ᠮᠤᠷᠢᠨ ᠵᠢᠯ᠎ᠳᠤ ᠮᠣᠷᠢ ᠪᠡᠷ ᠰᠡᠲᠤᠪᠯᠡᠨ ᠦᠬᠥᠯᠡᠬᠥᠢ
2026-03-27 10:40:22
ᠵᠣᠬᠢᠶᠠᠭ᠍ᠴᠢ᠄
ᠲᠠᠯᠠᠨᠪᠠᠶᠠᠷ
ᠣᠩᠱᠢᠭ᠍ᠰᠠᠨ ᠣᠳᠠᠭ᠎ᠠ᠄
★★★☆☆

ᠤᠯᠠᠭᠠᠨ ᠮᠣᠷᠢᠨ ᠵᠢᠯ᠎ᠳᠤ ᠮᠤᠷᠢᠨ ᠤ᠋ ᠲᠤᠬᠠᠢ ᠮᠡᠲᠡᠵᠤ ᠴᠢᠳᠠᠬᠤ᠎ᠶᠢᠨ ᠬᠢᠷᠢ᠎ᠬᠡᠲᠤᠨ ᠦᠭᠡ ᠬᠡᠯᠡᠶ᠎ᠡ ᠭᠡᠵᠦ᠍ ᠪᠣᠳᠣᠯ᠎ᠠ᠃ ᠮᠠᠲᠸᠷᠢᠶᠡᠯ ᠡᠴᠠ ᠦᠵᠡᠬᠥᠯ᠎ᠡ ᠬᠦᠮᠤᠨ ᠲᠦᠷᠤᠯᠬᠢᠲᠡᠨ ᠠᠲᠤᠭᠤ᠎ᠶᠢ ᠭᠠᠷᠰᠢᠭᠤᠯᠵᠤ ᠡᠳ᠋ᠯᠡᠭᠡᠳ5000 ᠵᠢᠯ ᠪᠤᠯᠵᠤ ᠪᠠᠶ᠋ᠢᠬᠤ ᠲᠦᠯᠤᠪᠲᠠᠢ᠃

ᠲᠠᠯ᠎ᠠ᠎ᠶᠢᠨ ᠲᠠᠪᠤᠨ ᠡᠷᠲᠡᠨᠢ᠎ᠶᠢᠨ ᠨᠢᠭᠡ ᠪᠣᠯᠬᠤ ᠠᠳᠤᠭᠤ ᠵᠢ ᠲᠡᠯᠡᠬᠡᠢ᠎ᠶᠢᠨ ᠠᠯᠢ ᠴᠤ᠌ ᠨᠢᠭᠡᠨ ᠦᠨᠲᠤᠰᠤᠲᠡᠨ ᠤᠭᠰᠠᠭᠠᠲᠠᠨ᠎ᠪᠠᠷᠤᠭ᠎ᠪᠦᠷ ᠮᠡᠲᠡᠬᠥ᠌ ᠪᠤᠯᠪᠠᠴᠤ᠌ ᠮᠣᠷᠢ᠎ᠶᠢ ᠤᠨᠤᠵᠤ ᠡᠳ᠋ᠯᠡᠬᠥ᠌ ᠡᠴᠠ ᠠᠪᠤᠭᠠᠳ ᠠᠷᠠᠴᠢᠯᠠᠵᠤ ᠲᠤᠲᠤᠮᠲᠠᠬᠤ ᠬᠦᠷᠲᠡᠯ᠎ᠡ ᠪᠡᠶ᠎ᠡ ᠰᠡᠳᠬᠢᠯ᠎ᠦᠨ ᠬᠦᠨ ᠮᠡᠲᠡᠷᠡᠮᠵᠢ ᠲᠠᠢ ᠶᠣᠮ ᠰᠢᠭ᠋ ᠳᠠᠰᠬᠠᠵᠤ ᠢᠵᠢᠯᠢᠰᠢᠬᠥᠯᠤᠨ᠂ ᠬᠦᠨᠵᠡᠭᠡᠢ ᠰᠠᠶ᠋ᠢᠨ ᠤᠶ᠋ᠢᠯᠠᠭᠠᠵᠤ ᠮᠡᠲᠡᠳᠡᠭ ᠤᠯᠤᠰ ᠦᠨᠳᠤᠰᠤᠳᠠᠨ  ᠴᠦᠬᠡᠨ ᠪᠠᠢᠬ᠎ᠠ᠃

ᠶᠠᠭᠤ ᠴᠤ᠌ ᠪᠤᠯᠤᠬ᠂ ᠠᠲᠤᠭᠤ᠎ᠶᠢ ᠬᠤᠯᠠᠨ ᠲᠠᠬᠢ ᠡᠴᠠ ᠤᠭ ᠤᠲᠣᠮ ᠨᠢᠭᠡᠲᠠᠢ ᠬᠡᠮᠡᠨ ᠶᠠᠷᠢᠵᠤ ᠬᠡᠯᠡᠲᠡᠭ᠎ᠢ ᠰᠤᠨᠤᠰᠴᠤ᠌ ᠪᠠᠶ᠋ᠢᠯ᠎ᠠ᠃ ᠶᠡᠷᠤ ᠨᠢ ᠮᠤᠷᠢᠨ᠎ᠤ ᠲᠤᠬᠠᠢ ᠶᠠᠷᠢᠬᠤ ᠳ᠋ᠦ᠍ ᠦᠤᠬᠡ ᠲᠡᠤᠬᠡ᠎ᠡᠴᠨ ᠨᠢ ᠡᠬᠢᠯᠡᠬᠡᠳ ᠶᠠᠷᠢᠬᠤ ᠶᠤᠮ ᠪᠤᠯ ᠦᠨᠡᠬᠡᠷ ᠶᠠᠷᠢᠭᠠᠳ ᠪᠠᠷᠠᠬᠤ ᠦᠭᠡᠢ᠃ ᠨᠢᠭᠡ ᠯᠠ ᠦᠭᠡ᠎ᠪᠡᠷ ᠬᠡᠯᠡᠪᠡᠯ ᠮᠠᠯᠴᠢᠳ᠎ᠠᠯᠢ ᠡᠷᠳᠡ᠎ᠶᠢᠨ ᠦᠶ᠎ᠡ ᠡᠴᠠ ᠠᠪᠤᠭᠠᠳ ᠠᠭᠲᠠ ᠬᠦᠯᠤᠭ᠌᠎ᠢᠶᠠᠨ 《ᠬᠤᠪᠢᠯᠭᠠᠨ ᠬᠦᠯᠤᠭ᠌》᠂ 《ᠲᠡᠭᠷᠢ᠎ᠶᠢᠨ ᠤᠨᠠᠭ᠎ᠠ》᠂ 《ᠮᠤᠯᠣᠷ ᠡᠷᠲᠡᠨᠢ》᠂ 《ᠰᠠᠯᠬᠢᠨ ᠵᠡᠭᠡᠷᠲᠡ》 ᠭᠡᠬᠥ᠌ ᠮᠡᠲᠤ᠎ᠶᠢᠨ ᠰᠡᠳᠬᠢᠯ᠎ᠢ ᠡᠵᠡᠮᠲᠡᠭᠰᠡᠨ ᠵᠢᠪᠬᠤᠭ᠎ᠠ ᠲᠡᠬᠥᠯᠲᠡᠷ ᠵᠣᠯᠪᠤᠭᠠᠯᠢᠭ ᠰᠠᠶ᠋ᠢᠬᠠᠨ ᠨᠡᠷ᠎ᠡ ᠲᠠᠭᠤᠲᠠᠯᠭ᠎ᠠ᠎ᠪᠡᠷ ᠲᠦᠷᠰᠤᠯᠡᠵᠤ ᠵᠣᠶ᠋ᠢᠷᠯᠠᠨ᠂ ᠠᠶᠤᠤᠯᠢᠬᠠᠢ᠎ᠵᠢᠷᠤᠬᠡᠨ ᠳ᠋ᠡᠬᠡᠨ ᠬᠦᠷᠲᠡᠯ᠎ᠡ ᠬᠠᠨᠢ ᠢᠵᠢᠯᠢ᠎ᠶᠢᠨ ᠵᠠᠶᠠᠭ᠎ᠠ ᠲᠠᠪᠢᠯᠠᠩ ᠵᠢᠠᠷ ᠬᠠᠶ᠋ᠢᠷᠠᠯᠠᠨ ᠰᠢᠳᠤᠵᠤ ᠢᠷᠡᠭᠰᠡᠨ ᠨᠢ ᠶᠠᠭᠠᠬᠢᠬᠤ᠎ᠶᠢᠨ ᠠᠷᠭ᠎ᠠ ᠦᠭᠡᠢ ᠦᠨᠡᠨ ᠶᠤᠮ᠃ ᠲᠡᠶ᠋ᠢᠮᠤ᠎ᠪᠤᠯᠬᠤᠷ ᠮᠣᠷᠢ᠎ᠪᠠᠷ ᠰᠡᠲᠤᠪᠯᠡᠭᠰᠡᠨ ᠲᠠᠭᠤᠤ ᠰᠢᠯᠤᠭ᠌ ᠨᠡᠬᠥᠲᠡᠯ ᠮᠠᠯᠵᠢᠯ ᠠᠮᠢᠲᠤᠷᠠᠯ᠎ᠤᠨ ᠳᠤᠬᠠᠢ ᠬᠡᠯᠡᠭᠡᠳ ᠪᠠᠷᠠᠰᠢ ᠦᠭᠡᠢ᠂ ᠮᠠᠭᠳᠠᠭᠠᠳ ᠲᠠᠭᠤᠰᠤᠰᠢ ᠦᠬᠡᠢ᠃

ᠰᠢᠨᠵᠢᠯᠡᠬᠥ᠌ ᠤᠬᠠᠭᠠᠨ ᠲᠸᠬᠨᠢᠭ ᠮᠡᠷᠭᠡᠵᠢᠯ᠎ᠤᠨ ᠬᠦᠭᠵᠢᠯᠲᠡ ᠲᠡᠭᠡᠲᠤ᠌ ᠬᠤᠷᠲᠤᠴᠠ ᠪᠠᠷ ᠭᠠᠵᠠᠷ ᠠᠪᠴᠤ᠌ ᠪᠠᠢᠭ᠎ᠠ ᠦᠨᠤᠲᠤᠷ᠂ ᠬᠦᠯᠤᠭ᠌᠎ᠮᠤᠷᠢᠳ ᠨᠢ ᠬᠡᠲᠤᠶ᠋ᠢᠪᠡᠷ ᠬᠦᠩᠭᠡᠨ ᠮᠠᠰᠢᠨ᠎ᠢᠶᠠᠷ ᠤᠷᠣᠯᠠᠭᠳᠠᠨ᠂ ᠮᠣᠷᠢ ᠲᠡᠮᠡᠭᠡ᠎ᠪᠡᠨ ᠵᠢᠭᠤᠯᠴᠢᠯᠠᠯ᠎ᠤᠨ ᠤᠶ᠋ᠢᠯᠡᠰ᠎ᠲᠤ᠌ ᠦᠵᠡᠮᠤᠷᠢ ᠵᠢᠨ ᠲᠠᠲᠤᠢ ᠬᠡᠷᠡᠭᠯᠡᠬᠥ᠌ ᠪᠤᠯᠵᠤ ᠪᠠᠶ᠋ᠢᠭ᠎ᠠ ᠴᠤ᠌ ᠰᠤᠲᠤᠯᠭ᠎ᠠ ᠰᠢᠨᠵᠢᠯᠡᠭᠡ᠎ᠪᠡᠷ ᠲᠡᠮᠵᠢᠨ ᠭᠡᠲᠡᠷᠬᠥ᠌ ᠬᠠᠷᠢᠨ ᠬᠡᠭᠡᠯ ᠲᠠᠢ ᠭᠡᠬᠥᠤ᠎ᠶᠢᠨ ᠴᠢᠰᠤ ᠪᠤᠯᠤᠨ ᠰᠢᠭᠡᠰᠤ ᠨᠢ ᠬᠦᠷᠲᠡᠯ᠎ᠡ ᠡᠮ᠎ᠳᠤ ᠤᠷᠤᠵᠤ᠂ ᠬᠦᠮᠤᠰ ᠲᠤ᠌ ᠰᠢᠮ᠎ᠡ᠎ᠲᠡᠵᠢᠬᠡᠯ᠂ ᠠᠰᠢᠭ ᠤᠯᠭᠣᠵᠣ ᠪᠠᠶ᠋ᠢᠬᠤ ᠡᠴᠠ ᠦᠵᠡᠬᠥ᠎ᠳᠦ ᠠᠲᠤᠭᠤᠨ᠎ᠤ ᠤᠶ᠋ᠢᠯᠡᠰ᠎ᠤᠨ ᠳᠠᠯᠳᠠ ᠬᠦᠴᠤᠨ ᠨᠢ ᠴᠤ᠌ ᠴᠢᠩᠭᠠᠷᠠᠵᠤ᠂ ᠠᠶᠠᠨ᠎ᠤ ᠤᠨᠤᠯᠭ᠎ᠠ ᠬᠥᠯᠬᠡ ᠪᠤᠯᠭᠠᠳᠠᠭ ᠪᠠᠶ᠋ᠢᠭᠰᠠᠨ ᠮᠤᠷᠢᠳ ᠨᠢ ᠦᠩᠭᠡᠷᠡᠭᠰᠡᠨ᠎ᠤ ᠲᠡᠷᠡ ᠬᠥ᠌ ᠮᠤᠷᠢᠨ᠎ᠤ ᠤᠷᠤᠯᠲᠤᠭᠠᠨ᠂ ᠠᠷᠠᠰᠤ ᠮᠢᠬ᠎ᠠ᠂ ᠳᠡᠯ ᠬᠢᠯᠭᠠᠰᠤ᠎ᠶᠢᠨ ᠬᠡᠷᠡᠭᠴᠡᠭᠡ ᠤᠶ᠋ᠢᠯᠡᠲᠤᠯ ᠡᠴᠠ᠎ᠪᠠᠨ ᠬᠤᠯᠠ ᠴᠠᠭᠠᠰᠢ ᠪᠠᠶ᠋ᠢᠬᠤ ᠨᠢ ᠨᠢᠭᠡᠨᠲᠡ ᠲᠤᠲᠤᠷᠬᠠᠢ ᠪᠤᠯᠵᠠᠢ᠃ ᠦᠬᠡᠷ᠎ᠡ᠎ᠶᠢ ᠶᠠᠷᠢᠬᠤ ᠦᠭᠡᠢ᠂ ᠪᠢᠳᠡ ᠦᠩᠭᠡᠷᠡᠭᠰᠡᠨ᠎ᠳᠦ ᠴᠡᠭᠡ᠎ᠶᠢ ᠵᠦᠪᠬᠡᠨ ᠵᠤᠨ᠎ᠤ ᠰᠠᠶ᠋ᠢᠬᠠᠨ ᠲᠡᠯᠭᠡᠷ ᠴᠠᠭ᠎ᠢᠶᠠᠷ ᠤᠤᠭᠤᠬᠤ᠎ᠶᠢᠨ ᠲᠠᠭᠠᠤ ᠡᠮ ᠳᠠᠩ ᠲᠠᠢ ᠬᠠᠪᠰᠤᠷᠭᠠᠨ ᠴᠡᠭᠡ ᠵᠠᠰᠠᠯ᠎ᠤᠨ ᠪᠡᠶ᠎ᠡ ᠰᠤᠪᠢᠯᠠᠯᠲᠠ ᠬᠢᠵᠤ ᠪᠠᠶ᠋ᠢᠭᠰᠠᠨ ᠪᠣᠯ ᠦᠨᠤᠲᠤᠷ ᠬᠠᠷᠢᠨ ᠬᠠᠲᠠᠭᠤᠷᠠᠭᠤᠯᠵᠤ ᠨᠤᠨᠳᠠᠭᠯᠠᠬᠤ ᠠᠯᠢ ᠤᠯᠠᠨ ᠠᠷᠭ᠎ᠠ ᠪᠠᠷᠢᠯ᠎ᠢᠶᠠᠷ ᠵᠢᠯ ᠲᠤᠷᠰᠢ ᠬᠡᠵᠢᠶ᠎ᠡ ᠬᠠᠮᠢᠭ᠎ᠠ ᠴᠤ᠌ ᠭᠡᠰᠡᠨ ᠤᠯᠠᠷᠢᠯ ᠢᠯᠭᠠᠬᠤ ᠦᠭᠡᠢ ᠵᠠᠷᠤᠵᠣ ᠬᠡᠷᠡᠭᠯᠡᠬᠥ᠌ ᠪᠤᠯᠤᠭᠰᠠᠨ ᠨᠢ ᠪᠠᠰᠠ ᠴᠤ᠌ ᠨᠢᠭᠡᠨ ᠪᠠᠶᠠᠷᠯᠠᠭᠤᠰᠢᠳᠠᠢ  ᠶᠠᠪᠤᠳᠠᠯ ᠰᠢᠬ ᠰᠠᠨᠠᠭᠲᠠᠨ᠎ᠠ᠃ ᠡᠬᠥᠨ ᠡᠴᠠ ᠪᠢᠳᠡ ᠠᠲᠤᠭᠤᠨ᠎ᠤ ᠠᠵᠤ ᠤᠶ᠋ᠢᠯᠡᠰ᠎ᠮᠤᠨᠳᠠᠭ ᠶᠡᠬᠡ ᠵᠠᠬ᠎ᠠ ᠵᠡᠭᠡᠯᠢ ᠲᠠᠢ ᠪᠤᠯᠵᠤ ᠪᠠᠶ᠋ᠢᠭ᠎ᠠ᠎ᠶᠢ ᠮᠦᠨ ᠮᠡᠲᠡᠵᠤ ᠪᠤᠯᠤᠨ᠎ᠠ᠃

ᠤᠲᠤ᠌ ᠡᠨᠳᠡ ᠡᠨᠡ ᠲᠤᠬᠠᠢ ᠶᠠᠷᠢᠪᠡᠯ ᠦᠨᠡᠬᠡᠷ ᠠᠲᠤᠭᠤᠨ ᠰᠤᠶᠤᠯ ᠭᠡᠲᠡᠯ᠎ᠡ ᠠᠲᠤᠭᠤᠨ᠎ᠤ ᠠᠵᠣ ᠤᠶ᠋ᠢᠯᠡᠰ ᠭᠡᠳ 《ᠦᠭᠡ ᠣᠯᠠᠳᠠᠵᠤ ᠦᠬᠡᠷ ᠬᠤᠯᠠᠳᠬᠤ》 ᠵᠢᠨ ᠦᠯᠢᠭᠡᠷ ᠤᠴᠢᠷ ᠭᠠᠷᠬᠤ ᠪᠤᠯᠤᠨ᠎ᠠ᠃ ᠬᠠᠷᠢᠨ ᠬᠠᠷᠠᠬᠠᠨ ᠪᠠᠭ᠎ᠠ ᠡᠴᠨ ᠪᠡᠨ ᠤᠨᠤᠵᠤ ᠬᠠᠢᠷᠠᠯᠠᠵᠤ ᠢᠷᠡᠭᠰᠡᠡ ᠤᠨᠠᠭ᠎ᠠ ᠲᠠᠭ᠎ᠠ᠂ ᠬᠠᠶᠠᠭ᠎ᠠ ᠪᠠᠭᠤᠷᠢ᠎ᠪᠠᠷ ᠤᠶ᠋ᠢᠷᠠᠲᠤᠨ ᠤᠶᠠᠭᠠᠨ ᠲᠡᠭᠡᠷ᠎ᠡ ᠦᠤᠷᠰᠡᠬᠥ᠌ ᠬᠦᠯᠦᠭ ᠮᠤᠷᠢᠳ᠎ᠢ ᠪᠤᠳᠤᠬᠤ ᠪᠦᠷᠢ ᠤᠴᠠᠷᠠᠯ ᠵᠠᠶᠠᠭᠠᠨ᠎ᠤ ᠮᠢᠨᠢ ᠲᠠᠪᠢᠯᠠᠩ ᠪᠠᠢᠵᠤ᠂ ᠠᠵᠢᠯ ᠠᠮᠢᠳᠤᠷᠠᠯ ᠳᠤᠮᠳᠠ ᠮᠤᠩᠭᠤᠯ ᠮᠤᠷᠢ ᠰᠢᠬ ᠬᠠᠳᠠᠭᠤ ᠵᠤᠷᠢᠬ ᠲᠠᠢ᠂ ᠲᠠᠰᠪᠤᠷᠢ ᠲᠠᠭᠠᠭᠠᠴᠠ ᠲᠠᠢ ᠠᠵᠢᠯᠯᠠᠵᠤ ᠠᠮᠢᠳᠤᠷᠠᠵᠤ ᠢᠷᠡᠭᠰᠡᠡ ᠪᠦᠬᠡᠳ ᠤᠯᠠᠭᠠᠨ ᠮᠤᠷᠢᠨ ᠵᠢᠯ ᠳ᠋ᠤ ᠤᠯᠠᠭᠠᠨ ᠵᠡᠷᠬᠡᠳᠡ ᠪᠡᠨ ᠬᠠᠷᠠᠵᠤ ᠰᠠᠭᠤᠬᠤ᠎ᠳᠤ ᠶᠠᠭᠤ ᠨᠢᠭᠡ᠎ᠪᠤᠳᠤᠭᠳᠠᠵᠤ ᠰᠡᠳᠬᠢᠯ ᠬᠦᠭᠰᠡᠳᠡᠭ ᠶᠤᠮ᠃ ᠲᠠᠢᠮᠤ ᠪᠤᠯᠬᠤᠷ᠎ᠪᠢᠳᠡ ᠶᠠᠭᠤᠨ᠎ᠤ ᠤᠷᠢᠳ ᠶᠠᠷᠤᠩᠬᠡᠢ ᠱᠦᠵᠢ ᠰᠢ ᠵᠢᠨ ᠫᠢᠩ᠎ᠦᠨ ᠦᠪᠤᠷ ᠮᠤᠩᠭᠤᠯ᠎ᠳᠤ ᠰᠢᠨᠵᠢᠯᠡᠨ ᠪᠠᠶ᠋ᠢᠴᠠᠭᠠᠬᠤ᠎ᠳ᠋ᠠᠭᠠᠨ ᠦᠪᠤᠷ ᠮᠤᠩᠭᠤᠯ᠎ᠤᠨ ᠡᠯ᠎ᠡ ᠦᠨᠲᠤᠰᠤᠲᠡᠨ᠎ᠤ ᠠᠷᠠᠳ ᠲᠦᠮᠡᠨ᠎ᠳᠦ ᠬᠠᠨᠲᠤᠵᠤ ᠬᠡᠯᠡᠭᠰᠡᠨ 《ᠮᠤᠩᠭᠤᠯ ᠮᠤᠷᠢᠨ᠎ᠤ ᠵᠣᠷᠢᠭ ᠰᠠᠨᠠᠭ᠎ᠠ》 ᠭᠡᠬᠥ᠌ ᠲᠠᠶ᠋ᠢᠴᠢᠨ ᠤᠷᠢᠶᠠᠯᠠᠭ᠎ᠠ᠎ᠪᠠᠷ ᠲᠠᠷᠢᠬᠢ ᠲᠤᠯᠤᠭᠠᠢ᠎ᠪᠠᠨ ᠰᠠᠶ᠋ᠢᠲᠤᠷ ᠵᠡᠪᠰᠡᠭᠯᠡᠵᠣ᠂ ᠲᠡᠬᠥᠨ᠎ᠦ ᠲᠤᠲᠤᠭᠠᠲᠤ᠌ ᠠᠭᠤᠯᠤᠭᠲᠠᠬᠤᠨ᠎ᠢᠶᠠᠷ ᠡᠷᠡᠮᠡᠬᠡᠶ᠋ᠢᠯᠡᠨ ᠤᠷᠤᠭᠰᠢᠯᠠᠵᠤ᠂ ᠵᠣᠷᠢᠭ ᠵᠢᠠᠨ ᠬᠦᠪᠴᠢᠯᠠᠨ᠂ ᠠᠵᠢᠯ ᠤᠶ᠋ᠢᠯᠡᠰ᠎ᠲᠡᠬᠡᠨ ᠠᠷᠠᠯ᠎ᠤᠨ ᠱᠠᠷ ᠰᠢᠭ᠋ ᠵᠢᠳᠬᠥᠵᠤ ᠶᠠᠪᠤᠶ᠎ᠠ᠃

ᠢᠢᠮᠤ ᠡᠴᠨ ᠪᠢᠳᠠ ᠪᠦᠬᠦᠨ ᠰᠢᠯᠢᠲᠡᠭ ᠠᠮᠵᠢᠯᠲᠠ ᠭᠠᠷᠭᠠᠶ᠎ᠠ ᠬᠡᠪᠡᠯ ᠡᠷᠬᠡᠪᠰᠢ 《ᠮᠤᠩᠭᠤᠯ ᠮᠤᠷᠢᠨ᠎ᠤ ᠵᠣᠷᠢᠭ ᠰᠠᠨᠠᠭ᠎ᠠ》 ᠪᠠᠷ ᠠᠵᠢᠯ ᠤᠶ᠋ᠢᠯᠡᠰ᠎ᠤᠨ᠎ᠢᠶᠠᠨ ᠠᠯᠲᠠᠨ ᠵᠢᠯᠤᠭᠤ ᠪᠤᠯᠭᠠᠵᠤ᠂ ᠠᠬᠢᠨ ᠳᠠᠪᠰᠢᠬᠤ ᠡᠷᠴᠢ ᠬᠦᠴᠤ᠎ᠪᠠᠨ ᠲᠠᠶ᠋ᠢᠴᠢᠯᠠᠬᠤ ᠴᠢᠬᠤᠯᠠᠲᠠᠢ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号