ᠬᠦᠰᠡᠵᠦ᠍ ᠬᠦᠯᠢᠶᠡᠵᠦ᠍ ᠤᠳᠠᠭᠰᠠᠠ ᠳᠡᠯᠡᠬᠡᠶ᠎ᠶᠢᠨ ᠢᠷᠠᠭᠤ ᠨᠠᠶ᠋ᠢᠷᠠᠭ᠎ᠤᠨ ᠡᠳᠦᠷ ᠪᠤᠯᠵᠤ ᠦᠩᠬᠡᠷᠡᠯ᠎ᠠ᠃
ᠬᠡᠴᠢᠨᠠᠨ ᠡᠳᠤᠷ ᠬᠦᠰᠡᠵᠦ᠍ ᠬᠦᠯᠢᠶᠡᠭᠡᠳ ᠬᠦᠷᠦᠭᠡᠳ ᠢᠷᠡᠬᠦᠯᠡᠷ ᠯᠡ ᠬᠦᠰᠡᠭᠰᠡᠨ ᠪᠦᠬᠦᠨ᠂ ᠬᠦᠯᠢᠶᠡᠭᠰᠡᠨ ᠪᠦᠬᠦᠨ᠎ᠢ ᠬᠡᠢ ᠬᠣᠭᠣᠰᠣᠨ ᠪᠣᠯᠭᠠᠭᠠᠳ ᠣᠷᠬᠢᠬᠤ ᠨᠢ ?
ᠠᠮᠢᠳᠤᠷᠠᠯ ᠭᠡᠵᠦ᠍ ᠰᠠᠨᠠᠭᠰᠠᠨ ᠰᠠᠨᠠᠭ᠎ᠠ᠂ ᠪᠣᠳᠤᠭᠰᠠᠨ ᠪᠣᠳᠣᠯ ᠵᠢᠡᠷ ᠪᠣᠯᠳᠠᠭ ᠦᠭᠡᠢ ᠬᠣᠶ᠋ᠢᠨ᠎ᠠ ᠶᠠᠭᠠᠭᠢᠮᠤᠶ ᠳ᠋ᠠ᠂ ᠬᠠᠪᠤᠷ᠎ᠤᠨ ᠬᠠᠲᠠᠭᠤ ᠶᠠᠭᠠᠷᠠᠦ ᠴᠠᠭ ᠨᠢ ᠡᠶ᠋ᠢᠮᠦ᠍ ᠯᠠ ᠪᠠᠶ᠋ᠢᠳᠠᠭ ᠶᠤᠮ ᠦᠦ ᠭᠡᠮᠡᠷ᠃ ᠬᠡᠳᠦᠶ᠋ᠢᠪᠡᠷ ᠣᠴᠢᠵᠤ ᠣᠷᠣᠯᠴᠠᠵᠤ ᠳᠡᠶ᠋ᠢᠯᠦᠭᠡ ᠦᠭᠡᠢ ᠴᠦ᠍ ᠰᠡᠳᠬᠢᠯ ᠮᠢᠨᠢ ᠲᠠᠷᠠ ᠵᠦᠭ ᠤᠷᠤᠭᠤ ᠲᠡᠮᠡᠦᠯᠦᠭᠰᠡᠭᠡᠷ ᠁
ᠬᠠᠶᠠ ᠨᠢᠭᠡ ᠬᠠᠷᠠᠩᠭᠤᠶ ᠰᠥᠨᠢ᠎ᠶᠢᠨ ᠢᠯᠦᠮ ᠵᠢᠯᠦᠮᠢ ᠡᠪᠳᠡᠭᠰᠡᠨ ᠬᠣᠨᠢᠨᠦ ᠮᠠᠶ᠋ᠢᠯᠠᠭᠠ᠂ ᠬᠥᠭᠡᠷᠦᠬᠦᠶ ᠥᠨᠥᠴᠢᠨ ᠬᠤᠷᠠᠭᠠᠨᠤ ᠮᠢᠨᠢ ᠥᠯᠥᠰᠦᠩᠭᠦᠶ ᠵᠥᠭᠡᠯᠡᠨ ᠳᠠᠭᠤ᠂ ᠡᠮᠦᠨᠡᠬᠡᠨ ᠰᠥᠨᠢ᠎ᠶᠢᠨ ᠨᠠᠶ᠋ᠢᠵᠠ᠎ᠶᠢᠨ ᠮᠢᠨᠢ ᠬᠡᠯᠡᠭᠰᠡᠨ ᠬᠡᠳᠦᠨ ᠦᠭᠡ᠂ ᠮᠠᠷᠭᠠᠰᠢ᠎ᠪᠠᠷ ᠶᠠᠪᠤᠭᠳᠠᠬᠤ ᠭᠡᠵᠦ᠍ ᠪᠠᠶ᠋ᠢᠭ᠎ᠠ ᠳᠡᠯᠡᠬᠡᠶ᠎ᠶᠢᠨ ᠢᠷᠠᠭᠤ ᠨᠠᠶ᠋ᠢᠷᠠᠭ᠎ᠤᠨ ᠡᠳᠦᠷ᠎ᠢ ᠪᠡᠯᠭᠡᠯᠡᠬᠦ᠌《ᠲᠡᠭᠡ᠎ᠶᠢᠨ ᠬᠠᠨ᠎ᠤ ᠴᠤᠤᠷᠢᠶ᠎ᠠ》 ᠬᠠᠮᠲᠤ᠎ᠶᠢᠨ ᠴᠤᠭᠯᠠᠭᠠᠨ᠂ ᠢᠷᠠᠭᠤ ᠨᠠᠶ᠋ᠢᠷᠠᠭᠴᠢ ᠭᠡᠰᠡᠨ ᠰᠠᠶ᠋ᠢᠬᠠᠨ ᠡᠩᠭᠡᠷ᠎ᠦᠨ ᠵᠡᠭᠦᠯᠲᠡ ᠵᠡᠷᠭᠡ ᠵᠢ ᠪᠤᠳᠤᠵᠤ᠂ ᠡᠭᠡᠳᠡᠷᠡᠭᠡᠨᠲᠦ᠍ ᠣᠷᠴᠢᠯᠠᠩ᠎ᠤᠨ ᠭᠤᠩᠰᠤᠷᠠᠭᠰᠠᠠ ᠰᠡᠳᠬᠢᠯ᠎ᠳᠤ ᠬᠥᠲᠥᠯᠥᠭᠲᠡᠨ ᠨᠢᠭᠡ ᠮᠡᠳᠡᠬᠦ᠌᠎ᠳᠦ ᠤᠷᠶ ᠵᠠᠯᠠᠭᠤ ᠨᠠᠰᠤᠨ᠎ᠤ ᠡᠷᠭᠢᠴᠡᠭᠦᠯᠦᠯᠳ᠋ᠡᠬᠡᠨ ᠶᠠᠪᠤᠭᠠᠳ ᠬᠦᠷᠴᠢᠬᠡᠪᠡ᠃
ᠲᠡᠷᠡ ᠵᠤᠨ ᠭᠡᠵᠦ᠍ ᠡᠭᠡᠭᠡ ᠯᠠ ᠬᠡᠭᠡᠨᠴᠢᠷ ᠵᠠᠯᠠᠭᠤ ᠨᠠᠰᠤᠲᠠᠶ ᠮᠢᠨᠢ ᠠᠳᠠᠯᠢᠬᠠᠨ ᠭᠤᠶᠣ ᠪᠠᠶ᠋ᠢᠯ᠎ᠠ᠃ ᠴᠡᠴᠡᠭ ᠪᠢᠳᠡ ᠬᠣᠶᠠᠭᠤᠯᠠ《ᠡᠩᠬᠡ᠎ᠶᠢᠨ ᠣᠪᠣᠭᠠᠨᠤ ᠦᠵᠦᠭ᠎ᠦᠨ ᠰᠣᠷᠢᠯᠲᠠ 》ᠵᠢᠨ ᠴᠤᠭᠯᠠᠭᠠᠨ᠎ᠳᠤ ᠣᠷᠣᠯᠴᠠᠭᠠᠳ ᠢᠷᠠᠭᠤ ᠨᠠᠶ᠋ᠢᠷᠠᠭᠴᠢ ᠭᠡᠰᠡᠨ ᠰᠠᠶ᠋ᠢᠬᠠᠨ ᠴᠣᠯᠠ᠎ᠶᠢ ᠵᠡᠭᠦᠭᠡᠳ ᠣᠪᠣᠭ᠎ᠠ ᠣᠯᠵᠠ᠎ᠲᠠᠶ ᠶᠤᠮ ᠰᠢᠬ ᠪᠠᠬᠠᠷᠬᠠᠵᠤ ᠶᠠᠪᠤᠭᠰᠠᠠ ᠶᠤᠮ᠃《ᠬᠥᠶᠢ᠂ ᠭᠤᠸ᠎ᠠ ᠴᠤ᠌ ᠶᠤᠮ ᠦᠦ?》 ᠬᠡᠵᠤ ᠭᠡᠨᠡᠳᠲᠡ ᠬᠠᠷᠠᠩᠭᠤᠶ ᠵᠢᠨ ᠳᠤᠮᠳᠠ᠎ᠠᠴᠠ ᠠᠬ᠎ᠠ᠎ᠶᠢᠨ ᠮᠢᠨᠢ ᠲᠠᠨᠢᠯ ᠳᠠᠭᠤ ᠪᠢᠳᠡ ᠬᠣᠶᠠᠭᠤᠯᠠ᠎ᠶᠢᠨ ᠵᠣᠭᠣᠭᠢ ᠲᠠᠰᠤᠯᠪᠠ᠃ ᠪᠣᠷᠣᠭᠠᠨ᠎ᠤ ᠳᠠᠷᠠᠭᠠᠬᠢ ᠲᠤᠨᠤᠮᠠᠯ ᠤᠰᠤᠨ᠎ᠤ ᠨᠠᠭᠠᠨ᠎ᠠ ᠴᠠᠭᠠᠨ᠎ᠠ᠎ᠠᠴᠠ ᠪᠥᠷᠲᠥᠯᠵᠡᠬᠦ᠌ ᠪᠠᠷ᠎ᠠ ᠪᠠᠨ ᠬᠠᠷᠠᠵᠤ ᠵᠣᠭᠰᠣᠭᠰᠠᠨ ᠨᠢ ᠳᠠᠶ᠋ᠢᠴᠢᠨ ᠠᠬ᠎ᠠ ᠪᠢᠳᠡ ᠬᠣᠶᠠᠷ ᠰᠠᠨ ᠃
《ᠴᠢᠨᠦ᠍ ᠬᠣᠭᠣᠯᠠᠶ᠎ᠶᠢᠨ ᠥᠩᠭᠡ᠎ᠪᠡᠷ ᠴᠢᠨᠢ ᠲᠠᠨᠢᠭᠰᠠᠨ》 ᠭᠡᠵᠦ᠍ ᠠᠬ᠎ᠠ ᠪᠢᠳᠡ ᠬᠣᠶᠠᠭᠤᠯᠠ᠎ᠶᠢᠨ ᠡᠮᠦᠨ᠎ᠡ ᠢᠷᠡᠴᠢᠬᠡᠭᠰᠡᠨ ᠵᠣᠭᠰᠣᠨᠡ᠃
《ᠠᠬ᠎ᠠ ᠲᠠ ᠬᠡᠵᠢᠶ᠎ᠡ ᠢᠷᠡᠭᠰᠡᠨ ᠪᠤᠢ ?》 ᠭᠡᠵᠦ᠍ ᠪᠢ ᠲᠠᠢᠪᠤᠭᠤᠬᠠᠨ ᠠᠰᠠᠭᠤᠬᠤ᠎ᠳᠤ《ᠥᠷᠯᠥᠭᠡ ᠰᠤᠷᠭᠠᠭᠤᠯᠢ ᠳᠡᠭᠡᠷ᠎ᠡ ᠵᠢᠭᠠᠬᠠᠨ ᠤᠴᠢᠷ᠎ᠲᠠᠶ ᠢᠷᠡᠭᠡᠳ ᠵᠠᠮ ᠵᠢᠡᠷ ᠵᠢᠠᠨ ᠴᠢᠮ᠎ᠠ᠎ᠲᠠᠢ ᠠᠭᠤᠯᠵᠠᠭᠠᠳ ᠶᠠᠪᠤᠶ᠎ᠠ ᠬᠡᠰᠡᠨ ᠶᠤᠮ 》ᠭᠡᠵᠦ᠍ ᠬᠠᠷᠠᠩᠭᠤᠶ ᠰᠥᠨᠢ ᠢᠷᠠᠯᠵᠠᠬᠰᠠᠠ ᠴᠠᠭᠠᠨ ᠰᠢᠳᠦ᠎ᠪᠡᠷ ᠢᠨᠢᠶᠡᠭᠰᠡᠨ ᠨᠢ ᠳᠤᠪ ᠲᠣᠳᠣᠷᠬᠠᠶ ᠬᠠᠷᠠᠭᠳᠠᠨ᠎ᠠ᠃ ᠡᠨᠡ ᠪᠣᠯ ᠲᠡᠷᠡᠭᠡᠨ ᠡᠳᠦᠷ ᠪᠣᠯᠤᠭᠰᠠᠨ ᠡᠩᠬᠡ᠎ᠶᠢᠨ ᠣᠪᠣᠭᠠᠨᠤ ᠦᠵᠦᠭ᠎ᠦᠨ ᠰᠣᠷᠢᠯᠲᠠ᠎ᠶᠢᠨ ᠴᠤᠭᠯᠠᠭᠠᠨ᠎ᠳᠤ ᠲᠠᠨᠢᠯᠴᠠᠭᠰᠠᠨ ᠠᠬ᠎ᠠ ᠲᠠᠢᠴᠢᠨ ᠪᠤᠯᠤᠨ᠎ᠠ ᠃
ᠲᠡᠷᠡ ᠡᠳᠦᠷ᠎ᠦᠨ ᠴᠤᠭᠯᠠᠭᠠᠨᠲᠠᠭᠤᠰᠤᠭᠰᠠᠠᠤ ᠳᠠᠷᠠᠭ᠎ᠠ ᠬᠣᠭᠣᠯᠠᠨ ᠰᠢᠷᠡᠭᠡᠨ᠎ᠳᠦ ᠭᠡᠲᠦᠬᠦᠯᠡ ᠬᠠᠮᠳᠤ ᠵᠤᠭᠤᠭᠳᠠᠵᠤ ᠰᠠᠭᠤᠪᠠ᠃ ᠬᠡᠨ ᠨᠢᠭᠡ᠎ᠪᠡᠨ ᠦᠯᠦ᠍ ᠲᠠᠨᠢᠬᠤ ᠬᠥᠮᠦᠰ᠎ᠲᠡᠶ ᠰᠠᠭᠤᠭᠰᠠᠨ ᠴᠡᠴᠡᠭ ᠪᠢᠳᠡ ᠬᠣᠶᠠᠭᠤᠯᠠ ᠢᠴᠢᠵᠦ᠍ ᠰᠢᠷᠪᠡᠬᠡᠳᠦᠭᠡᠳ ᠶᠠᠭᠤ ᠬᠡᠯᠡᠬᠦ᠌᠎ᠪᠡᠨ ᠣᠯᠵᠤ ᠶᠠᠳᠠᠨ᠎ᠠ᠃
《ᠠᠷᠢᠬᠢ ᠤᠤᠭᠤᠬᠤ ᠦᠬᠡᠶ ᠤᠤ ?》 ᠭᠡᠵᠦ᠍ ᠭᠤᠴᠢᠨ ᠨᠠᠰᠤᠨ᠎ᠤ ᠬᠢᠵᠢᠶᠡᠯᠢ ᠡᠷᠡᠭᠲᠡᠶ᠂ ᠬᠣᠷᠢᠭᠠᠳ ᠨᠠᠰᠤᠨ᠎ᠤ ᠵᠠᠯᠠᠭᠤ ᠪᠢᠳᠡ ᠬᠣᠶᠠᠭᠤᠯᠠ᠎ᠶᠢ ᠵᠣᠴᠢᠯᠠᠵᠤ ᠰᠠᠭᠤᠨ᠎ᠠ᠂ ᠬᠡᠯᠡᠯᠴᠡᠭᠰᠡᠭᠡᠷ ᠶᠠᠷᠢᠯᠴᠠᠭᠰᠠᠭᠠᠷ ᠬᠡᠵᠢᠶ᠎ᠡ ᠬᠣᠶ᠋ᠢᠨ᠎ᠠ ᠰᠠᠶ᠋ᠢᠬᠠᠨ ᠨᠠᠶ᠋ᠢᠵᠠ᠂ ᠠᠬ᠎ᠠ ᠥᠬᠢᠨ ᠳᠡᠭᠦᠦ ᠪᠣᠯᠴᠢᠬᠠᠭᠰᠠᠨ ᠢᠨᠢᠶᠡᠳᠦ ᠬᠥᠭᠡᠷᠦᠭᠡ᠎ᠲᠡᠶ ᠪᠡᠷ ᠮᠠᠷᠳᠠᠭᠳᠠᠰᠢ ᠦᠬᠡᠢ ᠦᠳᠡᠰᠢ ᠵᠢ ᠦᠩᠬᠡᠷᠡᠬᠦᠯᠵᠤ᠂ ᠮᠠᠷᠭᠠᠰᠢ ᠨᠢ ᠠᠭᠤᠯᠠ ᠲᠣᠭᠣᠷᠢᠬᠤ ᠪᠡᠷ ᠪᠣᠯᠵᠤᠪᠠ᠃
ᠣᠷᠣᠢ ᠪᠥᠵᠢᠭ᠎ᠦᠨ ᠲᠢᠩᠬᠢᠮ᠎ᠳᠤ ᠣᠷᠣᠯ᠎ᠠ᠃ ᠣᠯᠠᠨ᠎ᠤ ᠳᠤᠮᠳᠠ ᠠᠬ᠎ᠠ ᠪᠢᠳᠡ ᠬᠣᠶᠠᠭᠤᠯᠠ ᠰᠢᠭ᠋ ᠭᠣᠶᠣ ᠲᠣᠭᠯᠠᠭᠰᠠᠨ ᠬᠥᠮᠦᠨ ᠦᠬᠡᠷ᠎ᠠ ᠠᠯᠠᠭ᠎ᠠ ᠰᠢᠭ᠋ ᠰᠠᠨᠠᠭᠳᠠᠨ᠎ᠠ᠃ ᠪᠥᠵᠢᠭ᠎ᠦᠨ ᠠᠶ᠎ᠠ ᠦᠷᠭᠦᠯᠵᠢᠯᠡᠭᠰᠡᠭᠡᠷ᠂ ᠠᠬ᠎ᠠ ᠪᠢᠳᠡ ᠬᠣᠶᠠᠭᠤᠯᠠ ᠲᠣᠭᠯᠠᠭᠰᠠᠭᠠᠷ᠃ ᠬᠡᠳᠦᠶ ᠣᠷᠣᠢ ᠪᠣᠯᠤᠭᠰᠠᠨ᠎ᠢ ᠪᠦᠦ ᠮᠡᠳᠡ᠂ ᠭᠡᠷ᠎ᠲᠡᠬᠡᠨ ᠬᠠᠷᠢᠵᠤ ᠢᠷᠡᠩᠭᠦᠳᠡ ᠶᠠᠳᠠᠷᠠᠭᠠᠳ ᠤᠨᠲᠠᠵᠤ ᠣᠷᠬᠢᠵᠠᠢ᠃
ᠨᠡᠷᠡᠨ᠎ᠦ ᠬᠤᠷᠴᠠ ᠭᠡᠷᠡᠯ ᠴᠣᠩᠬᠣ᠎ᠪᠠᠷ ᠨᠢᠳᠦ᠎ᠶᠢ ᠮᠢᠨᠢ ᠭᠢᠯᠠᠰᠬᠤ᠎ᠪᠠᠷ ᠪᠢ ᠰᠠᠶᠢ ᠰᠣᠴᠢᠨ ᠰᠡᠷᠡᠯ᠎ᠡ᠂ ᠲᠡᠬᠡᠬᠦ᠎ᠳᠤ《ᠴᠡᠴᠡᠭ ᠡ᠂ ᠪᠣᠰ ᠡ》 ᠥᠴᠥᠭᠡᠳᠦᠷ᠎ᠦᠨ ᠪᠣᠯᠵᠣᠭ᠎ᠠ ᠣᠷᠣᠶ᠋ᠢᠲᠠᠭᠠ ᠦᠭᠡᠢ ᠪᠠᠶ᠋ᠢᠯᠭᠦᠶ ᠭᠡᠳ ᠶᠠᠭᠠᠷᠠᠨ᠂ ᠦᠷᠯᠦᠬᠡᠨᠤ ᠬᠤᠭᠤᠯᠠ ᠪᠡᠨ ᠴᠤ᠌ ᠢᠳᠡᠭᠰᠡᠡ ᠦᠬᠡᠢ ᠪᠡᠷ ᠠᠬ᠎ᠠ ᠵᠢᠨ ᠪᠠᠭᠤᠳᠠᠯ᠎ᠢ ᠴᠢᠭᠯᠡᠯ᠎ᠡ᠃
《ᠪᠥᠵᠢᠭ᠎ᠦᠨ ᠶᠠᠳᠠᠷᠠᠭ᠎ᠠ ᠲᠠᠶ᠋ᠢᠯᠤᠭᠳᠠᠭᠰᠠᠨ ᠦᠦ ?》ᠭᠡᠵᠦ᠍ ᠠᠬ᠎ᠠ ᠲᠡᠳᠡ ᠬᠣᠶᠠᠭᠤᠯᠠ ᠢᠨᠢᠶᠡᠭᠰᠡᠭᠡᠷ ᠪᠢᠳᠠᠨ᠎ᠢ ᠤᠭᠲᠤᠵᠤ ᠠᠪᠤᠯ᠎ᠠ᠃《ᠣᠳᠣ ᠶᠠᠪᠤᠬᠤ ᠦᠭᠡᠢ ᠪᠣᠯ ᠣᠷᠣᠶ᠋ᠢᠲᠠᠨᠠ ᠰᠢᠤ!》ᠭᠡᠳ ᠠᠬ᠎ᠠ ᠬᠡᠯᠡᠬᠦ᠎ᠳᠤ ᠪᠢᠳᠡ ᠳᠥᠷᠪᠡᠭᠦᠯᠡ ᠪᠤᠯᠵᠤᠭᠰᠠᠠ ᠭᠠᠵᠡᠷ ᠲᠠᠭᠠᠨ ᠪᠣᠯᠵᠣᠭ᠎ᠠ ᠶᠤᠰᠤᠭᠠᠷ ᠮᠣᠷᠳᠠᠯ᠎ᠠ᠃ ᠦᠵᠡᠰᠬᠦᠯᠡᠩᠲᠦ᠍ ᠰᠠᠶ᠋ᠢᠬᠠᠨ ᠠᠭᠤᠯᠠ ᠤᠰᠤ ᠨᠤᠲᠤᠭ᠎ᠤᠨ ᠮᠢᠨᠢ ᠭᠤᠶᠤ ᠦᠵᠡᠮᠵᠢ ᠪᠠᠢᠵᠤ᠂ ᠠᠷᠪᠠᠨ ᠨᠠᠢ᠍ᠮᠠᠨ ᠠᠭᠤᠶ᠎ᠲᠠᠶ᠂ ᠰᠢᠷᠭᠤᠬᠤ ᠬᠠᠳᠠ᠎ᠲᠠᠶ ᠃
《 ᠭᠤᠸ᠎ᠠ ᠡ᠂ ᠴᠢᠨᠦ᠍ ᠲᠡᠷᠡ ᠨᠢᠮᠬᠡᠨ ᠣᠶ᠋ᠢᠮᠣᠰᠤ ᠴᠢᠨᠢ ᠦᠨᠡᠬᠡᠷ ᠴᠢᠨᠠᠷᠯᠢᠭ ᠪᠠᠶ᠋ᠢᠨ᠎ᠠ》 ᠭᠡᠵᠦ ᠵᠠᠮ ᠲᠤᠵᠢ ᠨᠠᠮ᠎ᠠ᠎ᠶᠢ ᠱᠣᠤᠯᠠᠵᠤ ᠢᠨᠢᠶᠡᠯᠳᠦᠨ ᠳᠡᠮᠡᠶ ᠤᠳᠠᠭᠰᠠᠨ ᠦᠭᠡᠶ ᠠᠭᠤᠶ ᠬᠦᠷᠦᠭᠡᠳ ᠢᠷᠡᠵᠡᠢ᠃ ᠠᠭᠤᠯᠠ ᠲᠣᠭᠣᠷᠢᠬᠤ ᠭᠡᠵᠦ᠍ ᠪᠠᠶ᠋ᠢᠭᠠᠳ ᠪᠠᠩᠵᠠᠯ ᠡᠮᠦᠰᠴᠤ ᠳᠡᠯᠳᠡᠬᠡᠨᠡᠭᠰᠡᠡ ᠪᠢ ᠴᠢᠨᠢ ᠡᠷᠪᠡᠬᠡᠶ ᠪᠣᠯᠤᠨ᠎ᠠ ᠭᠡᠵᠦ᠍ ᠪᠤᠳᠤᠭᠰᠠᠨ ᠴᠤ᠌ ᠶᠤᠮ ᠦᠦ ᠮᠣᠳᠣᠨ ᠳᠤᠮᠳᠠᠭᠤᠷ ᠲᠡᠷᠪᠡᠨᠠ᠃
ᠠᠰᠬ᠎ᠠ᠂ ᠴᠡᠴᠡᠭ ᠬᠣᠶᠠᠭᠤᠯᠠ ᠥᠭᠡᠷ᠎ᠡ ᠠᠭᠤᠶ ᠦᠵᠡᠨ᠎ᠡ ᠭᠡᠳ ᠠᠬ᠎ᠠ ᠪᠢᠳᠡ ᠬᠣᠶᠠᠷ᠎ᠢ ᠬᠠᠶᠠᠭᠠᠳ ᠯᠡ ᠶᠠᠪᠤᠴᠢᠬᠠᠯ᠎ᠠ᠃ ᠠᠬ᠎ᠠ ᠪᠢᠳᠡ ᠬᠣᠶᠠᠭᠤᠯᠠ ᠡᠮᠦᠨᠡᠬᠡᠨ ᠪᠣᠯᠤᠭᠰᠠᠨ ᠴᠤᠭᠯᠠᠭᠠᠨ᠎ᠤ ᠤᠴᠢᠷ᠂ ᠥᠩᠭᠡᠷᠡᠭᠰᠡᠨ ᠰᠦᠨᠢ᠎ᠶᠢᠨ ᠪᠥᠵᠢᠭ᠎ᠦᠨ ᠲᠢᠩᠬᠢᠮ᠂ ᠥᠨᠥᠳᠦᠷ᠎ᠤᠨ ᠪᠠᠩᠵᠡᠯ ᠡᠨᠡ ᠲᠡᠷᠡ᠎ᠶᠢ ᠵᠣᠭᠣᠭᠳᠠᠵᠤ ᠶᠠᠷᠢᠯᠴᠠᠭᠰᠠᠭᠠᠷ ᠨᠠᠷᠠ ᠦᠳᠡ ᠬᠡᠯᠪᠡᠶ᠋ᠢᠴᠢᠬᠡᠭᠰᠡᠨ ᠪᠠᠶ᠋ᠢᠯ᠎ᠠ᠃
《ᠣᠳᠣ ᠪᠢᠳᠡ ᠠᠭᠤᠯᠠᠨ᠎ᠠᠴᠠ ᠪᠠᠭᠤᠶ᠎ᠠ》ᠭᠡᠵᠦ᠍ ᠠᠬ᠎ᠠ ᠮᠢᠨᠢ ᠠᠮᠠᠨ᠎ᠳᠠᠭᠠᠨ ᠳᠦᠳᠦᠨᠡᠭᠰᠡᠭᠡᠷ ᠠᠰᠬ᠎ᠠ ᠴᠡᠴᠡᠭᠬᠤᠶᠠᠭᠤᠯᠠ ᠵᠢᠨ ᠪᠠᠶ᠋ᠢᠬᠤ ᠵᠦᠭ ᠠᠯᠬᠤᠯᠠᠨ᠎ᠠ᠃
《ᠭᠤᠸ᠎ᠠ ᠡ᠂ ᠴᠢ ᠮᠢᠨᠤ ᠡᠮᠦᠨ᠎ᠡ ᠶᠠᠪᠤ᠂ ᠠᠬ᠎ᠠ ᠨᠢ ᠠᠷᠤᠳᠤᠨᠢ ᠶᠠᠪᠤᠶ᠎ᠠ》ᠭᠡᠵᠦ᠍ ᠨᠠᠮ᠎ᠠ᠎ᠶᠢ ᠶᠠᠮᠠᠷ ᠨᠢᠭᠡ ᠶᠠᠭᠤᠮᠠᠨ᠎ᠠᠴᠠ ᠬᠠᠷᠠᠮᠨᠠᠭᠰᠠᠨ ᠶᠤᠮ ᠰᠢᠭ᠋ ᠠᠷᠤ᠎ᠳᠤ ᠬᠠᠮᠠᠭᠠᠯᠠᠵᠤ ᠶᠠᠪᠤᠨ᠎ᠠ᠃
《ᠴᠡᠴᠡᠭ ᠡ᠂ ᠣᠳᠣ ᠪᠤᠴᠠᠶ᠎ᠠ》ᠭᠡᠵᠦ᠍ ᠪᠢ ᠠᠭᠤᠯᠠ ᠬᠠᠳᠠ᠎ᠶᠢ ᠴᠤᠤᠷᠢᠶᠠᠲᠤᠭᠤᠯᠤᠨ ᠬᠠᠰᠬᠢᠷᠬᠤ᠌ᠳᠤ ᠲᠡᠳᠡ ᠬᠣᠶᠠᠭᠤᠯᠠ᠎ᠶᠢ ᠰᠣᠴᠢᠭᠠᠭᠰᠠᠨ ᠪᠣᠯᠤᠯ᠎ᠲᠠᠶ᠃ ᠣᠳᠣ ᠪᠣᠳᠤᠬᠤ᠎ᠳᠤ ᠭᠤᠴᠢᠨ ᠵᠢᠯ᠎ᠦᠨ ᠡᠮᠤᠨᠡᠬᠢ ᠡᠷᠭᠢᠴᠡᠭᠦᠯᠦᠯ ᠪᠣᠯᠵᠤ ᠦᠯᠡᠳᠡᠵᠡᠶ᠃ ᠠᠰᠬ᠎ᠠ ᠴᠡᠴᠡᠭ ᠴᠦ᠍ ᠬᠤᠷᠢᠮᠯᠠᠴᠢᠬᠠᠭᠰᠠᠨ᠂ ᠠᠬ᠎ᠠ ᠮᠢᠨᠢ ᠴᠦ᠍ ᠵᠢᠷᠠᠨ ᠨᠠᠰᠤ ᠳᠥᠭᠥᠭᠰᠡᠨ ᠡᠪᠦᠭᠡᠨ ᠪᠣᠯᠵᠠᠢ᠃
ᠬᠥᠮᠦᠨ ᠭᠡᠵᠦ᠍ ᠬᠥᠭᠡᠷᠦᠬᠦᠶ᠂ ᠠᠵᠠ ᠵᠠᠪᠰᠢᠶᠠᠨ ᠢᠷᠡᠬᠦ᠎ᠳᠤ ᠠᠯᠳᠠᠭᠠᠳ ᠶᠠᠪᠤᠭᠤᠯᠳᠠᠭ ᠨᠢ ᠡᠳᠤᠷ᠎ᠤᠨ ᠪᠤᠳᠤᠯ ᠂ᠰᠦᠨᠢ᠎ᠶᠢᠨ ᠵᠡᠬᠦᠳᠤ ᠪᠤᠯᠵᠤ᠂ᠦᠩᠬᠡᠷᠡᠭᠰᠡᠡ ᠵᠢᠯ᠎ᠤᠳ᠎ᠤᠨ ᠰᠠᠢᠨ ᠰᠠᠢᠬᠠᠨ᠎ᠢ ᠪᠤᠳᠤᠵᠤ᠂ ᠪᠠᠶ᠎ᠠ ᠪᠡᠨ ᠠᠷᠭᠠᠳᠠᠵᠤ ᠰᠠᠭᠤᠯ᠎ᠠ᠃ ᠰᠥᠨᠢ᠎ᠶᠢᠨ ᠵᠡᠭᠦᠳᠦᠨ᠎ᠳᠦ ᠬᠣᠨᠣᠭᠰᠢᠭᠰᠠᠨ ᠨᠠᠶ᠋ᠢᠵᠠ᠂ ᠰᠢᠯᠦᠭ᠎ᠤᠨ ᠮᠦᠷ ᠪᠠᠳᠠᠭ ᠨᠠᠨᠳᠢᠨ ᠰᠡᠳᠬᠢᠯ᠎ᠡᠴᠡ ᠨᠢ ᠣᠨᠳᠣᠷᠣᠭᠰᠠᠨ ᠰᠢᠯᠦᠭᠴᠢᠳ᠂ ᠮᠢᠨᠤ ᠬᠠᠶ᠋ᠢᠷᠠᠲᠠᠶ ᠪᠠᠭᠰᠢᠨᠠᠷᠲᠠᠶᠪᠠᠨ ᠠᠭᠤᠯᠵᠠᠨ᠎ᠠ ᠭᠡᠵᠦ᠍ ᠪᠠᠶᠠᠷᠯᠠᠨ ᠬᠦᠭᠰᠡᠭᠰᠠᠨ ᠰᠡᠳᠬᠢᠯ ᠵᠢᠠᠨ ᠲᠠᠷᠤᠵᠤ ᠶᠠᠳᠠᠨ ᠪᠠᠢᠳᠠᠯ᠎ᠠ ᠤᠴᠢᠷ ᠲᠠᠭᠠᠷᠠᠭᠠᠳ ᠤᠴᠢᠵᠤ ᠲᠡᠢᠯᠬᠦ ᠦᠬᠡᠢ ᠳ᠋ᠡᠬᠡᠨ ᠬᠠᠷᠠᠮᠰᠠᠵᠤ᠂ 《ᠲᠡᠬᠡ᠎ᠶᠢᠨ ᠬᠠᠨ᠎ᠤ ᠴᠤᠤᠷᠢᠶ᠎ᠠ》 ᠬᠠᠮᠳᠤ ᠵᠢᠨ ᠴᠤᠭᠯᠠᠭᠠᠨ᠎ᠳᠤ ᠤᠷᠤᠯᠴᠠᠭᠰᠠᠠ ᠪᠤᠯ ᠬᠡᠵᠤ ᠡᠨᠡ ᠲᠠᠷᠠ ᠵᠢ ᠪᠤᠳᠤᠭᠠᠳ ᠨᠣᠢᠷ ᠦᠬᠡᠶ ᠬᠣᠨᠤᠯᠠ᠃