ᠴᠡᠴᠡᠭ᠎ᠤᠨ ᠲᠣᠭᠣᠰᠣ ᠵᠢ ᠬᠡᠷᠬᠢᠨ ᠰᠡᠷᠭᠡᠶ᠋ᠢᠯᠡᠬᠦ᠌ ᠪᠣᠢ ?
2026-04-14 16:53:39
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠮᠠᠨ᠎ᠤ ᠤᠯᠤᠰ ᠲᠤ᠌ ᠴᠡᠴᠡᠭ᠎ᠤᠨ ᠲᠣᠭᠣᠰᠣᠨ ᠳ᠋ᠣ᠌ ᠬᠠᠷᠰᠢᠬᠤ ᠬᠥᠮᠥᠰ ᠶᠠᠪᠤᠬᠤ ᠲᠤᠰᠤᠮ ᠣᠯᠠᠰᠢᠷᠠᠵᠤ᠂ 4 ᠰᠠᠷ᠎ᠠ ᠲᠠᠢ ᠨᠢᠯᠬ᠎ᠠ ᠬᠡᠦᠬᠡᠳ ᠡᠴᠡ ᠠᠪᠤᠭᠠᠳ 60 ᠨᠠᠰᠤᠨ ᠡᠴᠠ ᠳᠡᠭᠡᠭᠰᠢᠬᠢ ᠨᠠᠰᠤᠲᠠᠨ ᠬᠦᠷᠲᠡᠯ᠎ᠡ ᠪᠦᠷ ᠴᠡᠴᠡᠭ᠎ᠤᠨ ᠲᠣᠭᠣᠰᠣᠨ᠎ᠳ᠋ᠣ ᠬᠠᠷᠰᠢᠬᠤ ᠪᠠᠶ᠋ᠢᠳᠠᠯ ᠢᠯᠡᠷᠡᠵᠦ᠍ ᠪᠠᠶ᠋ᠢᠨ᠎ᠠ᠃ ᠲᠡᠭᠡᠪᠡᠯ ᠴᠡᠴᠡᠭ᠎ᠤᠨ ᠲᠣᠭᠣᠰᠣ ᠵᠢ ᠬᠡᠷᠬᠢᠨ ᠰᠡᠷᠭᠡᠶ᠋ᠢᠯᠡᠪᠡᠯ ᠵᠣᠬᠢᠬᠤ ᠪᠣᠢ?

ᠡᠨᠡ ᠲᠤᠬᠠᠢ ᠪᠡᠭᠡᠵᠢᠩ ᠬᠣᠲᠠ ᠵᠢᠨ ᠡᠪᠡᠳᠴᠢᠨ ᠬᠢᠵᠢᠭ ᠢ᠋ ᠰᠡᠷᠭᠡᠶ᠋ᠢᠯᠡᠨ ᠡᠵᠡᠮᠳᠡᠬᠦ ᠲᠥᠪ᠎ᠤᠨ ᠬᠢᠨ ᠬᠠᠮᠢᠶᠠᠲᠠᠢ ᠮᠡᠳᠡᠭᠡ ᠨᠡᠶ᠋ᠢᠲᠡᠯᠡᠵᠦ ᠣᠯᠠᠨ ᠳ᠋ᠣ᠌ ᠰᠠᠨᠠᠭᠤᠯᠤᠭᠰᠠᠨ ᠪᠠᠶ᠋ᠢᠨ᠎ᠠ᠃ ᠲᠤᠬᠠᠶ᠋ᠢᠯᠠᠪᠠᠯ᠄

ᠨᠢᠭᠡ ᠳ᠋ᠥ᠂ ᠬᠤᠸᠠᠷ ᠴᠡᠴᠡᠭ ᠲᠠᠢ ᠰᠢᠭᠤᠳ ᠣᠶ᠋ᠢᠷᠠᠳᠬᠤ ᠦᠭᠡᠢ᠃ ᠭᠠᠳᠠᠭᠰᠢ ᠭᠠᠷᠬᠤ ᠪᠠᠨ ᠴᠥᠭᠡᠳᠬᠡᠵᠦ᠍᠂ ᠣᠨᠴᠠᠭᠠᠶ᠋ᠢᠯᠠᠨ ᠴᠡᠴᠡᠭ ᠎ᠤᠨ ᠲᠣᠭᠣᠰᠣ ᠶᠡᠬᠡᠲᠡᠢ ᠦᠶᠡᠰ ᠡᠭᠦᠳᠡ ᠴᠣᠩᠬᠣ ᠪᠠᠨ ᠬᠠᠭᠠᠵᠤ᠂ ᠴᠢᠳᠠᠪᠠᠯ ᠭᠡᠷ ᠳᠣᠲᠣᠷ᠎ᠠ᠎ᠪᠠᠨ ᠠᠭᠠᠷ ᠴᠡᠪᠡᠷᠰᠢᠭᠦᠯᠬᠦ᠌ ᠮᠠᠰᠢᠨ ᠢ᠋ ᠬᠡᠷᠡᠭᠯᠡᠬᠦ᠌ ᠬᠡᠷᠡᠭᠲᠡᠢ᠃

ᠬᠣᠶᠠᠷ ᠲᠤ᠌᠂ ᠭᠠᠳᠠᠭᠰᠢ ᠭᠠᠷᠪᠠᠯ ᠰᠡᠷᠭᠡᠶ᠋ᠢᠯᠡᠯᠲᠡ ᠪᠡᠨ ᠰᠠᠶ᠋ᠢᠨ ᠬᠢᠬᠦ᠌ ᠬᠡᠷᠡᠭᠲᠡᠢ᠃ ᠭᠠᠳᠠᠭᠰᠢ ᠭᠠᠷᠬᠤ ᠳ᠋ᠠᠭᠠᠨ ᠤᠷᠲᠤ ᠬᠠᠨᠴᠤᠢ ᠲᠠᠢ ᠬᠤᠪᠴᠠᠰᠤ ᠡᠮᠦᠰᠴᠦ᠍᠂ ᠠᠮᠠᠪᠴᠢ᠂ ᠨᠢᠳᠦᠨ ᠰᠢᠯ ᠵᠡᠭᠦᠵᠦ᠍᠂ ᠮᠠᠰᠢᠨ ᠵᠢᠯᠣᠭᠣᠳᠬᠤ ᠳ᠋ᠠᠭᠠᠨ ᠴᠣᠩᠬᠣ ᠪᠡᠨ ᠴᠢᠩᠭ᠎ᠠ ᠬᠠᠭᠠᠬᠤ ᠬᠡᠷᠡᠭᠲᠡᠢ᠃ ᠭᠡᠷ ᠲᠡᠬᠡᠨ ᠬᠠᠷᠢᠭᠰᠠᠨ᠎ᠤ ᠳᠠᠷᠠᠭ᠎ᠠ ᠭᠠᠳᠠᠷ ᠬᠤᠪᠴᠠᠰᠤ ᠪᠠᠨ ᠳᠠᠷᠤᠶ᠋ᠢᠬᠠᠨ ᠰᠣᠯᠢᠵᠤ᠂ ᠨᠢᠭᠤᠷ᠎ᠵᠢᠠᠨ  ᠤᠬᠢᠶᠠᠵᠤ᠂ ᠠᠮᠠ ᠬᠠᠮᠠᠷ ᠵᠢᠠᠨ ᠵᠠᠶ᠋ᠢᠯᠬᠤ ᠬᠡᠷᠡᠭᠲᠡᠢ᠃

ᠭᠤᠷᠪᠠ ᠳ᠋ᠣ᠌᠂ ᠳᠠᠷᠬᠠᠯᠠᠭ᠎ᠠ ᠪᠠᠨ ᠰᠠᠶ᠋ᠢᠵᠢᠷᠠᠭᠤᠯᠬᠤ ᠬᠡᠷᠡᠭᠲᠡᠢ᠃ ᠡᠭᠦᠨ ᠳ᠋ᠥ᠍ ᠰᠠᠶ᠋ᠢᠨ ᠤᠨᠲᠠᠵᠤ ᠠᠮᠠᠷᠠᠨ᠂ ᠢᠳᠡᠭᠡᠨ ᠤᠮᠳᠠᠭᠠᠨ ᠵᠢᠠᠨ ᠵᠣᠬᠢᠴᠠᠭᠤᠯᠵᠤ᠂ ᠰᠢᠨ᠎ᠡ ᠰᠣᠷᠭᠣᠭ ᠨᠣᠭᠣᠭ᠎ᠠ ᠵᠢᠮᠢᠰ ᠢᠯᠡᠭᠦᠬᠡᠨ ᠢᠳᠡᠵᠦ᠍᠂ ᠲᠣᠭᠲᠠᠭᠰᠠᠨ ᠬᠤᠭᠤᠴᠠᠭᠠᠨ ᠳ᠋ᠣ᠌᠎ᠪᠡᠶ᠎ᠡ ᠪᠡᠨ ᠪᠣᠯᠪᠠᠰᠤᠷᠠᠭᠤᠯᠬᠤ ᠬᠡᠷᠡᠭᠲᠡᠢ᠃

ᠳᠥᠷᠪᠡ ᠳ᠋ᠥ᠂ ᠬᠠᠷᠰᠢᠬᠤ ᠪᠠᠶ᠋ᠢᠳᠠᠯ ᠬᠦᠨᠳᠦᠷᠡᠪᠡᠯ ᠳᠠᠷᠤᠶ᠋ᠢᠬᠠᠨ ᠡᠮᠴᠢᠯᠡᠭᠦᠯᠬᠦ᠌ ᠬᠡᠷᠡᠭᠲᠡᠢ᠃ ᠠᠮᠠᠷᠬᠠᠨ ᠬᠠᠷᠰᠢᠳᠠᠭ ᠪᠠ ᠠᠭᠰᠠᠭ᠎ᠠ ᠡᠪᠡᠳᠴᠢᠨ ᠲᠠᠢ ᠬᠥᠮᠥᠰ ᠬᠤᠪᠴᠠᠰᠤ ᠬᠤᠨᠠᠷ ᠵᠢᠠᠨ ᠲᠣᠬᠢᠷᠠᠭᠤᠯᠵᠤ᠂ ᠵᠢᠩᠭᠢᠨᠡᠵᠦ᠍ ᠳᠠᠭᠠᠷᠠᠭᠠᠳ ᠬᠢᠮᠤᠷᠠᠭ᠎ᠠ ᠲᠠᠭᠰᠢᠭᠤᠷ ᠣᠯᠬᠤ ᠡᠴᠠ ᠪᠣᠯᠭᠣᠮᠵᠢᠯᠠᠬᠤ ᠬᠡᠷᠡᠭᠲᠡᠢ᠃ ᠬᠠᠷᠰᠢᠬᠤ ᠪᠠᠶ᠋ᠢᠳᠠᠯ ᠬᠦᠨᠳᠦᠷᠡᠪᠡᠯ ᠳᠠᠷᠤᠶ᠋ᠢᠬᠠᠨ ᠡᠮᠴᠢᠯᠡᠭᠦᠯᠬᠦ᠌ ᠬᠡᠷᠡᠭᠲᠡᠢ᠃

(《ᠠᠷᠠᠳ᠎ᠤᠨ ᠰᠦᠯᠵᠢᠶ᠎ᠠ》 ᠡᠴᠨ ᠨᠠᠢᠷᠠᠭᠤᠯᠤᠨ ᠠᠪᠤᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号