ᠬᠦᠰᠡᠯ ᠲᠠᠢ ᠬᠦᠮᠤᠨ᠎ᠳᠤ ᠬᠦᠷᠬᠥ ᠢᠷᠡᠭᠡᠳᠤᠢ ᠰᠠᠷᠠᠭᠤᠯᠬᠠᠨ
2026-03-27 10:24:41
ᠵᠣᠬᠢᠶᠠᠭ᠍ᠴᠢ᠄
ᠤᠷᠤᠭᠰᠢᠯᠠᠯᠲᠠ ᠬᠣ᠌ ᡁᠢ ᠮᠢᠨ
ᠣᠩᠱᠢᠭ᠍ᠰᠠᠨ ᠣᠳᠠᠭ᠎ᠠ᠄
★★★☆☆

— ᠱᠤ᠌ ᠯᠢᠨ ᠠᠬ᠎ᠠ ᠡ᠂ ᠰᠠᠢᠨ ᠪᠠᠢᠨᠠᠤ? ᠪᠢ ᠦᠨᠦᠳᠦᠷ ᠢᠷᠡᠭᠰᠡᠨ ᠨᠢ ᠲᠠᠨ ᠤ᠋ ᠰᠠᠨᠠᠯ ᠢ᠋ ᠰᠤᠨᠤᠰᠴᠦ᠂ 2026 ᠤᠨ ᠤ᠋ ᠬᠠᠪᠤᠷ ᠤ᠋ᠨ ᠲᠠᠷᠢᠶᠠᠯᠠᠭ᠎ᠠ ᠵᠢᠨ ᠠᠵᠢᠯ ᠵᠢᠨᠨ ᠪᠡᠯᠡᠳᠬᠡᠬᠦ ᠳ᠋ᠤ ᠵᠦᠪᠯᠡᠯᠬᠡ ᠠᠪᠤᠶ᠎ᠠ ᠬᠡᠰᠡᠨ ᠶᠤᠮ᠃ ᠲᠠ ᠶᠠᠮᠠᠷ ᠬᠦᠰᠡᠯ ᠭᠡᠷᠡᠭᠴᠡᠭᠡ᠂ ᠪᠤᠳᠤᠯ ᠰᠠᠨᠠᠯ ᠲᠠᠢ ᠪᠠᠢᠪᠠᠯ ᠡᠷᠡᠬᠡᠯᠵᠡᠯ ᠦᠬᠡᠢ ᠶᠠᠷᠢᠬᠤ ᠵᠢ ᠬᠦᠰᠡᠵᠦ ᠪᠠᠢᠨ᠎ᠠ ᠁

ᠲᠦᠷᠦᠭᠦᠬᠡᠨ ᠢᠩᠬᠢᠵᠦ ᠡᠷᠦᠬᠡ ᠪᠡᠷ ᠬᠦᠨᠵᠡᠬᠡᠢᠷᠡᠵᠦ᠂ ᠤᠯᠠᠨ ᠤ᠋ ᠰᠠᠨᠠᠯ ᠢ᠋ ᠬᠤᠷᠢᠶᠠᠭᠠᠳ ᠶᠠᠭᠠᠷᠠᠵᠤ ᠶᠠᠪᠤᠭᠰᠠᠨ ᠡᠨᠡ ᠵᠠᠯᠠᠭᠤ ᠵᠢ ᠰᠢᠤᠢ ᠬᠠᠢ ᠯᠢᠨ ᠭᠡᠳᠡᠭ᠂ ᠬᠢᠩᠭᠠᠨ ᠠᠢᠮᠠᠬ᠎ᠤᠨ ᠵᠠᠯᠠᠢᠳ ᠬᠤᠰᠢᠭᠤᠨ᠎ᠤ ᠠᠯᠳᠠᠷᠳᠤ ᠰᠤᠮᠤᠨ᠎ᠤ ᠪᠠᠶᠠ ᠭᠠᠴᠠᠭᠠᠨ᠎ᠤ ᠲᠠᠷᠢᠮᠠᠯ ᠤ᠋ᠨ ᠲᠤᠮᠤ ᠡᠷᠦᠬᠡ ᠪᠤᠯᠤᠨ᠎ᠠ᠃

ᠠᠯᠳᠠᠷᠳᠤ ᠰᠤᠮᠤᠨ᠎ᠤ ᠪᠠᠶᠠ ᠭᠠᠴᠠᠭᠠᠨ᠎ᠤ ᠨᠠᠮ ᠤ᠋ᠨ ᠡᠬᠦᠷ ᠤ᠋ᠨ ᠱᠦᠵᠢ ᠪᠠᠢ ᠰᠢᠶᠤᠤ ᠹᠠᠨᠭ᠌᠄ 《ᠡᠨᠡ ᠬᠡᠳᠤᠨ ᠵᠢᠯ᠎ᠳᠤ ᠰᠢᠤᠢ ᠬᠠᠢ ᠯᠢᠨ ᠱᠢᠨᠵᠢᠯᠡᠬᠦ᠌ ᠤᠬᠠᠭᠠᠨᠴᠢ᠎ᠪᠠᠷ ᠡᠷᠳᠡᠨᠢ ᠰᠢᠰᠢ ᠲᠠᠷᠢᠭᠠᠳ ᠤᠯᠠᠨ ᠤ᠋ ᠲᠤᠮᠳᠠ ᠲᠠᠭᠤᠷᠢᠶᠠᠯ ᠪᠤᠯᠵᠦ ᠪᠠᠢᠨ᠎ᠠ᠃ ᠪᠠᠰᠠ ᠬᠦᠳᠡᠯᠮᠦᠷᠢ ᠬᠦᠴᠦ ᠬᠦᠷᠦᠯᠴᠡᠬᠦ ᠦᠬᠡᠢ ᠡᠷᠤᠬᠡ᠎ᠵᠢ ᠬᠠᠪᠰᠤᠷᠴᠦ᠂ ᠲᠠᠷᠢᠬᠤ ᠡᠴᠡ ᠬᠤᠷᠢᠶᠠᠬᠤ ᠪᠤᠯᠲᠠᠯ᠎ᠠ ᠨᠦᠬᠦᠴᠡᠯ ᠦᠬᠡᠢ ᠬᠠᠪᠰᠤᠷᠤᠭᠰᠠᠭᠠᠷ ᠢᠷᠡᠯ᠎ᠡ》 ᠬᠡᠵᠦ ᠶᠠᠷᠢᠵᠦ ᠪᠠᠢᠯ᠎ᠠ᠃


ᠬᠤᠵᠢᠮᠳᠠᠵᠦ ᠰᠠᠭᠤᠭᠰᠠᠨ ᠤᠬᠠᠭᠠᠨ

ᠳᠦᠴᠢ ᠵᠢᠨ ᠳᠦᠷᠦᠭᠡ ᠵᠢ ᠬᠢᠰᠬᠢᠵᠤ ᠶᠠᠪᠤᠭ᠎ᠠ ᠰᠢᠤᠢ ᠬᠠᠢ ᠯᠢᠨ ᠪᠠᠭ᠎ᠠ ᠰᠤᠷᠭᠠᠭᠤᠯᠢ ᠵᠢᠨ ᠲᠠᠪᠤᠳᠤᠭᠠᠷ ᠤᠨ ᠵᠢᠨᠨ ᠲᠡᠬᠦᠰᠬᠦ ᠲᠠᠢ ᠵᠡᠷᠬᠡ ᠠᠮᠢᠳᠤᠷᠠᠯ᠎ᠤᠨ ᠲᠦᠰᠢᠭ ᠪᠤᠯᠤᠭᠰᠠᠨ ᠠᠪᠤ ᠪᠠᠨ ᠠᠯᠳᠠᠭᠠᠳ᠂ ᠡᠵᠢ ᠪᠠ ᠭᠤᠷᠪᠠᠨ ᠬᠡᠦᠬᠡᠨ ᠲᠡᠬᠦᠤ ᠲᠠᠢ ᠪᠠᠨ ᠦᠨᠦᠴᠢᠨ ᠦᠷᠦᠬᠡᠰᠦᠨ ᠬᠤᠴᠤᠷᠴᠠᠢ᠃ ᠠᠮᠢᠳᠤᠷᠠᠯ ᠤ᠋ᠨ ᠡᠷᠬᠡ ᠪᠡᠷ ᠲᠠᠷᠢᠶᠠᠴᠢᠨ ᠵᠠᠶᠠᠭ᠎ᠠ ᠲᠦᠰᠢᠭᠰᠡᠨ ᠲᠡᠷᠡ ᠠᠢᠯ ᠤ᠋ᠨ ᠦᠬᠡᠷ ᠬᠤᠨᠢ ᠵᠢ ᠬᠠᠷᠢᠭᠤᠯᠵᠤ᠂ ᠬᠦᠳᠡᠬᠡ ᠵᠢᠨ ᠬᠠᠷ᠎ᠠ ᠪᠤᠷᠤ ᠠᠵᠢᠯ ᠳ᠋ᠤ ᠤᠷᠤᠯᠴᠠᠵᠦ ᠡᠬᠢᠯᠡᠪᠠ᠃

ᠰᠢᠤᠢ ᠬᠠᠢ ᠯᠢᠨ᠄ 《ᠲᠤᠬᠠᠢ ᠵᠢᠨ ᠦᠶ᠎ᠡ ᠳ᠋ᠤ ᠮᠡᠨ ᠤ᠋ ᠠᠮᠢᠳᠤᠷᠠᠯ ᠮᠠᠰᠢ ᠬᠦᠴᠢᠷ ᠲᠠᠢ ᠪᠠᠢᠵᠠᠢ᠃ ᠨᠢᠬᠡ ᠤᠳᠠᠭ᠎ᠠ ᠡᠵᠢ  ᠮᠢᠨᠢ ᠰᠢᠳᠤ ᠨᠢ ᠡᠪᠡᠳᠦᠬᠡᠳ ᠰᠦᠨᠢ ᠲᠤᠵᠢ ᠶᠤᠤᠯᠠᠵᠤ᠂ ᠪᠢ ᠠᠷᠭ᠎ᠠ ᠶᠠᠳᠠᠬᠤ ᠳ᠋ᠠᠭᠠᠨ ᠰᠤᠮᠤᠨ᠎ᠤ ᠡᠷᠡᠬᠦᠯ ᠬᠠᠮᠠᠭᠠᠯᠠᠯ ᠤ᠋ᠨ ᠬᠤᠷᠢᠶᠠᠨ ᠳ᠋ᠤ ᠡᠮ ᠪᠡᠷᠢᠬᠤ ᠪᠡᠷ ᠤᠴᠢᠶ᠎ᠠ ᠬᠡᠬᠦ ᠳ᠋ᠤ ᠭᠠᠷ ᠲᠤ᠌ ᠮᠦᠨᠭᠬᠦ ᠦᠬᠡᠢ ᠭᠠᠴᠢᠭᠳᠠᠯ᠎ᠠ᠃ ᠪᠢ ᠲᠡᠭᠦᠨ ᠡᠴᠡ ᠬᠤᠢᠰᠢ ᠨᠢᠬᠡ ᠬᠤᠨᠢ ᠵᠢ 5 ᠲᠦᠬᠦᠷᠢᠭ ᠤ᠋ᠨ ᠦᠨ᠎ᠡ ᠪᠡᠷ᠂ ᠨᠢᠬᠡ ᠦᠬᠡᠷ ᠢ᠋ 15 ᠲᠦᠬᠦᠷᠢᠭ ᠤ᠋ᠨ ᠬᠠᠨᠭᠰᠢ ᠪᠡᠷ ᠦᠨᠡᠯᠡᠵᠦ᠂ ᠠᠢᠯ ᠤ᠋ᠨ ᠦᠬᠡᠷ ᠬᠤᠨᠢ ᠵᠢ ᠬᠤᠶᠠᠷ ᠵᠢᠯ ᠬᠠᠷᠢᠭᠤᠯᠤᠭᠰᠠᠨ》 ᠬᠡᠵᠦ ᠬᠠᠯᠠ ᠦᠵᠡᠵᠦ ᠬᠠᠯᠠᠭᠤᠨ ᠴᠢᠯᠠᠭᠤ ᠳᠤᠯᠢᠶᠠᠭᠰᠠᠨ ᠠᠮᠢᠳᠤᠷᠠᠯ ᠵᠢᠡᠨ ᠡᠷᠬᠢᠴᠡᠭᠦᠯᠦᠨ᠎ᠡ᠃


cc19ada0-9c34-4356-9c9a-5f470a3bb3f3.png


ᠰᠢᠤᠢ ᠬᠠᠢ ᠯᠢᠨ ᠠᠢᠯ ᠬᠡᠷ ᠪᠤᠯᠤᠭᠰᠠᠨ᠎ᠤ ᠳᠠᠷᠠᠭ᠎ᠠ ᠵᠤᠯᠠᠢ ᠵᠤᠯᠠᠢ ᠪᠠᠨ ᠬᠢᠰᠬᠢᠵᠦ ᠲᠦᠷᠦᠭᠰᠡᠨ ᠬᠦᠤ᠂ ᠦᠬᠢᠨ ᠲᠠᠢ ᠪᠤᠯᠤᠭᠠᠳ᠂ ᠮᠦᠷᠦᠨ ᠳᠡᠭᠡᠷᠡᠬᠢ ᠲᠠᠷᠤᠭᠠᠰᠤ ᠨᠢ ᠤᠯᠠᠮ ᠬᠦᠨᠳᠦᠷᠠᠪᠠ᠃ ᠲᠡᠬᠡᠷ᠎ᠡ ᠨᠢ ᠭᠤᠷᠪᠠᠨ ᠬᠡᠦᠬᠡᠨ ᠲᠡᠬᠦᠤ ᠨᠢ ᠬᠤᠢᠨ᠎ᠡ ᠬᠤᠢᠨ᠎ᠡ ᠡᠴᠡ ᠪᠠᠨ ᠬᠠᠷᠢ ᠳ᠋ᠤ ᠮᠤᠷᠳᠠᠬᠤ ᠪᠤᠯᠵᠦ᠂ ᠶᠡᠷᠦ ᠨᠢ ᠠᠮᠢᠳᠤᠷᠠᠯ ᠨᠢ ᠪᠠᠶᠠᠨ ᠴᠢᠨᠡᠬᠡᠯᠢᠭ ᠪᠢᠰᠢ ᠪᠤᠯᠬᠤᠷ ᠦᠷᠢ ᠰᠢᠷᠢ ᠳ᠋ᠦ ᠳᠠᠷᠤᠭᠳᠠᠭᠰᠠᠨ ᠪᠠᠢᠯ᠎ᠠ᠃ ᠰᠢᠤᠢ ᠬᠠᠢ ᠯᠢᠨ᠄ 《ᠲᠤᠬᠠᠢ ᠵᠢᠨ ᠦᠶ᠎ᠡ ᠳ᠋ᠤ ᠪᠢ ᠲᠠᠪᠤᠨ ᠮᠦᠨᠭᠬᠦ ᠵᠢᠨ ᠬᠦᠤ ᠲᠠᠢ ᠵᠤᠭᠤᠰ ᠵᠢᠬᠡᠯᠡᠵᠦ ᠪᠠᠢᠮᠠᠨᠵᠢᠨ ᠭᠤᠷᠪᠠᠨ ᠬᠡᠦᠬᠡᠨ ᠲᠡᠬᠦᠤ ᠪᠠᠨ ᠬᠤᠢᠨ᠎ᠡ ᠬᠤᠢᠨ᠎ᠡ ᠡᠴᠡ ᠨᠢ ᠬᠠᠷᠢ ᠳ᠋ᠤ ᠮᠤᠷᠳᠠᠭᠤᠯᠤᠭᠰᠠᠨ ᠰᠢᠦ》 ᠬᠡᠵᠦ ᠬᠡᠯᠡᠵᠦ ᠪᠠᠢᠯ᠎ᠠ᠃

ᠦᠷᠢ ᠰᠢᠷᠢ ᠪᠠᠨ ᠲᠠᠷᠤᠵᠦ᠂ ᠠᠮᠢᠳᠤᠷᠠᠯ ᠵᠢᠨᠨ ᠦᠭᠡᠳᠡ ᠲᠠᠲᠠᠬᠤ ᠵᠢᠨ ᠲᠦᠯᠦᠬᠡ᠂ ᠲᠡᠷᠡ ᠬᠤᠶᠠᠷ ᠬᠡᠦᠬᠡᠳ ᠵᠢᠨᠨ ᠨᠠᠰᠤᠳᠠᠢ ᠡᠵᠢ ᠳ᠋ᠡᠭᠡᠨ ᠲᠤᠰᠢᠶᠡᠭᠠᠳ᠂ ᠪᠦᠰᠡᠬᠦᠢ ᠲᠠᠢ ᠪᠠᠨ ᠤᠷᠢᠳ ᠬᠤᠵᠢᠳ ᠬᠠᠷᠠᠮᠦ᠋ᠷᠡᠨ᠂ ᠱᠠᠨᠳ᠋ᠦ᠋ᠨᠭ᠌ ᠵᠡᠷᠭᠡ ᠮᠤᠵᠢ ᠪᠡᠷ ᠬᠦᠯᠦᠰᠦᠨ ᠠᠵᠢᠯ ᠬᠢᠪᠡ᠃

ᠤᠷᠤᠯᠭ᠎ᠠ ᠨᠢ ᠵᠠᠷᠤᠯᠭ᠎ᠠ ᠳ᠋ᠠᠭᠠᠨ ᠦᠯᠤ ᠬᠦᠷᠬᠦ ᠬᠦᠯᠦᠰᠦᠨ ᠠᠵᠢᠯᠴᠢᠨ ᠤ᠋ ᠠᠮᠢᠳᠤᠷᠠᠯ ᠰᠢᠤᠢ ᠬᠠᠢ ᠯᠢᠨ ᠤ᠋ ᠰᠡᠳᠬᠢᠯ ᠵᠢᠷᠦᠭᠡ ᠵᠢ ᠴᠠᠭ ᠢᠮᠠᠭᠳᠠ ᠡᠮᠵᠡᠭᠯᠡᠬᠦᠯᠵᠦ ᠪᠠᠢᠯ᠎ᠠ᠃ ᠦᠬᠡᠳᠡ ᠲᠠᠢ ᠤᠷᠤᠭᠤ ᠲᠠᠢ ᠬᠠᠳᠠᠭᠤ ᠠᠮᠢᠳᠤᠷᠠᠯ ᠱᠢᠤᠢ ᠬᠠᠢ ᠯᠢᠨ ᠢ᠋ ᠡᠴᠤᠰ ᠲᠡᠭᠡᠨ ᠤᠬᠠᠭᠠᠷᠠᠭᠤᠯᠤᠭᠰᠠᠨ ᠪᠠᠢᠯ᠎ᠠ᠃

ᠦᠵᠦᠬᠦᠷ ᠵᠤᠷᠢᠭᠰᠠᠨ ᠵᠠᠮ

2019 ᠤᠨ ᠤ᠋ 4 ᠰᠠᠷ᠎ᠠ ᠵᠢᠨ 18 ᠤ᠋ ᠡᠳᠦᠷ ᠰᠢᠤᠢ ᠬᠠᠢ ᠯᠢᠨ ᠡᠷ᠎ᠡ ᠡᠮ᠎ᠡ ᠬᠤᠶᠠᠭᠤᠯᠠ ᠳ᠋ᠤ ᠠᠪᠴᠦ ᠬᠡᠯᠡᠪᠡᠯ ᠮᠠᠷᠳᠠᠭᠳᠠᠰᠢ ᠦᠬᠡᠢ ᠡᠳᠦᠷ ᠪᠤᠯᠤᠭᠰᠠᠨ ᠪᠢᠯᠡ᠃ ᠲᠤᠰ ᠡᠳᠦᠷ ᠲᠡᠳᠡ ᠬᠤᠶᠠᠭᠤᠯᠠ ᠪᠠᠨ ᠡᠬᠦᠷᠬᠡ ᠪᠤᠭᠤᠳᠠᠯ ᠵᠢᠨᠨ ᠠᠪᠤᠭᠠᠳ ᠱᠠᠨᠳ᠋ᠦ᠋ᠨᠭ᠌ ᠮᠤᠵᠢ ᠵᠢᠨ ᠸᠸᠢᠢᠬᠠᠢ ᠬᠤᠳᠠ ᠡᠴᠡ ᠰᠢᠭᠤᠳ ᠨᠤᠳᠤᠭ ᠲᠠᠭᠠᠨ ᠪᠤᠴᠠᠨ ᠢᠷᠡᠵᠦ᠂ ᠬᠡᠳᠦᠨ ᠵᠢᠯ ᠠᠳᠠᠷᠰᠢᠭᠤᠯᠤᠭᠰᠠᠨ ᠲᠠᠷᠢᠶ᠎ᠠ ᠪᠠᠨ ᠲᠠᠷᠢᠬᠤ ᠪᠡᠷ ᠪᠤᠯᠵᠠᠢ᠃ ᠬᠡᠳᠦᠨ ᠵᠢᠯ ᠭᠠᠳᠠᠨ᠎ᠠ ᠤᠷᠤᠨ ᠵᠢᠡᠷ ᠶᠠᠪᠤᠵᠦ ᠬᠦᠯᠦᠰᠦᠨ ᠠᠵᠢᠯ ᠬᠢᠭᠰᠡᠨ ᠰᠢᠤᠢ ᠬᠠᠢ ᠯᠢᠨ ᠲᠠᠷᠢᠶ᠎ᠠ ᠲᠠᠷᠢᠵᠦ ᠪᠠᠶᠠᠵᠢᠶ᠎ᠠ ᠬᠡᠪᠡᠯ ᠵᠡᠪᠡᠯ ᠲᠦᠷᠦ ᠵᠢᠨ ᠪᠤᠳᠤᠯᠭ᠎ᠠ ᠪᠠ ᠰᠢᠨᠵᠢᠯᠡᠬᠦ ᠤᠬᠠᠭᠠᠨ ᠳ᠋ᠤ ᠲᠦᠰᠢᠭᠯᠡᠵᠦ᠂ ᠮᠠᠰᠢᠨ ᠮᠸᠬᠠᠨᠢᠭ ᠤ᠋ᠨ ᠦᠢᠯᠡᠳᠦᠯ ᠢ᠋ ᠭᠦᠢᠴᠡᠳ ᠪᠠᠳᠠᠷᠠᠭᠤᠯᠬᠤ ᠬᠡᠷᠡᠭᠳᠡᠢ ᠬᠡᠰᠡᠨ ᠪᠤᠳᠤᠯ ᠤᠷᠭᠤᠪᠠ᠃ ᠰᠢᠤᠢ ᠬᠠᠢ ᠯᠢᠨ᠄ 《ᠬᠡᠯᠡᠪᠡᠯ ᠪᠠᠰᠠ ᠦᠯᠢᠬᠡᠷ ᠶᠤᠮ ᠰᠢᠦ᠂ ᠬᠡᠳᠦᠨ ᠵᠢᠯ ᠭᠠᠳᠠᠨ᠎ᠠ ᠶᠠᠪᠤᠵᠦ ᠬᠦᠯᠦᠰᠦᠨ ᠠᠵᠢᠯ ᠬᠢᠵᠦ ᠪᠠᠢᠭᠰᠠᠨ ᠵᠢᠡᠨ ᠬᠡᠨᠡᠳᠳᠡ ᠨᠤᠳᠤᠭ ᠲᠠᠭᠠᠨ ᠬᠠᠷᠢᠭᠠᠳ ᠲᠠᠷᠢᠶ᠎ᠠ ᠲᠠᠷᠢᠨ᠎ᠡ ᠬᠡᠳᠡᠭ᠎ᠢ ᠬᠡᠯᠡᠬᠦ ᠳ᠋ᠤ ᠠᠮᠠᠷ ᠪᠤᠯᠪᠠᠴᠦ ᠬᠢᠬᠦ ᠳ᠋ᠤ ᠬᠦᠴᠢᠷ᠂ ᠵᠠᠷᠤᠵᠦ ᠬᠡᠷᠡᠭᠯᠡᠬᠦ ᠠᠨᠵᠢᠰᠦ ᠠᠷᠴᠢᠭᠤᠷ ᠡᠴᠡ ᠡᠬᠢᠯᠡᠵᠦ ᠲᠡᠷᠬᠡ ᠬᠦᠰᠬᠡ ᠬᠦᠷᠳᠡᠯ᠎ᠡ ᠲᠠᠬᠢᠵᠦ ᠪᠡᠯᠡᠳᠬᠡᠬᠦ ᠴᠢᠬᠤᠯᠠ ᠲᠠᠢ》 ᠬᠡᠵᠦ ᠲᠤᠬᠠᠢ ᠵᠢᠨ ᠦᠶ᠎ᠡ ᠵᠢᠨ ᠪᠠᠢᠳᠠᠯ ᠵᠢᠨᠨ ᠡᠷᠬᠢᠴᠡᠬᠦᠯᠵᠦ ᠪᠠᠢᠯ᠎ᠠ᠃

ᠦᠨᠡᠨ ᠳ᠋ᠡᠬᠡᠨ᠂ ᠰᠢᠤᠢ ᠬᠠᠢ ᠯᠢᠨ ᠲᠠᠷᠢᠶ᠎ᠠ ᠲᠠᠷᠢᠬᠤ ᠠᠮᠳᠠ ᠵᠢ ᠮᠡᠳᠡᠭᠰᠡᠨ ᠨᠢ ᠳ᠋ᠦ᠋ᠨᠭ᠌ ᠹᠠᠨᠭ᠌ ᠬᠤᠨᠭ᠌ 554 ᠨᠡᠷᠡᠮᠵᠢᠳᠤ ᠲᠠᠷᠢᠶᠠᠯᠠᠨᠭ᠌ ᠤ᠋ᠨ ᠮᠠᠰᠢᠨ ᠢ᠋ ᠬᠤᠳᠠᠯᠳᠤᠵᠦ ᠠᠪᠤᠭᠰᠠᠨ ᠡᠴᠡ ᠡᠬᠢᠯᠡᠯ᠎ᠡ ᠬᠡᠵᠦ ᠬᠡᠯᠡᠵᠦ ᠪᠤᠯᠤᠨ᠎ᠠ᠃ ᠲᠤᠬᠠᠢ ᠵᠢᠨ ᠦᠶ᠎ᠡ ᠳ᠋ᠤ ᠳ᠋ᠦ᠋ᠨᠭ᠌ ᠹᠠᠨᠭ᠌ ᠬᠤᠨᠭ᠌ 554 ᠨᠡᠷᠡᠮᠵᠢᠳᠤ ᠲᠠᠷᠢᠶᠠᠯᠠᠨᠭ᠌ ᠤ᠋ᠨ ᠮᠠᠰᠢᠨ ᠤ᠋ ᠵᠠᠬ᠎ᠠ ᠲᠡᠯᠬᠡᠬᠦᠷ ᠲᠡᠬᠢ ᠬᠠᠨᠭᠰᠢ ᠨᠢ 7.68 ᠲᠦᠮᠡᠨ ᠲᠦᠬᠦᠷᠢᠭ ᠲᠤ᠌ ᠬᠦᠷᠴᠦ ᠂ ᠤᠯᠤᠰ ᠤ᠋ᠨ ᠨᠦᠬᠦᠪᠦᠷᠢ ᠵᠢᠨ ᠲᠦᠮᠡ ᠭᠠᠷᠤᠢ ᠲᠦᠬᠦᠷᠢᠭ ᠢ᠋ ᠨᠢ ᠬᠠᠰᠤᠭᠠᠳ ᠮᠦᠨ 6.68 ᠲᠦᠮᠡᠨ ᠲᠦᠬᠦᠷᠢᠭ ᠬᠦᠷᠴᠦ ᠪᠠᠢᠯ᠎ᠠ᠃


75604f19-2f52-49a3-bed6-d95a23c4d04b.png


ᠰᠢᠤᠢ ᠬᠠᠢ ᠯᠢᠨ᠄ 《ᠲᠠᠷᠢᠶᠠᠯᠠᠨᠭ᠌ ᠤ᠋ᠨ ᠮᠠᠰᠢᠨ ᠲᠤᠰᠬᠤ ᠪᠡᠷ ᠪᠤᠯᠤᠭᠠᠳ᠂ ᠭᠠᠷ ᠲᠠᠭᠠᠨ ᠪᠡᠯᠡᠨ ᠮᠦᠨᠭᠬᠦ ᠦᠬᠡᠢ ᠭᠠᠴᠢᠭᠳᠠᠵᠦ ᠪᠠᠢᠭᠰᠠᠨ ᠦᠶ᠎ᠡ᠎ᠳ᠋ᠤ ᠮᠠᠨ ᠤ᠋ ᠠᠢᠯ ᠤ᠋ᠨ ᠡᠤ ᠹᠦ ᠴᠢᠤᠸᠠᠨ ᠠᠪᠠᠭ᠎ᠠ ᠬᠠᠯᠠᠭᠤᠨ ᠭᠠᠷ ᠵᠢᠨᠨ ᠰᠤᠨᠭᠭᠠᠵᠦ᠂ 2 ᠲᠦᠮᠡᠨ ᠲᠦᠬᠦᠷᠢᠭ ᠵᠢᠡᠷ ᠲᠤᠰᠠᠯᠠᠨ ᠲᠡᠷᠡ ᠮᠠᠰᠢᠨ ᠢ᠋ ᠠᠪᠤᠭᠰᠠᠨ》 ᠬᠡᠵᠦ ᠬᠡᠯᠡᠵᠦ ᠪᠠᠢᠯ᠎ᠠ᠃ ᠢᠩᠬᠢᠭᠡᠳ ᠳ᠋ᠦ᠋ᠨᠭ᠌ ᠹᠠᠨᠭ᠌ ᠬᠤᠨᠭ᠌ 554 ᠨᠡᠷᠡᠮᠵᠢᠳᠤ ᠲᠠᠷᠢᠶᠠᠯᠠᠨᠭ᠌ ᠤ᠋ᠨ ᠮᠠᠰᠢᠨ ᠰᠢᠤᠢ ᠬᠠᠢ ᠯᠢᠨ ᠤ᠋ ᠲᠠᠷᠢᠶ᠎ᠠ ᠲᠠᠷᠢᠵᠦ ᠠᠳᠠᠯ ᠠᠮᠢᠳᠤᠷᠠᠯ ᠵᠢᠨᠨ ᠦᠬᠡᠳᠡ ᠲᠠᠳᠠᠬᠤ ᠵᠢᠨ ᠰᠢᠨ᠎ᠡ ᠬᠦᠳᠡᠯᠬᠡᠬᠦᠷ ᠪᠤᠯᠵᠠᠢ᠃

ᠰᠢᠤᠢ ᠬᠠᠢ ᠯᠢᠨ ᠨᠤᠳᠤᠭ ᠤᠰᠤᠨ ᠤ᠋ ᠪᠠᠨ ᠪᠠᠢᠳᠠᠯ ᠢ᠋ ᠦᠨᠳᠦᠰᠦᠯᠡᠵᠦ᠂ ᠭᠤᠤᠯᠳᠠᠭᠤ ᠡᠷᠳᠡᠨᠢ ᠰᠢᠰᠢ ᠲᠠᠷᠢᠵᠦ ᠡᠵᠡᠨᠭᠨᠡᠪᠡ᠃ ᠤᠯᠤᠰ᠎ᠤᠨ ᠭᠠᠵᠠᠷ ᠱᠢᠷᠣᠢ᠎ᠶ᠋ᠢ ᠱᠢᠯᠵᠢᠭᠦᠯᠣᠨ ᠡᠵᠡᠩᠨᠡᠬᠦ᠌ ᠲᠦᠷᠦ᠍᠎ᠶ᠋ᠢᠨ ᠪᠤᠳᠤᠯᠭ᠎ᠠ᠎ᠶ᠋ᠢᠨ ᠤᠷᠢᠬᠠᠨ ᠰᠠᠯᠬᠢ ᠬᠦᠳᠡᠭᠡ ᠲᠤᠰᠬᠤᠨ ᠢ᠋ ᠢᠯᠪᠢᠬᠦ ᠳ᠋ᠤ᠂ ᠱᠢᠤᠢ ᠬᠠᠢ ᠯᠢᠨ ᠬᠦᠰᠡᠯ᠎ᠢᠶᠠᠨ ᠪᠡᠶᠡᠯᠡᠭᠦᠯᠬᠦ᠌ ᠠᠵᠠ ᠲᠣᠬᠢᠶᠠᠯ ᠢᠷᠡᠯ᠎ᠡ ᠭᠡᠵᠦ᠍ ᠰᠡᠷᠡᠵᠦ᠍ ᠮᠡᠳᠡᠪᠠ᠃ ᠲᠡᠷᠡ ᠠᠢᠯ ᠡᠷᠦᠬᠡ ᠳᠠᠷᠠᠭᠠᠯᠠᠨ ᠨᠤᠲᠤᠭ᠎ᠤᠰᠤᠨ᠎ᠤ ᠪᠠᠨ ᠠᠬ᠎ᠠ ᠳᠡᠭᠦᠦ ᠨᠡᠷ᠎ᠲᠠᠢ ᠪᠠᠨ ᠵᠥᠪᠳᠡᠯᠴᠡᠵᠦ᠍᠂ ᠵᠠᠬ᠎ᠠ ᠳᠡᠯᠭᠡᠭᠦᠷ᠎ᠤᠨ ᠦᠨ᠎ᠡ᠎ᠠᠴᠠ ᠥᠨᠳᠥᠷ ᠦᠨ᠎ᠠ᠎ᠪᠠᠷ ᠲᠦᠷᠢᠶᠡᠰᠤᠯᠡᠨ ᠡᠵᠡᠩᠨᠡᠬᠦ ᠪᠠᠷ ᠠᠮᠠᠯᠳᠠᠵᠦ᠍᠂ ᠡᠴᠦᠰ᠎ᠲᠡᠭᠡᠨ 700 ᠭᠠᠷᠤᠢ ᠮᠦ᠍ ᠲᠠᠷᠢᠶᠠᠨ ᠭᠠᠵᠠᠷ᠎ᠢ ᠲᠦᠷᠢᠶᠡᠰᠤᠯᠡᠨ ᠡᠵᠡᠩᠨᠡᠬᠦ᠌ ᠭᠡᠷ᠎ᠡ᠎ᠳᠤ ᠭᠠᠷ᠎ᠤᠨ ᠦᠰᠦᠭ ᠵᠢᠷᠤᠪᠠ᠃ ᠥᠪᠡᠷ᠎ᠤᠨ 400 ᠭᠠᠷᠤᠢ ᠮᠦ᠍ ᠲᠠᠷᠢᠶᠠᠨ᠎ᠭᠠᠵᠠᠷ᠎ᠤᠨ ᠵᠢᠡᠨ ᠲᠡᠬᠡᠷ᠎ᠡ ᠲᠦᠷᠢᠶᠡᠰᠦᠯᠡᠭᠰᠡᠨ 700 ᠭᠠᠷᠤᠢ ᠮᠦ᠍ ᠲᠠᠷᠢᠶ᠎ᠠ᠎ᠶ᠋ᠢ ᠨᠡᠮᠡᠪᠡᠯ᠂ 1200 ᠭᠠᠷᠤᠢ ᠮᠣ᠌ ᠦᠩ ᠱᠢᠮᠡᠯᠢᠭ ᠲᠠᠷᠢᠶᠠᠨ ᠭᠠᠵᠠᠷ ᠱᠢᠤᠢ ᠬᠠᠢ ᠯᠢᠨ᠎ᠤ ᠡᠷᠳᠡᠮ ᠤᠬᠠᠭᠠᠨ᠎ᠢᠶᠠᠨ ᠪᠠᠳᠠᠷᠠᠭᠤᠯᠬᠤ ᠲᠠᠪᠴᠠᠩ ᠪᠣᠯᠤᠭ᠍ᠰᠠᠨ ᠪᠠᠢᠨ᠎ᠠ᠃

ᠲᠠᠷᠢᠮᠠᠯ ᠤ᠋ᠨ ᠬᠡᠪᠴᠢᠶᠡᠵᠢᠯ ᠵᠢᠠᠨ ᠦᠷᠬᠡᠳᠬᠦ ᠵᠢ ᠲᠠᠭᠠᠯᠳᠤᠵᠦ᠂ ᠰᠢᠤᠢ ᠬᠠᠢ ᠯᠢᠨ ᠤᠳᠤᠬᠢᠴᠢᠯᠠᠭᠰᠠᠨ ᠲᠠᠷᠢᠶᠠᠯᠠᠨᠭ᠌ ᠤ᠋ᠨ ᠲᠤᠬᠠᠢ ᠮᠡᠳᠡᠯᠬᠡ ᠮᠡᠷᠬᠡᠵᠢᠯ ᠰᠤᠷᠬᠤ ᠨᠢ ᠡᠷᠬᠡᠪᠰᠢ ᠰᠢᠢᠳᠪᠦᠷᠢᠯᠡᠬᠦ ᠴᠢᠬᠤᠯᠠᠲᠠᠢ ᠲᠤᠯᠭᠠᠮ ᠰᠡᠳᠦᠪ ᠪᠤᠯᠪᠠ᠃ ᠲᠡᠭᠡᠭᠡᠳ ᠵᠢᠯ ᠳ᠋ᠤ ᠭᠤᠷᠪᠠ ᠡᠴᠡ ᠲᠦᠷᠪᠡ ᠤᠳᠠᠭ᠎ᠠ ᠬᠤᠰᠢᠭᠤ ᠰᠤᠮᠤᠨ᠎ᠡᠴᠨ ᠡᠷᠬᠢᠯᠡᠭᠰᠡᠨ ᠲᠠᠷᠢᠶᠠᠯᠠᠨᠭ᠌ ᠤ᠋ᠨ ᠮᠡᠷᠬᠡᠵᠢᠯ ᠤ᠋ᠨ ᠪᠤᠯᠪᠠᠰᠤᠷᠠᠯ ᠤ᠋ᠨ ᠠᠨᠭᠬᠢ ᠳ᠋ᠤ ᠤᠷᠤᠯᠴᠠᠬᠤ ᠪᠡᠷ ᠪᠠᠷᠠᠬᠤ ᠦᠭᠡᠢ ᠢᠨᠳᠡᠷ᠂ ᠬᠤᠯᠪᠤᠭ᠎ᠠ᠂ ᠪᠠᠶᠠᠨᠭᠤᠤᠯ ᠵᠡᠷᠬᠡ ᠰᠢᠶᠠᠨᠭ᠌ ᠪᠠᠯᠭᠠᠰᠤ ᠪᠡᠷ ᠬᠦᠷᠴᠦ ᠲᠤᠬᠠᠢ ᠵᠢᠨ ᠭᠠᠵᠠᠷ ᠤ᠋ᠨ ᠤᠳᠤᠬᠢᠴᠢᠯᠠᠭᠰᠠᠨ ᠲᠠᠷᠢᠶᠠᠯᠠᠨᠭ᠌ ᠤ᠋ᠨ ᠮᠡᠷᠬᠡᠵᠢᠯ᠎ᠢ ᠰᠤᠷᠤᠯᠴᠠᠵᠠᠢ᠃

ᠵᠠᠯᠠᠢᠳ ᠬᠤᠰᠢᠭᠤᠨ᠎ᠤ ᠠᠯᠳᠠᠷᠳᠤ ᠰᠤᠮᠤᠨ᠎ᠤ ᠲᠠᠷᠢᠶᠠᠯᠠᠨᠭ᠌ ᠮᠠᠯ ᠠᠵᠦ ᠠᠬᠤᠢ ᠵᠢᠨ ᠦᠢᠯᠡᠴᠢᠯᠡᠬᠡᠨ ᠤ᠋ ᠲᠦᠪ ᠤ᠋ᠨ ᠲᠡᠳ᠋ ᠡᠷᠬᠢᠯᠡᠭᠴᠢ ᠪᠤᠶᠠᠨᠳᠤ᠄ 《ᠮᠠᠨ᠎ᠤ ᠰᠤᠮᠤᠨ ᠳ᠋ᠤ ᠰᠢᠤᠢ ᠬᠠᠢ ᠯᠢᠨ ᠰᠢᠭ ᠰᠢᠯᠢᠳᠡᠭ ᠲᠠᠷᠢᠮᠠᠯ᠎ᠤᠨ ᠲᠤᠮᠤ ᠡᠷᠤᠬᠡ ᠴᠦᠬᠡᠨ᠂ 2025 ᠤᠨ᠎ᠳᠤ ᠮᠠᠨ ᠤ᠋ ᠰᠤᠮᠤ ᠲᠡᠬᠡᠷ᠎ᠠ ᠱᠠᠳᠤᠨ ᠤ᠋ ᠪᠠᠢᠷᠢᠯᠠᠭᠤᠯᠤᠯᠳᠠ ᠶᠤᠰᠤᠭᠠᠷ 〈ᠲᠠᠷᠢᠮᠠᠯ ᠤ᠋ᠨ ᠲᠠᠯᠠᠪᠠᠢ ᠵᠢ ᠲᠤᠭᠳᠠᠪᠤᠷᠢᠵᠢᠭᠤᠯᠵᠦ᠂ ᠮᠤ᠌ ᠨᠢᠬᠡᠴᠢ ᠵᠢᠨ ᠤᠨᠠᠯᠳᠠ ᠵᠢ ᠨᠡᠮᠡᠭᠳᠡᠭᠦᠯᠬᠦ〉 ᠲᠦᠷᠦᠯ ᠵᠦᠢᠯ ᠤ᠋ᠨ ᠲᠤᠷᠰᠢᠯᠳᠡ ᠵᠢᠨ ᠲᠠᠷᠢᠶ᠎ᠠ ᠵᠢ 3 ᠡᠷᠦᠬᠡ ᠳ᠋ᠤ ᠨᠡᠢᠳᠡ 300 ᠮᠤ᠌ ᠨᠡᠢᠳᠡᠪᠦᠷᠢᠵᠢᠭᠤᠯᠤᠨ᠂ ᠰᠢᠤᠢ ᠬᠠᠢ ᠯᠢᠨ ᠳ᠋ᠤ 100 ᠮᠤ᠌ ᠲᠤᠬᠢᠷᠠᠭᠤᠯᠵᠦ ᠦᠭᠴᠡᠢ᠃ ᠲᠤᠰᠭᠠᠢ ᠮᠡᠷᠭᠡᠵᠢᠯᠳᠡᠨ ᠤ᠋ ᠲᠤᠭᠤᠢᠯᠠᠨᠭ᠌ ᠤ᠋ᠨ ᠤᠨᠠᠯᠳᠠ ᠵᠢ ᠬᠡᠮᠵᠢᠭᠰᠡᠨ᠎ᠤ  ᠳ᠋ᠦᠨᠭ᠌ ᠳ᠋ᠤ ᠰᠢᠤᠢ ᠬᠠᠢ ᠯᠢᠨ᠎ᠤ ᠳᠤᠷᠰᠢᠯᠳᠠ ᠵᠢᠨ ᠳᠠᠷᠢᠶ᠎ᠠ ᠵᠢᠨ ᠮᠤ᠌ ᠨᠢᠬᠡᠴᠢ ᠵᠢᠨ ᠤᠨᠠᠯᠳᠠ ᠨᠢ 2100 ᠵᠢᠩ᠎ᠢ ᠳᠠᠪᠠᠨ᠂ ᠨᠤᠳᠤᠭ ᠤᠰᠤᠨ ᠤ᠋ ᠪᠠᠨ ᠲᠡᠤᠬᠡ ᠵᠢᠨ ᠲᠡᠮᠳᠡᠭᠯᠡᠯ ᠢ᠋ ᠰᠢᠨᠡᠳᠭᠡᠵᠡᠢ》 ᠬᠡᠵᠦ ᠲᠠᠨᠢᠯᠴᠠᠭᠤᠯᠤᠯ᠎ᠠ᠃

ᠰᠠᠢᠨ ᠲᠠᠷᠢᠶᠠᠨ ᠦᠷ᠎ᠡ ᠪᠤᠯ ᠲᠠᠷᠢᠶ᠎ᠡ ᠲᠦᠮᠦᠰᠦᠨ᠎ᠤ ᠡᠯᠪᠡᠭ ᠬᠤᠷᠢᠶᠠᠯᠳᠠ ᠤᠯᠬᠤ ᠵᠢᠨ ᠪᠠᠳᠤᠯᠠᠭ᠎ᠠ ᠮᠦᠨ᠃ ᠰᠢᠤᠢ ᠬᠠᠢ ᠯᠢᠨ ᠦᠷ᠎ᠡ ᠰᠤᠨᠭᠭᠤᠬᠤ ᠲᠠᠯ᠎ᠠ ᠪᠡᠷ ᠤᠨᠴᠠᠭᠠᠢᠯᠠᠨ ᠠᠩᠬᠠᠷᠴᠤ᠂ ᠭᠤᠤᠯᠳᠠᠭᠤ ᠳ᠋ᠢ ᠺᠠ ᠰᠢᠷᠢᠰ C1563 ᠪᠠ 2235 ᠵᠡᠷᠬᠡ ᠲᠤᠬᠠᠢ ᠵᠢᠨ ᠭᠠᠵᠠᠷ ᠤ᠋ᠨ ᠠᠭᠤᠷ ᠠᠮᠢᠰᠬᠤᠯ ᠪᠠ ᠬᠦᠷᠦᠰᠦ ᠱᠢᠷᠤᠢ ᠳ᠋ᠤ ᠲᠤᠬᠢᠷᠠᠬᠤ ᠡᠷᠳᠡᠨᠢ ᠰᠢᠰᠢ ᠵᠢᠨ ᠦᠷ᠎ᠡ ᠵᠢ ᠲᠠᠷᠢᠳᠠᠭ᠃ ᠡᠬᠦᠨ ᠤ᠋ ᠬᠠᠮᠳᠤ 2022 ᠤᠨ ᠡᠴᠡ ᠨᠠᠭᠠᠰᠢ ᠨᠢᠬᠳᠠ ᠳᠠᠷᠢᠵᠦ ᠡᠯᠪᠡᠭ ᠬᠤᠷᠢᠶᠠᠬᠤ ᠨᠠᠷᠢᠯᠢᠬ ᠤᠨᠤᠴᠠᠳᠠᠢ ᠳᠤᠬᠢᠷᠠᠭᠤᠯᠤᠨ ᠡᠵᠡᠮᠳᠡᠬᠦ ᠮᠡᠷᠭᠡᠵᠢᠯ ᠤ᠋ᠨ ᠵᠠᠬᠪᠤᠷ ᠢ᠋ ᠢᠳᠡᠪᠬᠢᠳᠠᠢ ᠳᠡᠯᠭᠡᠷᠡᠬᠦᠯᠵᠦ᠂ ᠳᠠᠷᠢᠶᠠᠨ ᠭᠠᠵᠠᠷ ᠢ᠋ ᠨᠠᠷᠢᠯᠢᠬ ᠳᠡᠭᠰᠢᠯᠡᠬᠦ᠂ ᠤᠰᠦ ᠪᠤᠷᠳᠤᠭᠤᠷ ᠢ᠋ ᠨᠢᠭᠡ ᠴᠤᠬᠴᠠᠵᠢᠭᠤᠯᠬᠤ ᠵᠡᠷᠭᠡ ᠵᠠᠡᠭᠬᠢᠯᠠᠭ᠎ᠠ ᠵᠢᠨ ᠮᠡᠷᠭᠡᠵᠢᠯ ᠢ᠋ ᠭᠡᠷᠡᠭᠯᠡᠵᠦ᠂ ᠬᠦᠢᠴᠠᠳ ᠴᠢᠬᠢ ᠪᠠᠷᠢᠬᠤ ᠵᠢ ᠪᠡᠶᠡᠯᠡᠬᠦᠯᠵᠦ᠂ ᠦᠨᠳᠦᠷ ᠤᠨᠠᠯᠳᠠ ᠵᠢ ᠪᠠᠳᠤᠯᠠᠭᠰᠠᠭᠠᠷ ᠢᠷᠡᠪᠡ᠃

ᠲᠠᠷᠢᠶ᠎ᠠ ᠲᠠᠷᠢᠬᠤ ᠥᠪᠡᠷ᠎ᠤᠨ ᠦᠷᠳᠡᠭ᠎ᠢ ᠪᠠᠭᠤᠷᠠᠭᠤᠯᠤᠨ ᠦᠷ᠎ᠡ ᠠᠱᠢᠭ᠎ᠢ ᠨᠡᠮᠡᠭ᠌ᠳᠡᠭᠦᠯᠬᠦ᠌ ᠲᠠᠯ᠎ᠠ᠎ᠪᠠᠷ ᠨᠡᠩ ᠴᠣ᠌ ᠨᠠᠷᠢᠯᠢᠭ ᠲᠦᠯᠦᠪᠯᠡᠭᠡ᠎ᠲᠠᠢ ᠠᠵᠢᠯᠯᠠᠵᠦ ᠢᠷᠡᠵᠡᠢ᠃ ᠰᠢᠤᠢ ᠬᠠᠢ ᠯᠢᠨ ᠡᠷᠳᠡᠨᠢ ᠱᠢᠰᠢ᠎ᠪᠠᠨ ᠬᠠᠳᠤᠵᠤ ᠬᠤᠷᠢᠶᠠᠬᠤ᠎ᠳ᠋ᠠᠭᠠᠨ ᠡᠰᠢ ᠰᠦᠷᠡᠯ᠎ᠢ ᠬᠠᠮᠲᠤ᠎ᠳᠤᠨᠢ ᠬᠤᠷᠢᠶᠠᠵᠦ ᠪᠤᠭᠤᠳᠠᠯᠯᠠᠭᠠᠳ 《ᠬᠠᠶᠠᠭ᠍ᠳᠠᠮᠠᠯ᠎ᠢ ᠡᠷᠳᠡᠨᠢ ᠪᠣᠯᠭᠠᠵᠤ》᠂ ᠮᠥ᠍ ᠪᠦᠷᠢ᠎ᠠᠴᠠ ᠨᠢ 150 ᠭᠠᠷᠤᠶ ᠲᠥᠭᠦᠷᠢᠭ ᠤ᠋ᠨ ᠤᠷᠤᠯᠭ᠎ᠠ ᠤᠯᠵᠦ᠂ ᠣᠷᠴᠢᠨ ᠲᠣᠭᠤᠷᠢᠨ᠎ᠢ ᠬᠠᠮᠠᠭᠠᠯᠠᠭ᠍ᠰᠠᠨ᠎ᠢᠶᠠᠷ ᠪᠠᠷᠠᠬᠤ ᠥᠬᠡᠶ ᠪᠠᠰᠠ ᠣᠷᠣᠯᠭ᠎ᠠ᠎ᠪᠠᠨ ᠨᠡᠮᠡᠭᠳᠡᠭᠦᠯᠦᠭᠰᠡᠨ ᠪᠠᠢᠨ᠎ᠠ᠃

ᠢᠳᠡᠬᠡᠯ ᠲᠦᠬᠦᠷᠡᠨᠭ᠌ ᠠᠮᠠᠯᠠᠯᠳᠠ

ᠰᠢᠤᠢ ᠬᠠᠢ ᠯᠢᠨ ᠤ᠋ 2025 ᠤᠨ ᠤ᠋ ᠤᠷᠤᠯᠭ᠎ᠠ ᠨᠢ ᠡᠷᠳᠡᠨᠢ ᠰᠢᠰᠢ ᠵᠢᠨ ᠤᠷᠤᠯᠭ᠎ᠠ᠂ ᠦᠬᠡᠷ ᠬᠤᠳᠠᠯᠳᠤᠭᠰᠠᠨ ᠤᠷᠤᠯᠭ᠎ᠠ᠂ ᠪᠤᠰᠤᠳ ᠤ᠋ᠨ ᠲᠠᠷᠢᠶ᠎ᠠ ᠵᠢ ᠤᠷᠤᠯᠠᠨ ᠲᠠᠷᠢᠭᠰᠠᠨ ᠤᠷᠤᠯᠭ᠎ᠠ᠂ ᠡᠰᠢ ᠰᠦᠷᠡᠯ ᠵᠢᠨᠨ ᠬᠤᠳᠠᠯᠳᠤᠭᠰᠠᠨ ᠤᠷᠤᠯᠭ᠎ᠠ ᠪᠠ ᠡᠯ᠎ᠡ ᠵᠦᠢᠯ ᠤ᠋ᠨ ᠲᠠᠷᠢᠶᠠᠯᠠᠨᠭ᠌ ᠤ᠋ᠨ ᠨᠦᠬᠦᠪᠦᠷᠢ ᠪᠠᠨ ᠨᠡᠢᠯᠡᠬᠦᠯᠦᠭᠡᠳ 200 ᠲᠦᠮᠡᠨ ᠲᠦᠬᠦᠷᠢᠭ ᠲᠤ᠌ ᠬᠦᠷᠴᠦ᠂ ᠴᠡᠪᠡᠷ ᠤᠷᠤᠯᠭ᠎ᠠ ᠨᠢ 150 ᠲᠦᠮᠡ ᠭᠠᠷᠤᠢ ᠲᠦᠬᠦᠷᠢᠭ ᠲᠤ᠌ ᠲᠤᠯᠵᠠᠢ᠃

ᠤᠳᠤ ᠰᠢᠤᠢ ᠬᠠᠢ ᠯᠢᠨ ᠤ᠋ ᠬᠢᠨ ᠦᠯᠤ ᠬᠠᠭᠠᠯᠪᠦᠷᠢᠯᠠᠵᠦ ᠳᠠᠪᠤᠨ ᠳᠠᠯᠠᠡᠭ ᠵᠢᠨᠷ ᠦᠷ᠎ᠡ ᠰᠠᠴᠤᠬᠤ ᠮᠠᠰᠢᠨ᠂ ᠡᠷᠳᠡᠨᠢ ᠰᠢᠰᠢ ᠬᠤᠷᠢᠶᠠᠬᠤ 4YZB — 5A ᠬᠡᠯᠪᠡᠷᠢ ᠵᠢᠨ ᠮᠠᠰᠢᠨ᠂ ᠡᠰᠢ ᠰᠦᠷᠡᠯ ᠢ᠋ ᠬᠤᠷᠢᠶᠠᠵᠦ ᠪᠤᠭᠤᠳᠠᠯᠯᠠᠬᠤ ᠮᠠᠰᠢᠨ᠂ ᠡᠪᠡᠰᠦ ᠪᠤᠷᠳᠤᠭ᠎ᠠ ᠭᠡᠷᠴᠢᠵᠦ ᠳᠠᠯᠠᠬᠳᠠᠬᠤ ᠮᠠᠰᠢᠨ᠂ ᠳᠠᠷᠢᠶᠠᠨ ᠳ᠋ᠦ ᠡᠮ ᠰᠠᠴᠤᠬᠤ ᠵᠢᠯᠤᠭᠤᠴᠢ ᠦᠭᠡᠢ ᠨᠢᠰᠭᠡᠯ ᠵᠡᠷᠭᠡ 200 ᠭᠠᠷᠤᠢ ᠲᠦᠮᠡᠨ ᠲᠦᠬᠦᠷᠢᠭ ᠤ᠋ᠨ ᠳᠤᠮᠤ ᠳᠤᠮᠳᠠ ᠪᠠᠭ᠎ᠠ ᠭᠡᠯᠪᠡᠷᠢ ᠵᠢᠨ ᠳᠠᠷᠢᠶᠠᠯᠠᠡᠭ ᠤ᠋ᠨ ᠮᠠᠰᠢᠨ ᠮᠸᠬᠠᠨᠢᠭ ᠳᠤᠨᠤᠬ ᠲᠦᠬᠦᠭᠡᠷᠤᠮᠵᠢ ᠳᠠᠢ ᠪᠤᠯᠪᠠ᠃

ᠨᠢᠭᠡ ᠨᠤᠳᠤᠭ ᠤᠰᠤᠨ᠎ᠳᠤ ᠠᠪᠴᠤ ᠬᠡᠯᠡᠪᠡᠯ᠂ ᠨᠢᠭᠡ ᠬᠥᠮᠦᠨ ᠪᠠᠶᠠᠵᠢᠭ᠍ᠰᠠᠨ᠎ᠨᠢ ᠪᠠᠶᠠᠨ᠎ᠤ᠋ ᠲᠤᠭᠠᠨ ᠳ᠋ᠤ ᠲᠣᠭᠠᠴᠠᠭ᠍ᠳᠠᠬᠤ ᠦᠭᠡᠢ᠂ ᠣᠯᠠᠨ᠎ᠢᠶᠠᠷ᠎ᠢᠶᠠᠨ ᠪᠠᠶᠠᠵᠢᠪᠠᠯ ᠰᠠᠶᠢ ᠵᠢᠩᠬᠢᠨᠢ ᠪᠠᠶᠠᠵᠢᠭ᠍ᠰᠠᠨ᠎ᠳᠤ ᠲᠣᠭᠠᠴᠠᠭ᠍ᠳᠠᠨ᠎ᠠ᠃ ᠤᠢᠷ᠎ᠠ᠎ᠳᠦ ᠰᠢᠤᠢ ᠬᠠᠢ ᠯᠢᠨ ᠪᠠᠶᠠ ᠭᠠᠴᠠᠭᠠᠨ᠎ᠤ ᠨᠠᠮ᠎ᠤᠨ ᠡᠭᠦᠷ ᠠᠷᠠᠳ᠎ᠤᠨ ᠵᠦᠪᠯᠡᠯ ᠤ᠋ᠨ ᠬᠤᠭᠤᠴᠠᠭ᠎ᠠ ᠰᠤᠯᠢᠬᠤ ᠰᠤᠡᠭᠭᠤᠭᠤᠯᠢ ᠳ᠋ᠦ ᠤᠷᠤᠪᠠ᠃ ᠳᠡᠷᠡ ᠵᠠᠯᠠᠭᠤ ᠡᠪ ᠬᠠᠮᠳᠤ ᠨᠠᠮ ᠤ᠋ᠨ ᠬᠡᠰᠢᠬᠦᠨ ᠪᠤᠯᠤᠭᠰᠠᠨ ᠤ᠋ ᠬᠤᠪᠢ ᠳ᠋ᠤ ᠠᠢᠯ ᠰᠠᠭᠠᠬᠠᠯᠳᠠ ᠪᠠᠨ ᠲᠠᠭᠠᠭᠤᠯᠤᠨ᠂ ᠤᠳᠤᠬᠢᠴᠢᠯᠠᠭᠰᠠᠨ ᠲᠠᠷᠢᠶᠠᠯᠠᠨᠭ᠌ ᠤ᠋ᠨ ᠲᠠᠷᠢᠬᠤ ᠮᠡᠷᠬᠡᠵᠢᠯ ᠪᠤᠯᠤᠨ ᠮᠸᠬᠠᠨᠢᠭᠴᠢᠯᠠᠭᠰᠠᠨ ᠲᠤᠨᠤᠭ ᠲᠦ᠍ ᠲᠦᠰᠢᠬᠯᠡᠨ᠂ ᠡᠷᠳᠡᠨᠢ ᠱᠢᠰᠢ᠎ᠶ᠋ᠢᠨ ᠤᠨᠠᠯᠲᠠ ᠵᠢ ᠨᠡᠮᠡᠭᠳᠡᠬᠦᠯᠵᠦ᠂ ᠮᠤ᠌ ᠨᠢᠭᠡᠴᠢ ᠵᠢᠨ ᠤᠨᠠᠯᠳᠠ ᠵᠢ ᠮᠡᠳᠡᠭᠳᠡᠮ᠎ᠡ ᠨᠡᠮᠡᠭᠳᠡᠭᠦᠯᠦᠭᠰᠡᠨ ᠪᠠᠢᠨ᠎ᠠ᠃ ᠰᠢᠤᠢ ᠬᠠᠢ ᠯᠢᠨ ᠲᠠᠷᠢᠶᠠᠯᠠᠩ᠎ᠤᠨ ᠶᠠᠭᠠᠷᠠᠤ ᠴᠠᠭ᠎ᠲᠤ᠌ ᠪᠦᠬᠦ ᠭᠠᠴᠠᠭᠠᠨ᠎ᠤ ᠭᠡᠷ᠎ᠲᠡᠭᠡᠨ ᠬᠤᠴᠤᠷᠤᠭᠰᠠᠨ ᠬᠦᠳᠡᠯᠮᠦᠷᠢ ᠬᠦᠴᠦᠨ ᠳ᠋ᠤ ᠤᠷᠢᠳ ᠵᠢᠡᠷ ᠠᠵᠢᠯ᠎ᠤᠨ ᠪᠠᠢᠷᠢ ᠬᠠᠩᠭᠠᠵᠣ᠂ ᠣᠷᠣᠯᠭ᠎ᠠ᠎ᠶ᠋ᠢ᠎ᠨᠢ ᠨᠡᠮᠡᠭ᠌ᠳᠡᠭᠦᠯᠵᠦ᠂ ᠨᠢᠳᠤᠨᠤᠨ ᠵᠢᠯ ᠳ᠋ᠤ ᠲᠡᠷᠡ ᠬᠥᠯᠥᠰᠥᠨ ᠠᠵᠢᠯ ᠬᠢᠭ᠌ᠰᠡᠳ᠎ᠲᠤ 15 ᠲᠦᠮᠨ ᠭᠠᠷᠤᠢ ᠲᠥᠭᠦᠷᠢᠭ᠎ᠤᠨ ᠴᠠᠯᠢᠩ ᠥᠭ᠌ᠴᠡᠢ᠃

《2026 ᠤᠨ ᠳ᠋ᠦ ᠮᠠᠨ ᠤ᠋ ᠭᠠᠴᠠᠭᠠᠨ ᠳ᠋ᠦ ᠦᠨᠳᠦᠷ ᠪᠠᠷᠢᠮᠵᠢᠶᠠᠳᠦ ᠳᠠᠷᠢᠶᠠᠨ ᠭᠠᠵᠠᠷ ᠤ᠋ᠨ ᠲᠦᠷᠦᠯ ᠵᠦᠢᠯ ᠢ᠋ ᠨᠠᠢᠳᠠᠪᠤᠷᠢᠵᠢᠭᠤᠯᠬᠤ ᠪᠡᠷ ᠪᠤᠢ᠃ ᠡᠢᠮᠦ ᠡᠴᠡ ᠪᠢ ᠳᠠᠷᠢᠶ᠎ᠠ ᠲᠦᠷᠢᠶᠡᠰᠦᠯᠡᠬᠥ ᠬᠡᠪᠴᠢᠶ᠎ᠠ ᠪᠠᠨ ᠦᠷᠭᠡᠳᠭᠡᠵᠤ᠂ ᠮᠤ᠌ ᠨᠢᠭᠡᠴᠢ ᠵᠢᠨ ᠤᠨᠠᠯᠲᠠ ᠵᠢ ᠨᠡᠮᠡᠭᠳᠡᠬᠦᠯᠦᠨ᠎ᠡ᠃ ᠡᠬᠦᠨ ᠤ᠋ ᠵᠡᠷᠬᠡ ᠪᠡᠷ ᠨᠠᠮ ᠵᠠᠰᠠᠬ ᠤ᠋ᠨ ᠬᠠᠪᠰᠤᠷᠤᠯᠭ᠎ᠠ ᠳᠡᠮᠵᠢᠯᠭᠡ ᠵᠢᠨ ᠬᠠᠷᠢᠭᠤ ᠳ᠋ᠦ ᠠᠢᠯ ᠠᠢᠮᠠᠬ ᠤ᠋ᠨ ᠨᠠᠡᠭ ᠤᠯᠠᠨ ᠶᠠᠳᠠᠭᠤ ᠬᠦᠴᠢᠷᠳᠠᠯᠳᠠᠢ ᠡᠷᠦᠭᠡ ᠵᠢ ᠬᠠᠪᠰᠤᠷᠤᠨ ᠳᠡᠳᠬᠦᠵᠦ᠂ ᠬᠠᠮᠳᠤ ᠪᠡᠷ ᠡᠷᠳᠡᠨᠢ ᠰᠢᠰᠢ ᠲᠠᠷᠢᠵᠦ ᠬᠠᠮᠳᠤ ᠪᠡᠷ ᠪᠠᠶᠠᠵᠢᠨ᠎ᠠ》 ᠬᠡᠵᠦ ᠰᠢᠤᠢ ᠬᠠᠢ ᠯᠢᠨ ᠢᠳᠡᠭᠡᠯ ᠳᠡᠬᠦᠯᠳᠡᠷ ᠶᠠᠷᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号