᠤ ᠠᠵᠢᠯ᠎ᠤᠨ ᠲᠡᠷᠢᠭᠦᠨ᠎ᠤ ᠠᠵᠢᠯᠲᠠᠨ》᠎ᠦ ᠢᠷᠠᠭᠤ ᠠᠯᠳᠠᠷ᠎ᠢ ᠭᠥᠷᠳᠡᠪᠡ᠃ ᠡᠨᠡ ᠬᠦ᠌ ᠢᠷᠠᠭᠤ ᠠᠯᠳᠠᠷ ᠪᠣᠯ ᠲᠡᠭᠦᠨ᠎ᠤ ᠬᠡᠳᠦᠨ ᠠᠷᠪᠠᠨ ᠵᠢᠯ᠎ᠢ ᠨᠢᠭᠡ ᠯᠡ ᠡᠳᠦᠷ ᠮᠡᠲᠦ᠍᠎ᠪᠠᠷ ᠴᠢᠷᠮᠠᠢᠨ ᠠᠵᠢᠯᠯᠠᠬ᠍ᠰᠠᠨ᠎ᠤ᠎ᠬᠢᠨᠢ ᠬᠠᠮᠤᠭ᠎ᠤᠨ ᠰᠠᠢᠨ ᠬᠥᠬᠢᠭᠦᠯᠦᠯ ᠮᠥᠨ᠃ ᠵᠠᠷᠤᠳ ᠬᠤᠱᠢᠭᠤᠨ᠎ᠤ ᠴᠢᠪᠠᠭᠠᠳᠣ ᠰᠤᠮᠤᠨ᠎ᠤ ᠵᠡᠭᠡᠯᠢ ᠭᠤᠳᠤᠮᠵᠢ᠎ᠪᠠᠷ ᠪᠠᠶᠠᠨᠪᠠᠭᠠᠲᠤᠷ᠎ᠤᠨ ᠶᠠᠭᠠᠷᠠᠯᠲᠠᠢ ᠪᠠᠷ᠎ᠠ᠎ᠶ᠋ᠢ ᠬᠥᠮᠦᠰ ᠦᠷᠭᠦᠯᠵᠢ ᠣᠯᠵᠤ ᠬᠠᠷᠠᠳᠠᠭ᠃ ᠦᠨᠳᠦᠰᠦᠨ ᠱᠠᠲᠤᠨ᠎ᠤ ᠬᠤᠢᠴᠢ ᠦᠶ᠎ᠡ᠎ᠶ᠋ᠢᠨ᠎ᠬᠢᠨ᠎ᠤ ᠠᠵᠢᠯ᠎ᠤᠨ ᠵᠥᠪᠯᠡᠯ᠎ᠤᠨ ᠬᠠᠷᠢᠭᠤᠴᠠᠯᠭᠠᠲᠠᠨ ᠪᠣᠯᠤᠭ᠍ᠰᠠᠨ᠎ᠤ ᠬᠤᠪᠢ᠎ᠳᠤ᠂ ᠲᠡᠷᠡ ᠬᠤᠢᠴᠢ ᠦᠶ᠎ᠡ᠎ᠶ᠋ᠢᠨ᠎ᠬᠢᠨ᠎ᠢ ᠬᠠᠯᠠᠮᠵᠢᠯᠠᠬᠤ ᠠᠵᠢᠯ᠎ᠤᠨ ᠡᠮᠦᠨ᠎ᠡ ᠹᠷᠣᠨᠲ᠎ᠢ ᠢᠮᠠᠭ᠍ᠲᠠ ᠪᠠᠲᠤ ᠰᠠᠬᠢᠵᠤ᠂ ᠪᠣᠳᠠᠲᠤ ᠠᠵᠢᠯᠯᠠᠭ᠎ᠠ᠎ᠪᠠᠷ᠎ᠢᠶᠠᠨ ᠨᠢᠭᠡᠨ ᠠᠬᠠᠮᠠᠳ ᠨᠠᠮ᠎ᠤᠨ ᠭᠡᠱᠢᠭᠦᠨ᠎ᠤ ᠤᠭ ᠰᠠᠨᠠᠭ᠎ᠠ ᠪᠣᠯᠤᠨ ᠡᠬᠦᠷᠬᠡ  ᠬᠠᠷᠢᠭᠤᠴᠠᠯᠭ᠎ᠠ᠎ᠶ᠋ᠢ ᠲᠠᠢᠯᠪᠤᠷᠢᠯᠠᠪᠠ᠃


52e4ecd4-3e7e-4ed5-8f53-3a91a3be996d.png


ᠬᠡᠤᠬᠡᠳ᠎ᠤᠳ ᠰᠡᠳᠬᠢᠯ ᠲᠠᠯᠪᠢᠨ ᠬᠢᠴᠢᠶᠠᠯ ᠰᠤᠨᠤᠰᠤᠨ᠎ᠠ


ᠵᠠᠯᠠᠭᠤᠴᠤᠳ ᠪᠠᠭᠠᠴᠤᠳ᠎ᠤᠨ ᠦᠵᠡᠯ ᠰᠠᠨᠠᠭ᠎ᠠ ᠶᠣᠰᠣ ᠰᠤᠷᠲᠠᠬᠤᠨ᠎ᠤ ᠪᠠᠢᠭᠤᠯᠤᠯᠲᠠ᠎ᠶ᠋ᠢ ᠴᠢᠩᠭᠠᠳᠭᠠᠵᠤ᠂ ᠬᠤᠪᠢᠰᠭᠠᠯ᠎ᠤᠨ ᠤᠳᠤᠮᠱᠢᠯ᠎ᠢ ᠤᠯᠠᠮᠵᠢᠯᠠᠬᠤ᠎ᠶ᠋ᠢᠨ ᠲᠥᠯᠥᠭᠡ ᠤᠢ᠍ᠢᠷ᠎ᠠ᠎ᠶ᠋ᠢᠨ ᠡᠳᠦᠷ᠂ ᠵᠠᠷᠤᠳ ᠬᠤᠱᠢᠭᠤᠨ᠎ᠤ ᠴᠢᠪᠠᠭᠠᠳᠣ ᠰᠤᠮᠤ᠎ᠶ᠋ᠢᠨ 《ᠲᠠᠪᠤᠨ ᠠᠬᠠᠮᠠᠳ》ᠤᠬᠠᠭᠤᠯᠤᠨ ᠲᠠᠢᠯᠪᠤᠷᠢᠯᠠᠬᠤ ᠪᠦᠯᠬᠦᠮ᠎ᠤᠨ᠎ᠬᠢᠨ ᠴᠢᠪᠠᠭᠠᠳᠣ ᠰᠤᠷᠭᠠᠭᠤᠯᠢ᠎ᠳᠤ ᠬᠦᠷᠴᠦ᠍ ᠤᠬᠠᠭᠤᠯᠤᠨ ᠲᠠᠢᠯᠪᠤᠷᠢᠯᠠᠬᠤ ᠠᠵᠢᠯᠯᠠᠭ᠎ᠠ ᠥᠷᠨᠢᠭᠦᠯᠵᠡᠢ᠃ ᠠᠵᠢᠯᠯᠠᠭ᠎ᠠ᠎ᠶ᠋ᠢᠨ ᠳᠤᠮᠳᠠ 《ᠲᠠᠪᠤᠨ ᠠᠬᠠᠮᠠᠳ》 ᠤᠬᠠᠭᠤᠯᠤᠨ ᠲᠠᠢᠯᠪᠤᠷᠢᠯᠠᠬᠤ ᠪᠦᠯᠬᠦᠮ᠎ᠤᠨ ᠭᠡᠱᠢᠭᠦᠨ ᠪᠠᠶᠠᠨᠪᠠᠭᠠᠲᠤᠷ ᠡᠯᠪᠡᠭ ᠪᠠᠶᠠᠯᠢᠭ ᠠᠮᠢᠳᠤᠷᠠᠯ᠎ᠤᠨ ᠥᠩᠭᠡᠷᠡᠯᠲᠡ ᠪᠠ ᠡᠬᠡ ᠤᠯᠤᠰ᠂ ᠨᠤᠲᠤᠭ ᠤᠰᠤᠨ᠎ᠳᠠᠭᠠᠨ ᠬᠠᠨᠳᠤᠭᠤᠯᠤᠭ᠍ᠰᠠᠨ ᠭᠦᠨ ᠵᠤᠵᠠᠭᠠᠨ ᠬᠠᠢᠷ᠎ᠠ ᠰᠡᠳᠭᠢᠯᠭᠡ᠎ᠪᠠᠷ ᠠᠮᠢᠳᠤᠯᠢᠭ ᠦᠬᠡ ᠶᠠᠷᠢᠶ᠎ᠠ ᠪᠠ ᠠᠮᠢᠳᠤ ᠪᠣᠳᠠᠲᠠᠶ ᠵᠢᠱ᠌ᠢᠶ᠎ᠡ᠎ᠲᠠᠢ ᠤᠶᠠᠯᠳᠣᠭᠤᠯᠣᠨ ᠲᠡᠳᠡᠭᠡᠷ ᠮᠠᠷᠲᠠᠭ᠍ᠳᠠᠰᠢ ᠥᠬᠡᠶ ᠥᠩᠭᠡᠷᠡᠭ᠌ᠰᠡᠨ᠎ᠤ ᠶᠠᠪᠤᠳᠠᠯ᠎ᠤᠳ᠎ᠢᠶᠠᠨ ᠭᠦᠨ ᠰᠡᠳᠭᠢᠯᠭᠡ᠎ᠲᠠᠢ᠎ᠪᠠᠷ ᠶᠠᠷᠢᠵᠤ᠂ ᠥᠨᠥᠳᠦᠷ᠎ᠤᠨ ᠵᠣᠯ ᠵᠢᠷᠭᠠᠯᠲᠤ ᠠᠮᠢᠳᠤᠷᠠᠯ ᠪᠣᠯ ᠬᠢᠯᠪᠠᠷ ᠪᠤᠰᠤ᠎ᠪᠠᠷ ᠢᠷᠡᠭ᠌ᠰᠡᠨ ᠬᠡᠳᠡᠭ ᠎ᠢ ᠰᠤᠷᠤᠭ᠍ᠴᠢᠳ᠎ᠲᠤ ᠭᠦᠨᠵᠡᠭᠡᠶ ᠲᠠᠨᠢᠭᠤᠯᠤᠭ᠍ᠰᠠᠨ ᠪᠠᠢᠨ᠎ᠠ᠃


3216b346-8315-43a3-a6a6-fd9110f41173.png


ᠤᠬᠠᠭᠤᠯᠤᠨ ᠲᠠᠢᠯᠪᠤᠷᠢᠯᠠᠬᠤ ᠪᠦᠯᠬᠦᠮ᠎ᠤᠨ᠎ᠬᠢᠨ


ᠪᠠᠶᠠᠨᠪᠠᠭᠠᠲᠤᠷ 2001 ᠣᠨ᠎ᠳᠤ ᠠᠵᠢᠯ᠎ᠠᠴᠠ᠎ᠪᠠᠨ ᠠᠮᠠᠷᠠᠭ᠍ᠰᠠᠨ᠎ᠤ ᠳᠠᠷᠠᠭ᠎ᠠ᠂ ᠪᠥᠬᠦ᠌ ᠰᠡᠳᠭᠢᠯ ᠪᠥᠬᠦ᠌ ᠵᠣᠷᠢᠭ᠎ᠢᠶᠠᠷ᠎ᠢᠶᠠᠨ ᠵᠠᠷᠤᠳ ᠬᠤᠱᠢᠭᠤᠨ᠎ᠤ ᠴᠢᠪᠠᠭᠠᠳᠣ ᠰᠤᠮᠤᠨ᠎ᠤ ᠬᠤᠢᠴᠢ ᠦᠶ᠎ᠡ᠎ᠶ᠋ᠢᠨ᠎ᠬᠢᠨ᠎ᠢ ᠬᠠᠯᠠᠮᠵᠢᠯᠠᠬᠤ ᠠᠵᠢᠯ᠎ᠳᠤ ᠣᠷᠣᠯᠴᠠᠵᠠᠶ᠃ ᠲᠡᠷᠡ ᠬᠠᠬᠢᠷ ᠬᠦᠢᠳᠡᠨ ᠠᠭᠠᠭᠢᠮ᠎ᠠ ᠬᠠᠯᠠᠭᠤᠨ᠎ᠢ ᠬᠠᠢᠬᠤᠷᠤᠯ ᠦᠬᠡᠢ᠂ ᠰᠤᠷᠭᠠᠭᠤᠯᠢ ᠪᠣᠯᠤᠨ ᠲᠣᠰᠭᠤᠨ᠎ᠤ ᠠᠷᠠᠳ᠎ᠤᠨ ᠭᠡᠷ᠎ᠲᠤ ᠭᠦᠨᠵᠡᠭᠡᠢᠷᠡᠬᠦ᠌᠎ᠶ᠋ᠢ ᠪᠠᠷᠢᠮᠲᠠᠯᠠᠵᠤ᠂ ᠵᠠᠯᠠᠭᠤᠴᠤᠳ ᠪᠠᠭᠠᠴᠤᠳ᠎ᠤᠨ ᠰᠣᠷᠣᠯᠭ᠎ᠠ ᠪᠣᠯᠤᠨ ᠠᠮᠢᠳᠤᠷᠠᠯ᠎ᠤᠨ ᠪᠠᠢᠳᠠᠯ᠎ᠢ ᠨᠠᠷᠢᠨ ᠣᠢᠯᠠᠭᠠᠬᠤ᠎ᠶ᠋ᠢᠨ ᠬᠠᠮᠲᠤ ᠠᠬᠠᠮᠠᠳ ᠪᠠᠭ᠍ᠰᠢ᠂ ᠠᠬᠠᠮᠠᠳ ᠲᠤᠰᠭᠠᠢ ᠮᠡᠷᠭᠡᠵᠢᠯᠲᠡᠨ᠎ᠢ ᠵᠣᠬᠢᠶᠠᠨ ᠪᠠᠢᠭᠤᠯᠤᠨ ᠲᠠᠢᠴᠢᠯᠠᠵᠥ᠍《ᠲᠠᠪᠤᠨ ᠠᠬᠠᠮᠠᠳ》ᠤᠬᠠᠭᠤᠯᠤᠨ ᠲᠠᠢᠯᠪᠤᠷᠢᠯᠠᠬᠤ ᠪᠦᠯᠬᠦᠮ᠎ᠢ ᠪᠠᠢᠭᠤᠯᠵᠤ᠂ ᠰᠤᠷᠭᠠᠭᠤᠯᠢ᠎ᠶ᠋ᠢᠨ ᠬᠦᠷᠢᠶᠡᠨ᠎ᠳᠤ ᠣᠷᠣᠵᠤ ᠬᠤᠪᠢᠰᠭᠠᠯ᠎ᠤᠨ ᠦᠯᠢᠬᠡᠷ᠎ᠢ ᠶᠠᠷᠢᠵᠤ᠂ ᠬᠠᠤᠯᠢ ᠴᠠᠭᠠᠵᠠ ᠬᠠᠤᠯᠢ ᠲᠦᠷᠢᠮ᠎ᠢ ᠲᠦᠭᠡᠮᠡᠯᠵᠢᠭᠦᠯᠵᠦ᠍᠂ ᠰᠡᠳᠭᠢᠴᠡ᠎ᠶ᠋ᠢᠨ ᠡᠷᠡᠭᠦᠯ ᠮᠡᠨᠳᠦ᠍᠎ᠶ᠋ᠢᠨ ᠬᠥᠮᠦᠵᠢᠯ ᠵᠡᠷᠭᠡ ᠠᠵᠢᠯᠯᠠᠭ᠎ᠠ᠎ᠶ᠋ᠢ ᠥᠷᠨᠢᠭᠦᠯᠵᠡᠢ᠃ ᠡᠭᠦᠨ᠎ᠤ ᠵᠡᠷᠭᠡᠪᠡᠷ ᠪᠠᠶᠠᠨᠪᠠᠭᠠᠲᠤᠷ ᠢᠮᠠᠭ᠍ᠲᠠ ᠪᠠᠭᠤᠷᠠᠢᠴᠤᠤᠯ ᠪᠣᠯᠤᠨ ᠬᠦᠴᠢᠷᠳᠡᠯᠲᠡᠢ ᠰᠤᠷᠤᠭ᠍ᠴᠢᠳ᠎ᠲᠠᠢ ᠰᠡᠳᠭᠢᠯ ᠵᠢᠷᠦᠬᠡ᠎ᠪᠠᠨ ᠬᠤᠯᠪᠣᠵᠤ᠂ 100 ᠭᠠᠷᠤᠢ ᠬᠦᠴᠢᠷᠳᠡᠯᠲᠡᠢ ᠰᠤᠷᠤᠭ᠍ᠴᠢᠳ᠎ᠲᠤ ᠨᠡᠢᠲᠡ 2 ᠲᠦᠮᠡᠨ ᠲᠥᠭᠦᠷᠢᠭ ᠬᠠᠨᠳᠢᠪᠯᠠᠭ᠍ᠰᠠᠨ ᠪᠥᠭᠡᠳ 5000 ᠲᠥᠭᠦᠷᠢᠭ ᠭᠠᠷᠭᠠᠵᠤ 80 ᠨᠠᠰᠤᠨ᠎ᠠᠴᠠ ᠳᠡᠭᠡᠭ᠌ᠰᠢᠬᠢ 20 ᠨᠠᠰᠤᠲᠠᠨ᠎ᠢ ᠲᠣᠬᠤᠨᠢᠭᠤᠯᠵᠤ᠂ ᠪᠣᠳᠠᠲᠤ ᠠᠵᠢᠯᠯᠠᠭ᠎ᠠ᠎ᠪᠠᠷ᠎ᠢᠶᠠᠨ ᠨᠢᠬᠡᠨ ᠠᠬᠠᠮᠠᠳ ᠨᠠᠮ᠎ᠤᠨ ᠭᠡᠱᠢᠭᠦᠨ᠎ᠤ ᠤᠭ ᠰᠠᠨᠠᠭ᠎ᠠ ᠪᠣᠯᠤᠨ ᠡᠭᠦᠷᠭᠡᠯᠡᠯ᠎ᠢ ᠲᠠᠢᠯᠪᠤᠷᠢᠯᠠᠵᠠᠢ᠃

ᠬᠡᠳᠦ᠋ᠢᠪᠡᠷ ᠠᠵᠢᠯ᠎ᠤᠨ ᠳᠤᠮᠳᠠ ᠳᠠᠪᠬᠤᠷ ᠳᠠᠪᠬᠤᠷ ᠬᠦᠴᠢᠷ ᠪᠡᠷᠬᠡᠱᠢᠶᠡᠯ᠎ᠲᠠᠢ ᠪᠠᠢᠭ᠍ᠰᠠᠨ ᠴᠤ᠌᠂ ᠪᠠᠶᠠᠨᠪᠠᠭᠠᠲᠤᠷ ᠢᠮᠠᠭ᠍ᠲᠠ ᠤᠭ ᠰᠠᠨᠠᠭ᠎ᠠ᠎ᠪᠠᠨ ᠪᠠᠲᠤ ᠰᠠᠬᠢᠵᠤ᠂ ᠦᠭᠡ ᠳᠠᠭᠤᠨ ᠦᠬᠡᠢ᠂ ᠦᠷᠦ᠍ ᠵᠦᠬᠡᠯᠡᠨ ᠦᠯᠡᠮᠵᠢ ᠬᠠᠢᠷ᠎ᠠ᠎ᠪᠠᠷ ᠬᠤᠪᠢ ᠨᠡᠮᠡᠷᠢ ᠦᠵᠡᠭᠦᠯᠵᠦ᠍᠂ ᠣᠷᠭᠢᠯᠤᠮ᠎ᠠ ᠬᠠᠯᠠᠭᠤᠨ ᠰᠡᠳᠭᠢᠯᠭᠡ ᠪᠠ ᠡᠷᠡᠰ ᠪᠠᠲᠤ ᠢᠲᠡᠭᠡᠯ ᠵᠣᠷᠢᠭ᠎ᠢᠶᠠᠷ ᠬᠤᠢᠴᠢ ᠦᠶ᠎ᠡ᠎ᠶ᠋ᠢᠨ᠎ᠬᠢᠨ᠎ᠢ ᠬᠠᠯᠠᠮᠵᠢᠯᠠᠬᠤ ᠦᠢᠯᠡᠰ᠎ᠲᠤ ᠤᠷᠤᠯᠴᠠᠬ᠍ᠰᠠᠭᠠᠷ ᠢᠷᠡᠵᠡᠢ᠃ ᠪᠡᠯᠡ ᠮᠥᠩᠭᠦ᠌ ᠳᠤᠲᠠᠭ᠍ᠳᠠᠬᠤ᠂ ᠬᠥᠮᠦᠨ ᠪ ᠭᠦᠴᠦᠨ ᠬᠦᠷᠦᠯᠴᠡᠬᠦ᠌ ᠦᠭᠡᠢ ᠵᠡᠷᠭᠡ ᠥᠷᠢᠰᠥᠯᠳᠦᠭᠡᠨ᠎ᠤ ᠡᠮᠦᠨ᠎ᠡ ᠲᠡᠷᠡ ᠶᠡᠷᠦ᠍᠎ᠠᠴᠠ ᠬᠤᠢᠰᠢ ᠤᠬᠤᠷᠢᠬ᠍ᠰᠠᠨ ᠦᠭᠡᠢ᠂ ᠬᠠᠷᠢᠨ ᠡᠯ᠎ᠡ ᠲᠠᠯ᠎ᠠ᠎ᠶ᠋ᠢᠨ ᠡᠬᠢ ᠪᠠᠶᠠᠯᠢᠭ᠎ᠢ ᠢᠳᠡᠪᠬᠢᠲᠡᠢ ᠵᠣᠬᠢᠴᠠᠭᠤᠯᠵᠤ᠂ ᠠᠷᠭ᠎ᠠ ᠪᠦᠬᠦᠨ᠎ᠢ ᠰᠦᠪᠡᠭ᠌ᠴᠢᠯᠡᠵᠦ᠍ ᠪᠠᠢᠭᠠᠳ ᠬᠡᠦᠬᠡᠳ᠎ᠤᠳ᠎ᠲᠤ ᠨᠡᠩ ᠰᠠᠢᠨ ᠦᠰᠦᠨ ᠪᠤᠢᠵᠢᠬᠤ ᠣᠷᠴᠢᠨ ᠲᠣᠭᠤᠷᠢᠨ᠎ᠢ ᠪᠤᠢ ᠪᠣᠯᠭᠠᠵᠤ ᠦᠭ᠌ᠭᠦ᠎ᠪᠠᠷ ᠴᠢᠷᠮᠠᠢᠵᠠᠢ᠃ ᠬᠤᠷᠢ ᠭᠠᠷᠤᠶ ᠵᠢᠯ᠎ᠤᠨ ᠲᠤᠷᠰᠢ᠂ ᠰᠤᠮᠤ᠎ᠶ᠋ᠢᠨ ᠨᠠᠮ᠎ᠤᠨ ᠬᠤᠷᠢᠶ᠎ᠠ᠎ᠶ᠋ᠢᠨ ᠳᠡᠮᠵᠢᠯᠭᠡ ᠲᠤᠤᠷ᠎ᠠ᠂ ᠡᠯ᠎ᠡ ᠭᠠᠴᠠᠭ᠎ᠠ ᠲᠣᠰᠭᠤᠨ᠎ᠳᠤ ᠬᠤᠢᠴᠢ ᠦᠶ᠎ᠡ᠎ᠶ᠋ᠢᠨ᠎ᠬᠢᠨ᠎ᠢ ᠬᠠᠯᠠᠮᠵᠢᠯᠠᠬᠤ ᠠᠵᠢᠯ᠎ᠤᠨ ᠵᠥᠪᠯᠡᠯ᠎ᠢ ᠪᠠᠢᠭᠤᠯᠤᠨ᠂ ᠠᠯᠬᠤᠮ ᠠᠯᠬᠤᠮ᠎ᠢᠶᠠᠷ ᠲᠡᠭᠦᠯᠳᠡᠷᠵᠢᠭᠦᠯᠦᠨ᠂ ᠠᠵᠢᠯᠯᠠᠬᠤ ᠨᠥᠬᠦᠴᠡᠯ ᠲᠠᠰᠤᠷᠠᠯᠲᠠ ᠥᠬᠡᠶ ᠰᠠᠢᠵᠢᠷᠠᠵᠤ᠂ ᠠᠵᠢᠯ᠎ᠤᠨ ᠳᠦᠷᠢᠮᠵᠢᠯᠲᠡ᠂ ᠠᠵᠢᠯᠯᠠᠭ᠎ᠠ᠎ᠶ᠋ᠢᠨ ᠪᠠᠢᠩᠭᠤᠵᠢᠯᠲᠠ᠎ᠶ᠋ᠢᠨ ᠰᠠᠢᠨ ᠰᠠᠢᠬᠠᠨ ᠪᠠᠢᠳᠠᠯ᠎ᠢ ᠪᠡᠶᠡᠯᠡᠭᠦᠯᠪᠡ᠃

ᠬᠤᠷᠢᠨ ᠲᠤᠯᠤᠭᠠᠨ ᠵᠢᠯ᠎ᠤᠨ ᠲᠤᠷᠰᠢ᠂ ᠪᠠᠶᠠᠨᠪᠠᠭᠠᠲᠤᠷ ᠲᠤᠭ᠎ᠠ ᠦᠬᠡᠢ ᠤᠯᠠᠨ ᠢᠷᠠᠭᠤ ᠠᠯᠳᠠᠷ᠎ᠢ ᠭᠥᠷᠳᠡᠪᠡ᠂ ᠡᠲᠡᠭᠡᠷ᠎ᠨᠢ ᠲᠡᠭᠦᠨ᠎ᠤ ᠬᠠᠷᠠᠮ ᠦᠬᠡᠢ ᠵᠤᠷᠢᠭᠤᠯᠤᠯ᠎ᠢ ᠳᠡᠭᠡᠳᠦ ᠬᠡᠮᠵᠢᠶ᠎ᠡ᠎ᠪᠠᠷ ᠨᠤᠲᠠᠯᠠᠭ᠍ᠰᠠᠨ᠎ᠢᠶᠠᠷ ᠪᠠᠷᠠᠬᠤ ᠥᠬᠡᠶ᠂ ᠨᠠᠩ ᠴᠤ᠌ ᠲᠡᠭᠦᠨ᠎ᠢ ᠵᠣᠷᠢᠭ᠍ᠵᠢᠭᠤᠯᠤᠨ ᠲᠠᠰᠤᠷᠠᠯᠲᠠ ᠥᠬᠡᠶ ᠤᠷᠤᠭ᠍ᠰᠢᠯᠠᠭᠤᠯᠬᠤ ᠬᠦᠴᠦᠷᠬᠡᠭ ᠶᠡᠭᠡ ᠬᠥᠳᠡᠯᠭᠡᠬᠦ᠌ ᠬᠦᠴᠦᠨ ᠪᠣᠯᠤᠭ᠍ᠰᠠᠨ ᠪᠠᠢᠨ᠎ᠠ᠃ ᠢᠷᠠᠭᠤ ᠠᠯᠳᠠᠷ ᠨᠢᠭᠡᠪᠦᠷᠢ᠎ᠨᠢ ᠴᠥᠮ ᠲᠡᠭᠦᠨ᠎ᠤ ᠪᠠᠲᠤ ᠰᠠᠬᠢᠬᠤ ᠪᠠ ᠬᠤᠪᠢ ᠨᠡᠮᠡᠷᠢ ᠦᠵᠡᠬᠦᠯᠦᠭ᠌ᠰᠡᠨ ᠪᠤᠳᠠᠳᠣ ᠠᠵᠢᠯᠯᠠᠭ᠎ᠠ᠎ᠶ᠋ᠢ ᠭᠡᠷᠡᠴᠢᠯᠡᠵᠦ᠍᠂ ᠲᠡᠭᠦᠨ᠎ᠤ ᠬᠤᠢᠴᠢ ᠦᠶ᠎ᠡ᠎ᠶ᠋ᠢᠨ᠎ᠬᠢᠨ᠎ᠢ ᠬᠠᠯᠠᠮᠵᠢᠯᠠᠬᠤ ᠵᠠᠮ ᠳᠡᠭᠡᠷ᠎ᠡ ᠦᠷᠭᠦᠯᠵᠢᠯᠡᠨ ᠭᠡᠷᠡᠯ ᠭᠢᠯᠪᠠᠭ᠎ᠠ᠎ᠪᠠᠨ ᠪᠠᠳᠠᠷᠠᠭᠤᠯᠬᠤ ᠬᠦᠳᠡᠯᠬᠡᠬᠦ᠌ ᠬᠦᠴᠦᠨ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号