ᠬᠦᠰᠡᠭ᠌ᠰᠡᠨ ᠪᠤᠳᠤᠭ᠍ᠰᠠᠨ᠂ ᠵᠤᠷᠢᠭ᠍ᠰᠠᠨ ᠵᠢᠳᠬᠦᠭ᠌ᠰᠡᠨ᠂ ᠬᠢᠭ᠌ᠰᠡᠨ ᠪᠦᠳᠥᠬᠡᠭ᠌ᠰᠡᠨᠢᠶᠠᠷᠢᠶᠠᠨ ᠬᠦᠮᠥᠨ ᠤᠯᠠᠨ᠎ᠳᠠᠭᠠᠨ ᠲᠠᠨᠢᠭ᠍ᠳᠠᠨ ᠦᠨᠡᠯᠡᠭ᠌ᠳᠡᠵᠦ᠍᠂ ᠮᠠᠭᠳᠠᠬᠳᠠᠨ ᠲᠠᠭᠤᠯᠠᠭ᠍ᠳᠠᠵᠦ᠍ ᠶᠠᠪᠤᠬᠤ ᠬᠡᠭ᠌ᠴᠢ ᠬᠦᠮᠥᠨ᠎ᠤ ᠰᠠᠢᠬᠠᠨ ᠵᠢᠷᠭᠠᠯ ᠪᠠᠢᠵᠦ᠍ ᠲᠠᠭᠠᠷᠠᠨ᠎ᠠ᠃
ᠤᠷᠴᠢᠮᠬᠠᠨ ᠪᠢᠳᠡ ᠰᠢᠯᠢ ᠵᠢᠨ ᠭᠤᠤᠯ ᠠᠢᠮᠠᠭ᠎ᠤᠨ ᠱᠢᠯᠤᠭᠤᠨ ᠬᠦᠪᠡᠬᠡᠳᠦ ᠴᠠᠭᠠᠨ ᠬᠤᠱᠢᠭᠤᠨ᠎ᠤ ᠮᠢᠩᠭᠠᠳᠦ ᠪᠠᠯᠭᠠᠰᠣᠨ᠎ᠤ ᠮᠦᠸᠧ ᠯᠢᠤᠢ ᠬᠤᠸᠠ ᠴᠸᠡᠭ ᠰᠠᠭᠤᠭᠠᠯᠢ ᠠᠷᠠᠳ᠎ᠤᠨ ᠲᠤᠭᠤᠷᠢᠭ᠎ᠤᠨ ᠠᠷᠪᠠᠨ ᠨᠢᠬᠡᠨ ᠰᠠᠭᠤᠷᠢ ᠠᠰᠠᠷ᠎ᠲᠠᠢ ᠬᠤᠷᠢᠶᠠᠯᠠᠯ᠎ᠳᠤ ᠭᠤᠷᠪᠠ ᠨᠤᠮᠧᠷᠳᠦ ᠠᠰᠠᠷ᠎ᠤᠨ ᠲᠤᠤᠷ᠎ᠠ ᠵᠡᠷᠬᠡᠴᠡᠨ ᠪᠠᠢᠷᠢᠯᠠᠭ᠍ᠰᠠᠨ ᠭᠤᠷᠪᠠᠨ ᠵᠢᠵᠢᠭ ᠬᠤᠳᠠᠯᠳᠤᠭ᠎ᠠ ᠲᠡᠯᠬᠡᠬᠦᠷ᠎ᠤᠨ ᠦᠪᠡᠷ ᠦᠪᠡᠷ᠎ᠤᠨ ᠤᠷ᠎ᠠ ᠬᠦᠳᠡᠯᠮᠥᠷᠢ᠂ ᠥᠡᠭ᠌ᠬᠡ ᠠᠶᠠᠰ᠎ᠢᠶᠠᠷ᠎ᠢᠶᠠᠨ ᠠᠮᠢᠳᠤᠷᠠᠯ ᠵᠢᠡᠨ ᠦᠭᠡᠳᠡ ᠲᠠᠳᠠᠵᠤ ᠶᠠᠪᠤᠭ᠎ᠠ᠎ᠶ᠋ᠢ ᠰᠤᠷᠪᠤᠯᠵᠢᠯᠠᠭ᠍ᠰᠠᠨ ᠪᠢᠯᠡ᠃
ᠨᠤᠭᠤᠭ᠎ᠠ ᠵᠢᠮᠢᠰ᠎ᠤᠨ ᠥᠨᠥᠷ ᠰᠡᠩᠬᠢᠨᠡᠭ᠌ᠰᠡᠨ 《 ᠢᠵᠢᠯᠢ ᠵᠠᠶᠠᠭ᠎ᠠ 》 ᠲᠡᠯᠬᠡᠬᠦᠷ
— ᠡᠨᠡ ᠲᠡᠯᠬᠡᠬᠦᠷ᠎ᠤᠨ ᠨᠤᠭᠤᠭ᠎ᠠ ᠴᠠᠭ᠎ᠠ ᠬᠡᠵᠢᠶᠡᠳᠡ ᠱᠢᠨ᠎ᠡ ᠰᠤᠷᠭᠤᠭ ᠁
— ᠡᠳᠥᠷ ᠡᠳᠥᠷ᠂ ᠥᠷᠯᠥᠬᠡ ᠥᠷᠯᠥᠬᠡ ᠨᠤᠭᠤᠭ᠎ᠠ᠎ᠪᠠᠨ ᠲᠠᠯᠠᠪᠤᠷ᠎ᠠᠴᠠ᠎ᠨᠢ ᠠᠪᠴᠦ᠍ ᠤᠷᠤᠭᠤᠯᠬᠤ ᠶᠤᠮ ᠴᠢᠨᠢ᠂ ᠥᠯᠪᠡᠭ᠌ᠰᠢᠵᠦ᠍ ᠨᠠᠪᠱᠢᠢᠭ᠍ᠰᠠᠨ ᠶᠠᠭᠤᠮ᠎ᠠ ᠬᠠᠷᠠᠭ᠍ᠳᠠᠨ᠎ᠠ ᠤᠤ?
— ᠡᠳᠡᠨ᠎ᠤ ᠬᠤᠷᠱᠢᠶᠠᠨ᠎ᠤ ᠪᠠᠷᠠᠭ᠎ᠠ ᠲᠠᠸᠠᠷ᠎ᠲᠤ ᠲᠠᠷᠤᠭ᠍ᠳᠠᠵᠦ᠍ ᠬᠠᠭᠤᠴᠢᠷᠠᠭ᠍ᠰᠠᠨ ᠢᠳᠡᠭᠡᠨ ᠤᠮᠳᠠᠭᠠᠨ ᠬᠡᠵᠦ᠍ ᠦᠬᠡᠢ᠂ ᠰᠠᠨᠠᠭ᠎ᠠ ᠠᠮᠤᠷ᠃
— ᠲᠡᠷᠡ ᠲᠡᠯᠬᠡᠬᠦᠷ᠎ᠠᠴᠠ ᠶᠠᠭᠤᠮ᠎ᠠ ᠠᠪ᠂ ᠦᠨᠡᠯᠡᠵᠦ᠍ ᠦᠵᠡᠬᠦ᠌ ᠠᠵᠦ᠍ ᠦᠬᠡᠢ ᠃
᠁ ᠁
《ᠢᠵᠢᠯᠢ ᠵᠠᠶᠠᠭ᠎ᠠ》ᠲᠡᠯᠬᠡᠬᠦᠷ᠎ᠤᠨ ᠲᠤᠬᠠᠢ ᠬᠦᠮᠥᠰ᠎ᠤᠨ ᠶᠠᠷᠢᠶ᠎ᠠ᠂ ᠬᠡᠷᠡᠭ᠌ᠯᠡᠭ᠌ᠴᠢᠳ᠎ᠤᠨ ᠵᠤᠭᠤᠭ᠃
《ᠢᠵᠢᠯᠢ ᠵᠠᠶᠠᠭ᠎ᠠ》ᠲᠡᠯᠬᠡᠬᠦᠷ᠎ᠲᠤ ᠤᠷᠤᠪᠠᠯ ᠪᠠᠷᠠᠭᠤᠨ ᠬᠠᠭᠠᠰ ᠲᠠᠰᠤᠯᠭ᠎ᠠ᠎ᠠᠴᠠ ᠰᠢᠨ᠎ᠡ ᠰᠤᠷᠭᠤᠭ ᠨᠤᠭᠤᠭ᠎ᠠ ᠵᠢᠮᠢᠰ᠂ ᠰᠠᠭ᠍ᠰᠦᠲᠠᠢ᠂ ᠰᠦᠯᠢᠶᠤᠤ᠎ᠲᠠᠢ ᠲᠠᠬᠢᠶᠠᠨ ᠥᠨᠳᠡᠭᠡ ᠲᠠᠭᠠᠷᠴᠤᠭ᠍ᠯᠠᠵᠦ᠍ ᠲᠡᠬᠦᠵᠢᠯᠡᠭ᠌ᠰᠡᠨ᠂ ᠲᠤᠮᠳᠠ ᠬᠠᠪᠢ᠎ᠪᠠᠷ᠎ᠨᠢ ᠰᠦ ᠱᠢᠬᠢᠷ᠂ ᠪᠤᠤᠪᠤ ᠪᠤᠭᠤᠷᠰᠤᠭ᠂ ᠠᠷᠢᠬᠢ ᠲᠠᠮᠠᠬᠢ᠂ ᠭᠤᠯᠢᠷ ᠪᠤᠳᠠᠭ᠎ᠠ᠂ ᠴᠠᠢ ᠲᠠᠪᠤᠰᠦ ᠪᠤᠭ᠍ᠴᠤᠯᠠᠵᠦ᠍ ᠪᠠᠷᠢᠭ᠍ᠰᠠᠨ᠂ᠵᠡᠬᠦᠨ ᠲᠠᠯ᠎ᠠ᠎ᠪᠠᠷ᠎ᠨᠢ ᠵᠠᠬᠢᠶᠠᠯᠠᠭ᠎ᠠ ᠭᠤᠪᠢᠭᠤᠯᠭ᠎ᠠ ᠲᠡᠪᠡᠷᠢᠵᠦ᠍ ᠰᠤᠭᠤᠪᠴᠢᠯᠠᠭ᠍ᠰᠠᠳ ᠠᠯᠬᠤᠮ ᠵᠠᠢ᠎ᠪᠠᠨ ᠠᠩᠬᠠᠷᠤᠨ ᠦᠵᠡᠵᠦ᠍᠂ ᠬᠢᠰᠭᠢᠵᠦ᠍ ᠱᠦᠷᠬᠦᠬᠡᠬᠦ᠌ᠠᠴᠠ ᠬᠢᠴᠢᠶᠡᠨ ᠵᠦᠷᠢᠨᠡ᠃
ᠰᠠᠴᠤᠷᠠ《ᠢᠵᠢᠯᠢ ᠵᠠᠶᠠᠭ᠎ᠠ》ᠲᠡᠯᠬᠡᠬᠦᠷ᠎ᠤᠨ ᠡᠵᠡᠨᠳᠡᠨ᠃ ᠮᠢᠩᠭᠠᠳᠦ ᠨᠤᠳᠤᠭ᠎ᠲᠠᠢ᠃ 2019 ᠤᠨ᠎ᠳᠤ ᠶᠡᠭᠡ ᠰᠤᠷᠭᠠᠭᠤᠯᠢ᠎ᠪᠠᠨ ᠲᠡᠬᠦᠰᠴᠦ᠍ ᠬᠡᠷ ᠨᠤᠳᠤᠭ᠎ᠲᠠᠭᠠᠨ ᠢᠷᠡᠵᠦ᠍ ᠬᠦᠳᠡᠭᠡ᠎ᠶ᠋ᠢᠨ ᠪᠤᠷᠤ ᠠᠵᠢᠯ᠎ᠳᠤ ᠪᠠᠭ᠎ᠠ ᠰᠠᠭ᠎ᠠ ᠶᠠᠭᠠᠷᠠᠵᠦ᠍ ᠵᠦᠳᠡᠷᠡᠭ᠌ᠰᠡᠨ ᠴᠦ᠍ ᠬᠦᠳᠡᠭᠡ ᠨᠤᠳᠤᠭ᠎ᠤᠨ ᠬᠦᠳᠡᠯᠮᠥᠷᠢ ᠠᠵᠢᠯ᠂ ᠠᠬᠤᠢ ᠠᠮᠢᠳᠤᠷᠠᠯ᠎ᠳᠤ ᠨᠠᠷᠢᠨ ᠠᠵᠢᠭ᠍ᠯᠠᠯᠳᠠ ᠬᠢᠵᠦ᠍᠂ ᠬᠤᠯᠠ ᠵᠢᠨ ᠬᠠᠷᠠᠴᠠ ᠬᠦᠨᠳᠦ ᠪᠤᠳᠤᠯ ᠡᠪᠥᠷᠯᠡᠨ 2022 ᠤᠨ᠎ᠳᠤ ᠨᠢᠬᠡ ᠪᠦᠯᠥᠭ ᠪᠡᠯᠡ ᠵᠠᠷᠤᠴᠠᠭᠤᠯᠵᠦ᠍᠂ ᠬᠤᠱᠢᠭᠤᠨ ᠲᠦᠪ ᠮᠢᠩᠭᠠᠳᠦ ᠪᠠᠯᠭᠠᠰᠤᠨ᠎ᠳᠤ ᠢᠷᠡᠵᠦ᠍ ᠬᠦᠮᠤᠰ᠎ᠤᠨ ᠡᠳᠥᠷ ᠲᠤᠳᠤᠮ᠎ᠤᠨ ᠵᠠᠷᠤᠳᠠᠯ ᠬᠡᠷᠡᠭ᠌ᠰᠡᠯ᠂ ᠢᠳᠡᠭᠡᠨ ᠤᠮᠳᠠᠭᠠᠨ᠎ᠢᠶᠠᠷ ᠭᠤᠤᠯᠳᠠᠭᠤᠯᠤᠭ᠍ᠰᠠᠨ《ᠢᠵᠢᠯᠢ ᠵᠠᠶᠠᠭ᠎ᠠ ᠲᠡᠯᠬᠡᠬᠦᠷ》 ᠡᠷᠬᠢᠯᠡᠭ᠌ᠰᠡᠨ ᠪᠠᠢᠯ᠎ᠠ᠃
ᠲᠡᠷᠡ ᠡᠩ ᠲᠡᠷᠢᠬᠦᠨ᠎ᠳᠤ ᠦᠨᠡᠨᠴᠢ ᠢᠳᠡᠬᠡᠮᠵᠢᠳᠠᠢ ᠦᠢᠯᠡᠴᠢᠯᠡᠭᠡ ᠪᠠ ᠦᠨ᠎ᠡ ᠬᠠᠨᠭ᠌ᠰᠢ᠎ᠪᠠᠨ ᠲᠤᠭ᠍ᠳᠠᠪᠤᠷᠢᠳᠠᠢ ᠪᠠᠢᠯᠭᠠᠬᠤ᠎ᠶ᠋ᠢ ᠤᠨᠴᠠ ᠡᠷᠬᠢᠮᠯᠡᠵᠦ᠍᠂ ᠲᠡᠯᠬᠡᠬᠦᠷ᠎ᠤᠨ᠎ᠢᠶᠠᠨ ᠲᠠᠸᠠᠷ᠎ᠢ ᠬᠡᠵᠢᠶᠡᠳᠡ ᠱᠢᠨ᠎ᠡ ᠰᠤᠷᠭᠤᠭ ᠪᠠᠢᠯᠭᠠᠬᠤ᠎ᠶ᠋ᠢ ᠪᠠᠳᠤᠯᠠᠵᠦ᠍᠂ ᠡᠳᠥᠷ᠎ᠤᠨ ᠠᠵᠢᠯ᠎ᠢᠶᠠᠨ ᠦᠳᠡᠰᠢ᠎ᠨᠢ ᠳ᠋ᠦᠡᠭ᠌ᠨᠡᠨ᠂ ᠠᠷᠭ᠎ᠠ ᠲᠤᠷᠱᠢᠯᠭ᠎ᠠ ᠬᠤᠷᠠᠮᠳᠤᠭᠤᠯᠬᠤ᠎ᠶ᠋ᠢᠨ ᠲᠠᠭᠠᠤ ᠦᠢ ᠤᠯᠠᠨ᠎ᠤ ᠬᠡᠷᠡᠭ᠌ᠴᠡᠭᠡ ᠱᠠᠭᠠᠷᠳᠠᠯᠭ᠎ᠠ᠎ᠳᠤ ᠵᠤᠬᠢᠴᠠᠭ᠍ᠰᠠᠨ ᠡᠵᠡᠩᠨᠡᠯᠳᠡ ᠬᠢᠬᠦ᠌᠎ᠶ᠋ᠢ ᠪᠠᠷᠢᠮᠳᠠᠯᠠᠵᠦ᠍ ᠢᠷᠡᠭ᠌ᠰᠡᠨ᠎ᠠᠴᠠ ᠠᠷᠠᠯᠵᠢᠶ᠎ᠠ ᠮᠠᠢᠮᠠᠢ᠂ ᠠᠵᠢᠯ ᠦᠢᠯᠡᠰ᠎ᠨᠢ ᠥᠬᠡᠳᠡ᠎ᠪᠠᠨ ᠪᠤᠯᠵᠤ᠂ ᠠᠱᠢᠭ ᠤᠷᠤᠯᠭ᠎ᠠ᠎ᠨᠢ ᠡᠳᠥᠷ᠎ᠠᠴᠠ ᠡᠳᠥᠷ ᠨᠡᠮᠡᠭ᠌ᠳᠡᠬᠡᠳ᠂ ᠡᠳᠥᠷ᠎ᠤᠨ 300 — 400 ᠲᠦᠬᠦᠷᠢᠭ᠎ᠤᠨ ᠤᠷᠤᠯᠭ᠎ᠠ ᠤᠯᠬᠤ ᠪᠤᠯᠤᠭ᠍ᠰᠠᠨ ᠪᠠᠢᠨ᠎ᠠ᠃
— 《ᠪᠤᠳᠤᠵᠦ᠍ ᠴᠢᠳᠠᠭᠠᠳ ᠠᠵᠢᠯᠯᠠᠵᠦ᠍ ᠴᠢᠳᠠᠪᠠᠯ ᠠᠮᠢᠳᠤᠷᠠᠯ ᠦᠢᠯᠡᠰ ᠥᠬᠡᠳᠡ᠎ᠪᠠᠨ》 ᠪᠠᠢᠳᠠᠭ ᠃
— ᠲᠡᠢᠮᠤ ᠯᠠ ᠶᠤᠰᠤᠳᠠᠢ ᠪᠠᠢᠳᠠᠭ᠎ᠢ ᠦᠢᠯᠡᠳᠥᠯᠬᠡ ᠬᠡᠷᠡᠴᠢᠯᠡᠭ᠌ᠰᠡᠨ ᠪᠠᠢᠬᠤ ᠦᠬᠡᠢ ᠤᠤ?
—《 ᠲᠡᠢᠮᠤ ᠪᠠᠢᠵᠠᠢ᠃ ᠪᠤᠳᠤᠵᠦ᠍ ᠰᠠᠨᠠᠵᠦ᠍᠂ ᠬᠢᠵᠦ᠍ ᠡᠷᠬᠢᠯᠡᠭ᠌ᠰᠡᠨ ᠠᠵᠢᠯ ᠦᠢᠯᠡᠰ ᠮᠢᠨᠢ ᠶᠤᠰᠤᠳᠠᠢ ᠨᠢᠬᠡ ᠰᠠᠨᠠᠭᠰᠠᠨ ᠵᠢᠡᠷ ᠪᠤᠯᠵᠤ᠂ ᠡᠬᠦᠳᠡ᠎ᠪᠠᠨ ᠨᠡᠬᠡᠬᠡᠵᠦ᠍ ᠡᠷᠥᠬᠡ᠎ᠪᠠᠨ ᠰᠡᠬᠦᠭ᠌ᠰᠡᠨ ᠡᠳᠥᠷ᠎ᠠᠴᠠ ᠥᠬᠡᠳᠡ ᠲᠠᠢ ᠪᠠᠢᠵᠦ᠍᠂ ᠬᠦᠯᠥᠰᠥᠨ ᠲᠤᠰᠤᠯ ᠬᠦᠳᠡᠯᠮᠥᠷᠢ᠎ᠶ᠋ᠢᠨ ᠬᠠᠷᠢᠭᠤ᠎ᠳᠤ ᠪᠤᠳᠤᠯ ᠬᠦᠰᠡᠯ᠎ᠢ ᠮᠢᠨᠢ ᠲᠡᠷᠬᠡᠯᠱᠢᠬᠦᠯᠵᠦ᠍ ᠢᠷᠡᠯ᠎ᠡ ᠁》 ᠬᠡᠵᠦ᠍ ᠰᠠᠴᠤᠷᠠ ᠪᠠᠶᠠᠷᠳᠠᠢ ᠶᠠᠷᠢᠨ᠎ᠠ᠃
ᠪᠤᠷᠠᠮ᠎ᠲᠠᠢ ᠪᠤᠤᠪᠤ ᠠᠮᠳᠠᠯᠠᠭ᠍ᠳᠠᠭ᠍ᠰᠠᠨ 《 ᠤᠶᠤᠨᠬᠡᠷᠡᠯ ᠢᠳᠡᠭᠡᠨ ᠤ ᠥᠷᠥᠬᠡ 》
ᠬᠦᠮᠥᠨ ᠶᠡᠷᠥ ᠨᠢ ᠬᠡᠵᠢᠶ᠎ᠡ ᠬᠠᠮᠢᠭ᠎ᠠ ᠴᠦ᠍ ᠬᠡᠰᠡᠨ ᠦᠬᠡᠢ ᠬᠦᠰᠡᠯ ᠪᠤᠳᠤᠯ᠂ ᠬᠦᠳᠡᠯᠮᠥᠷᠢ ᠬᠦᠯᠥᠰᠦᠪᠠᠷᠢᠶᠠᠨ ᠯᠠ ᠠᠵᠢᠯᠯᠠᠵᠦ᠍ ᠠᠮᠢᠳᠤᠷᠠᠬᠤ ᠤᠴᠢᠷᠳᠠᠢ᠃
《ᠨᠢᠬᠡ ᠯᠠ ᠠᠮᠠ᠎ᠪᠠᠷ ᠴᠠᠳᠳᠠᠭ ᠬᠦᠮᠥᠨ ᠬᠡᠵᠦ᠍ ᠬᠠᠮᠢᠭ᠎ᠠ ᠪᠠᠢᠬᠤᠪ ᠃ ᠠᠯᠬᠤᠮ ᠠᠯᠬᠤᠮ᠎ᠢᠶᠠᠷ ᠮᠠᠴᠤᠭ᠍ᠰᠠᠭᠠᠷ ᠢᠷᠡᠯ᠎ᠡ᠃ ᠶᠠᠭᠤ ᠪᠤᠯᠤᠭ᠍ᠰᠠᠨ ᠴᠦ᠍ ᠠᠩᠬ᠎ᠠ ᠢᠷᠡᠭ᠌ᠰᠡᠨ᠎ᠢᠶᠠᠨ ᠪᠤᠳᠤᠪᠠᠯ ᠡᠪ ᠲᠡᠮ᠎ᠲᠠᠢ ᠪᠤᠯᠵᠦ᠍ ᠠᠵᠦ᠍ ᠠᠮᠢᠳᠤᠷᠠᠯ ᠮᠢᠨᠢ ᠦᠭᠡᠳᠡᠯᠡᠵᠤ ᠂ᠦᠷ᠎ᠠ ᠬᠡᠤᠬᠡᠳ᠎ᠢᠶᠠᠨ ᠬᠡᠷᠯᠡᠬᠦᠯᠥᠨ ᠲᠦᠪᠬᠢᠨᠡᠬᠦᠯᠵᠦ᠍᠂ ᠬᠦᠮᠥᠨ ᠤᠯᠠᠨ᠎ᠤ᠎ᠪᠠᠨ ᠲᠤᠮᠳᠠ ᠴᠠᠭ᠎ᠤᠨ ᠰᠠᠢᠬᠠᠨ᠎ᠳᠤ ᠤᠬᠠᠭᠠᠨ᠎ᠤ ᠪᠠᠢᠴᠠᠪᠠᠷᠢᠶᠠᠨ ᠴᠢᠨᠡᠬᠡᠯᠢᠭ ᠠᠮᠢᠳᠤᠷᠠᠯ᠎ᠢ ᠴᠤᠭ᠍ᠴᠠᠯᠠᠨ ᠪᠠᠢᠭᠤᠯᠵᠦ᠍᠂ ᠴᠠᠭ ᠦᠶ᠎ᠡ᠎ᠲᠠᠢ᠎ᠪᠠᠨ ᠵᠡᠷᠬᠡᠴᠡᠵᠦ᠍ ᠶᠠᠪᠤᠨ᠎ᠠ ᠁》 ᠬᠡᠵᠦ᠍ ᠬᠤᠳᠠ ᠤᠷᠤᠵᠦ᠍ ᠠᠵᠢᠯᠯᠠᠵᠦ᠍ ᠠᠮᠢᠳᠤᠷᠠᠵᠦ᠍ ᠶᠠᠪᠤᠭ᠎ᠠ ᠪᠤᠯᠠᠭᠠᠨᠳᠤᠬᠤᠢ ᠰᠤᠮᠤᠨ᠎ᠤ ᠬᠠᠱᠢᠶ᠎ᠠ᠎ᠳᠦ ᠭᠠᠴᠠᠭᠠᠨ᠎ᠤ ᠮᠠᠯᠴᠢᠨ ᠪᠦᠰᠡᠬᠦᠢ ᠤᠶᠤᠨᠴᠢᠮᠡᠭ ᠰᠤᠷᠪᠤᠯᠵᠢᠯᠠᠭ᠎ᠠ ᠬᠦᠯᠢᠶᠡᠬᠦ᠌᠎ᠳᠡᠭᠡᠨ ᠶᠠᠷᠢᠭ᠍ᠰᠠᠨ ᠪᠢᠯᠡ᠃
ᠲᠡᠢᠮᠦ᠍ ᠡ᠂ ᠤᠬᠠᠭ᠎ᠠ ᠲᠠᠮᠢᠷ᠎ᠢᠶᠠᠨ ᠲᠦᠱᠢᠨ ᠪᠤᠷᠪᠢ ᠪᠤᠭᠢᠰᠭᠢᠯ ᠦᠬᠡᠢ ᠵᠢᠳᠭᠦᠭᠴᠢᠳ ᠬᠡᠵᠢᠶᠡᠳᠡ ᠬᠦᠯᠥᠰᠦ ᠬᠦᠳᠡᠯᠮᠥᠷᠢᠶ᠋ᠢᠨᠢᠶᠠᠨ ᠠᠴᠢ ᠬᠠᠷᠢᠭᠤᠯᠳᠠ᠎ᠶ᠋ᠢ ᠬᠦᠯᠢᠶᠡᠬᠦ᠌᠎ᠳᠡᠭᠡᠨ ᠲᠠᠭᠠᠷᠠᠨ᠎ᠠ᠃
ᠠᠷᠪᠠ ᠭᠠᠷᠤᠢ ᠵᠢᠯ᠎ᠤᠨ ᠡᠮᠥᠨ᠎ᠡ᠂ ᠠᠮᠢ ᠠᠬᠤᠢ ᠮᠠᠭᠤᠳᠠᠵᠦ᠍᠂ ᠦᠢᠯᠡᠳᠪᠤᠷᠢᠯᠠᠯ᠎ᠤᠨ ᠨᠦᠬᠦᠴᠡᠯ᠎ᠢᠶᠠᠨ ᠠᠯᠳᠠᠭ᠍ᠰᠠᠨ ᠪᠠ ᠠᠢᠯ ᠬᠡᠷ᠎ᠤᠨ ᠠᠵᠦ᠍ ᠠᠮᠢᠳᠤᠷᠠᠯ᠎ᠤᠨ ᠬᠦᠴᠢᠷᠳᠡᠯ᠎ᠳᠦ ᠪᠠᠢᠳᠠᠯ᠎ᠠᠴᠠ ᠪᠤᠯᠵᠤ ᠤᠶᠤᠨᠴᠢᠮᠡᠭ ᠠᠬ᠎ᠠ ᠲᠡᠬᠦᠦ ᠲᠦᠷᠤᠯ ᠰᠠᠳᠤᠨ᠎ᠤ᠎ᠪᠠᠨ ᠲᠠᠨᠢᠯᠴᠠᠭᠤᠯᠭ᠎ᠠ ᠲᠡᠮᠵᠢᠯᠬᠡ᠎ᠪᠠᠷ ᠬᠤᠱᠢᠭᠤᠨ ᠲᠦᠪ᠎ᠲᠤ ᠢᠷᠡᠵᠦ᠍᠂ ᠬᠤᠭᠤᠯᠠᠨ ᠬᠡᠷ᠂ ᠬᠡᠪᠯᠡᠯ᠎ᠤᠨ ᠦᠢᠯᠡᠳᠪᠤᠷᠢ᠎ᠪᠠᠷ ᠦᠢᠯᠡᠴᠢᠯᠡᠭ᠌ᠴᠢ ᠠᠵᠢᠯᠳᠠᠨ ᠪᠤᠯᠵᠦ᠍ ᠠᠵᠢᠯ ᠬᠢᠳᠡᠯ᠎ᠳᠡᠭᠡᠨ ᠵᠦᠳᠡᠷᠡᠨ ᠵᠤᠷᠢᠭ᠍ᠵᠢᠵᠦ᠍᠂ ᠠᠷᠠᠯᠵᠢᠶ᠎ᠠ ᠮᠠᠢᠮᠠᠢ᠎ᠳᠤ ᠤᠬᠠᠭᠠᠨ ᠰᠤᠷᠢᠵᠦ᠍᠂ ᠡᠳᠥᠷ ᠬᠤᠨᠤᠭ᠎ᠤᠨ ᠡᠬᠡᠯᠵᠢᠯᠠᠯᠳᠤ ᠥᠪᠡᠰᠥᠪᠡᠨ ᠦᠢᠯᠡᠰ ᠪᠤᠰᠭᠠᠶᠠ ᠬᠡᠰᠡᠨ ᠪᠤᠳᠤᠯ ᠤᠷᠤᠵᠠᠢ᠃ 2022 ᠤᠨ᠎ᠳᠤ ᠤᠶᠤᠨᠴᠢᠮᠡᠭ ᠡᠳᠥᠷ ᠰᠦᠨᠢ᠎ᠶ᠋ᠢᠨ ᠪᠤᠳᠤᠯ ᠵᠡᠬᠦᠳᠥᠨ᠎ᠳᠠᠬᠢ ᠲᠦᠰᠥᠪ ᠲᠦᠯᠥᠪᠯᠡᠭᠡᠪᠠᠷᠢᠶᠠᠨ 2 ᠲᠦᠮᠡ ᠭᠠᠷᠤᠢ ᠲᠦᠬᠦᠷᠢᠭ᠎ᠤᠨ ᠪᠡᠯᠡ ᠮᠦᠡᠭ᠌ᠬᠦ ᠵᠠᠷᠤᠴᠠᠭᠤᠯᠤᠨ᠂ ᠲᠠᠰᠤᠯᠭ᠎ᠠ ᠬᠠᠭᠠᠰ ᠬᠡᠷ ᠲᠦᠷᠢᠶᠠᠰᠥᠯᠡᠵᠦ᠍᠂ ᠡᠳ᠋ᠯᠡᠯ ᠬᠡᠷᠡᠭ᠌ᠰᠡᠯ ᠲᠦᠬᠦᠬᠡᠷᠴᠦ᠍᠂ ᠮᠦᠸᠧ ᠯᠢᠤᠢ ᠬᠤᠸᠠ ᠴᠸᠡᠭ ᠰᠠᠭᠤᠭᠠᠯᠢ ᠠᠷᠠᠳ᠎ᠤᠨ ᠲᠤᠭᠤᠷᠢᠭ᠎ᠲᠤ 《ᠤᠶᠤᠨᠬᠡᠷᠡᠯ ᠢᠳᠡᠭᠡᠨ ᠪ ᠥᠷᠥᠬᠡ》 ᠪᠡᠨ ᠨᠡᠬᠡᠬᠡᠵᠦ᠍᠂ ᠪᠤᠷᠠᠮ᠎ᠲᠠᠢ ᠪᠤᠤᠪᠤ᠂ ᠪᠤᠤᠽᠢ ᠮᠠᠨᠲᠸᠤ᠂ ᠬᠠᠭᠠᠷᠢᠭ᠍ᠰᠠᠨ ᠪᠤᠤᠪᠤ ᠬᠢᠵᠦ᠍ ᠬᠤᠳᠠᠯᠳᠤᠵᠦ᠍ ᠠᠵᠢᠯ ᠦᠢᠯᠡᠰ᠎ᠤᠨ ᠠᠩᠬᠠᠨ᠎ᠤ ᠵᠠᠮ᠎ᠢᠶᠠᠨ ᠡᠬᠢᠯᠡᠬᠦᠯᠥᠯᠡ᠃ ᠲᠡᠬᠡᠬᠡᠳ ᠡᠳᠥᠷ᠎ᠤᠨ ᠠᠵᠢᠯ᠎ᠢ ᠴᠠᠭ ᠲᠠᠢ ᠤᠷᠤᠯᠳᠤᠨ᠂ ᠰᠦᠨᠢ ᠵᠢᠨ ᠠᠵᠢᠯ ᠲᠠᠢ ᠦᠷᠬᠦᠯᠵᠢᠯᠠᠵᠤ 《ᠪᠤᠷᠠᠮ᠎ᠲᠠᠢ ᠪᠤᠤᠪᠤ》᠎ᠪᠠᠨ ᠬᠠᠭᠠᠷᠢᠨ ᠬᠤᠳᠠᠯᠳᠤᠵᠦ᠍᠂ ᠪᠠᠭ᠎ᠠ ᠦᠳᠡ ᠤᠢᠷᠠᠳᠴᠦ᠍《ᠪᠤᠤᠽᠢ》᠂ 《ᠰᠢᠷ᠎ᠠ ᠲᠤᠰ᠎ᠤᠨ ᠤᠷᠢᠶᠠᠮᠠᠭ》ᠵᠢᠡᠨ ᠨᠠᠢᠷᠠᠭᠤᠯᠵᠦ᠍ ᠨᠤᠬᠤᠨ ᠪᠤᠷᠤᠯᠠᠭᠤᠯᠵᠦ᠍᠂ 《ᠤᠨᠠᠭ᠍ᠰᠠᠨ ᠮᠠᠯᠠᠭᠠᠢ᠎ᠪᠠᠨ ᠠᠪᠬᠤ ᠵᠠᠪ ᠦᠬᠡᠢ》 ᠶᠠᠭᠠᠷᠠᠵᠦ᠍ ᠵᠦᠳᠡᠷᠡᠬᠦ᠌ᠳᠤ ᠵᠦᠳᠡᠷᠡᠯ᠎ᠤᠨ ᠴᠠᠭᠠᠨᠠᠬᠢ ᠬᠦᠯᠥᠰᠦ ᠮᠦᠡᠭ᠌ᠬᠦ᠎ᠨᠢ ᠴᠦ᠍ ᠡᠳᠥᠷ᠎ᠲᠤ 80 — 100 ᠲᠦᠬᠦᠷᠢᠭ ᠬᠠᠷᠮᠠᠯᠠᠬᠤ ᠪᠤᠯᠵᠠᠢ᠃ ᠡᠨᠡ ᠬᠦ᠌ ᠰᠠᠭᠤᠷᠢᠨ ᠲᠡᠬᠡᠷ᠎ᠡ᠎ᠪᠠᠨ ᠬᠦᠮᠥᠰ᠎ᠤᠨ ᠬᠡᠷᠡᠭ᠌ᠴᠡᠭᠡ ᠱᠠᠭᠠᠷᠳᠠᠯᠭ᠎ᠠ᠎ᠶ᠋ᠢᠨ ᠪᠠᠢᠳᠠᠯ᠎ᠢ ᠦᠨᠳᠥᠰᠥᠯᠡᠵᠦ᠍᠂ ᠬᠦᠳᠡᠭᠡ᠎ᠶ᠋ᠢᠨ ᠴᠠᠭᠠᠨ ᠢᠳᠡᠭᠡ ᠤᠷᠤᠭᠤᠯᠤᠨ ᠬᠤᠳᠠᠯᠳᠤᠬᠤ᠂ ᠲᠦᠬᠦᠮ ᠲᠦᠷᠬᠡᠨ 《ᠮᠢᠶᠠᠨᠲ᠋ᠢᠶᠤᠤᠷ》᠂ 《ᠬᠠᠭᠤᠷᠤᠯᠭ᠎ᠠ》 ᠬᠢᠭᠦ ᠠᠵᠢᠯ ᠨᠡᠮᠡᠪᠡ᠃
— ᠭᠤᠷᠪᠠᠨ ᠠᠶᠠᠭ᠎ᠠ《ᠮᠢᠶᠠᠨᠲ᠋ᠢᠶᠤᠤᠷ》 ᠬᠢᠯᠬᠡᠶᠡ᠂ 《11᠄ 30》 ᠥᠡᠭ᠌ᠬᠡᠷᠡᠵᠦ᠍ ᠤᠴᠢᠨ᠎ᠠ᠃
— ᠬᠤᠨᠢᠨ ᠮᠢᠬ᠎ᠠ᠂ ᠲᠦᠮᠥᠰᠥᠨ ᠬᠠᠭᠤᠷᠤᠯᠭ᠎ᠠ ᠨᠢᠬᠡ ᠨᠢᠬᠡ ᠫᠢᠯᠠ᠂ ᠰᠢᠷ᠎ᠠ ᠲᠤᠰ᠎ᠤᠨ ᠤᠷᠢᠶᠠᠮᠠᠭ ᠨᠢᠬᠡ ᠵᠢᠩ ᠁ ᠡᠮᠨᠡᠯᠬᠡ᠎ᠶ᠋ᠢᠨ ᠬᠤᠷᠢᠶ᠎ᠠ᠎ᠳᠤ ᠡᠮᠨᠡᠬᠦᠯᠵᠦ᠍ ᠰᠠᠭᠤᠭ᠎ᠠ ᠬᠦᠮᠥᠰ᠎ᠤᠨ ᠵᠠᠬᠢᠶᠠᠯᠠᠭ᠎ᠠ᠃
— ᠮᠠᠷᠭᠠᠰᠢ ᠥᠷᠯᠥᠬᠡᠨᠤ ᠴᠠᠢ ᠲᠡᠬᠡᠷ᠎ᠡ 5 ᠵᠢᠩ ᠬᠠᠭᠠᠷᠢᠭ᠍ᠰᠠᠨ ᠪᠤᠤᠪᠤ᠂ 10 ᠵᠢᠩ ᠪᠤᠤᠽᠢ ᠬᠢᠯᠬᠡᠵᠦ᠍ ᠠᠪᠤᠶ᠎ᠠ᠃
— ᠮᠦᠸᠧ ᠯᠢᠤᠢ ᠬᠤᠸᠠ ᠴᠸᠡᠭ ᠰᠠᠭᠤᠭᠠᠯᠢ ᠠᠷᠠᠳ᠎ᠤᠨ ᠳᠤᠭᠤᠷᠢᠬ ᠲᠤ᠌ ᠰᠠᠭᠤᠭ᠎ᠠ ᠰᠠᠳᠤᠨ᠎ᠤ᠎ᠳᠠᠭᠠᠨ ᠠᠢᠯᠴᠢᠯᠠᠬᠤ᠎ᠪᠠᠷ ᠢᠷᠡᠭ᠌ᠰᠡᠨ ᠰᠦᠨᠢᠳ ᠨᠤᠳᠤᠭ᠎ᠤᠨ ᠨᠢᠬᠡ ᠵᠤᠴᠢᠨ ᠱᠢᠷ᠎ᠠ ᠲᠤᠰ᠎ᠤᠨ᠎ᠳᠤ ᠬᠠᠭᠠᠷᠢᠭᠰᠠᠨ《ᠪᠤᠷᠠᠮ᠎ᠲᠠᠢ ᠪᠤᠤᠪᠤ》 ᠶ᠋ᠢ ᠰᠠᠳᠤᠨ᠎ᠤ᠎ᠳᠠᠭᠠᠨ ᠢᠳᠡᠭ᠌ᠰᠡᠨ᠎ᠢᠶᠠᠨ ᠪᠤᠴᠠᠬᠤ᠎ᠶ᠋ᠢᠨ ᠦᠶ᠎ᠡ᠎ᠳᠤ 《ᠤᠶᠤᠨᠬᠡᠷᠡᠯ ᠢᠳᠡᠭᠡᠨ ᠲᠡᠯᠬᠡᠬᠦᠷ》 ᠲᠤ᠌ ᠢᠷᠡᠵᠦ᠍᠂ 100 《ᠪᠤᠷᠠᠮ᠎ᠲᠠᠢ ᠪᠤᠤᠪᠤ》ᠬᠢᠯᠬᠡᠨ ᠠᠪᠴᠦ᠍ ᠶᠠᠪᠤᠵᠠᠢ᠃
ᠢᠳᠡᠬᠡᠯ ᠦᠢᠯᠡᠴᠢᠯᠡᠭᠡ᠂ ᠤᠨᠴᠠᠯᠢᠭ ᠮᠡᠷᠬᠡᠵᠢᠯ᠂ ᠦᠨᠥᠷ ᠠᠮᠳᠠ᠎ᠶ᠋ᠢᠨ ᠦᠨᠡᠨ ᠰᠠᠢᠬᠠᠨ᠎ᠢᠶᠠᠷ᠎ᠢᠶᠠᠨ ᠬᠢᠭ᠌ᠰᠡᠨ ᠢᠳᠡᠭᠡᠨ ᠤᠮᠳᠠᠭᠠᠨ᠎ᠨᠢ ᠬᠦᠮᠥᠨ ᠤᠯᠠᠨ᠎ᠳᠤ ᠦᠨᠡᠯᠡᠭ᠌ᠳᠡᠨ ᠲᠠᠭᠠᠯᠠᠭ᠍ᠳᠠᠵᠦ᠍᠂ ᠬᠦᠯᠥᠰᠦ ᠬᠦᠳᠡᠯᠮᠥᠷᠢ᠎ᠶ᠋ᠢᠨ ᠬᠠᠷᠢᠭᠤ ᠳ᠋ᠤ ᠥᠨᠥ᠍ ᠡᠳᠥᠷ ᠪᠦᠷᠢ᠎ᠶ᠋ᠢᠨ ᠴᠡᠪᠡᠷ ᠤᠷᠤᠯᠭ᠎ᠠ᠎ᠨᠢ ᠲᠡᠭ᠌ᠰᠢᠳᠭᠡᠬᠡᠳ 300 ᠭᠠᠷᠤᠢ ᠲᠦᠬᠦᠷᠢᠭ᠎ᠲᠤ ᠬᠦᠷᠴᠦ᠍ ᠪᠠᠢᠨ᠎ᠠ᠃
— ᠪᠤᠳᠤᠵᠦ᠍ ᠤᠯᠤᠭᠠᠳ ᠬᠢᠵᠦ᠍ ᠴᠢᠳᠠᠪᠠᠯ ᠪᠠᠶᠠᠯᠢᠭ ᠴᠢᠨᠡᠬᠡᠯᠢᠭ ᠠᠮᠢᠳᠤᠷᠠᠯ᠎ᠢ ᠬᠡᠨ ᠴᠦ᠍ ᠡᠳ᠋ᠯᠡᠵᠦ᠍ ᠲᠡᠢᠯᠥᠨᠡ᠃
— ᠲᠡᠢᠮᠤ ᠦᠬᠡᠢ ᠶᠠᠭᠠᠬᠢᠬᠤᠪ᠃
ᠶᠡᠷᠥ ᠨᠢ ᠤᠬᠠᠭ᠎ᠠ ᠬᠦᠳᠡᠯᠮᠥᠷᠢ᠎ᠳᠤ ᠲᠦᠱᠢᠵᠦ᠍ ᠠᠮᠢᠳᠤᠷᠠᠯ ᠥᠬᠡᠳᠡ᠎ᠪᠠᠨ ᠪᠤᠯᠳᠠᠭ᠎ᠤᠨ ᠤᠴᠢᠷ ᠬᠦᠳᠡᠭᠡ᠎ᠶ᠋ᠢᠨ ᠪᠤᠷᠤ ᠪᠦᠰᠡᠬᠦᠢ ᠤᠶᠤᠨᠴᠢᠮᠡᠭ ᠬᠦᠡᠭ᠌ᠬᠡᠨ ᠤᠬᠠᠭᠠᠨ ᠬᠦᠳᠡᠯᠮᠥᠷᠢ ᠴᠢᠷᠮᠠᠢᠯᠭ᠎ᠠ᠎ᠪᠠᠷ᠎ᠢᠶᠠᠨ ᠬᠤᠳᠠ ᠤᠷᠤᠵᠦ᠍ ᠠᠷᠠᠯᠵᠢᠶ᠎ᠠ ᠮᠠᠢᠮᠠᠢ᠎ᠶ᠋ᠢᠨ ᠠᠯᠬᠤᠮ᠎ᠢᠶᠠᠨ ᠯᠠᠪᠳᠠᠭᠤᠨ ᠠᠯᠬᠤᠵᠦ᠍᠂ ᠡᠬᠡᠯ ᠵᠢᠷ᠎ᠤᠨ ᠮᠠᠯᠴᠢᠨ᠎ᠤ ᠬᠤᠳᠠ᠎ᠳᠤ ᠤᠷᠤᠵᠦ᠍ ᠬᠦᠯᠵᠢᠬᠦ᠌ ᠠᠮᠢᠳᠤᠷᠠᠯ᠎ᠤᠨ ᠰᠠᠢᠬᠠᠨ ᠵᠢᠷᠤᠭ᠎ᠢ ᠲᠠᠳᠠᠯᠠᠵᠦ᠍ ᠶᠠᠪᠤᠨ᠎ᠠ᠃
ᠱᠢᠷ᠎ᠠ ᠲᠤᠰᠦ ᠵᠢᠨ ᠦᠨᠤᠷ ᠦᠨᠤᠷᠳᠦᠭᠰᠡᠡ 《 ᠬᠡᠷᠡᠯ ᠲᠦᠬᠦᠮ ᠢᠳᠡᠭᠡᠨ᠎ᠤ ᠲᠡᠯᠬᠡᠬᠦᠷ 》
— ᠲᠦᠮᠡᠨᠬᠡᠷᠡᠯ᠎ᠤᠨ 《ᠱᠢᠷ᠎ᠠ ᠲᠤᠰᠤ ᠪᠡᠷ ᠬᠠᠭᠠᠷᠢᠬᠰᠠᠠ ᠪᠤᠤᠪᠤ》 ᠤ᠋ᠨ ᠠᠮᠳᠠ ᠪᠣᠯ ᠴᠢᠬᠢ᠎ᠶ᠋ᠢ ᠴᠢᠨᠢ ᠤᠭ᠍ᠳᠤᠯᠪᠠᠴᠦ᠍ ᠮᠡᠳᠡᠬᠦ᠌ ᠦᠬᠡᠢ᠃
— ᠰᠡᠬᠦᠵᠢ᠎ᠶ᠋ᠢᠨ ᠪᠤᠯᠠᠭ᠎ᠤᠨ ᠱᠢᠵᠢᠷᠠᠭᠤᠨ ᠬᠡᠤᠬᠡᠨ᠃ ᠰᠦᠰᠦ ᠵᠤᠷᠢᠭ᠂ ᠲᠤᠳᠤᠷ ᠪᠤᠳᠤᠯ᠎ᠲᠠᠢ᠃
— ᠡᠨᠡ ᠬᠡᠤᠬᠡᠨ ᠮᠦᠨ ᠵᠤᠷᠢᠭ᠍ᠳᠠᠢ ᠬᠡᠤᠬᠡᠳ ᠃ ᠲᠡᠷᠡ ᠤᠯᠠᠨ ᠶᠠᠭᠤᠮ᠎ᠠ᠎ᠶ᠋ᠢ ᠭᠠᠭ᠍ᠴᠠᠭᠠᠷ ᠬᠢᠨ᠎ᠡ ᠬᠡᠳᠡᠭ ᠴᠢᠨᠢ ᠁
— ᠲᠦᠮᠡᠨᠬᠡᠷᠡᠯ ᠡ᠂ ᠮᠠᠷᠭᠠᠰᠢ ᠥᠷᠯᠥᠬᠡ 10 ᠱᠢᠷ᠎ᠠ ᠲᠤᠰᠤ ᠪᠡᠷ ᠬᠠᠭᠠᠷᠢᠭᠰᠠᠠ ᠪᠤᠤᠪᠤ ᠬᠢᠯᠬᠡᠵᠦ᠍ ᠠᠪᠤᠶ᠎ᠠ᠂ ᠪᠢ ᠬᠦᠳᠡᠭᠡ ᠡᠮᠧ᠎ᠪᠠᠨ ᠦᠵᠡᠬᠦ᠌᠎ᠪᠠᠷ ᠶᠠᠪᠤᠨ᠎ᠠ᠃
ᠬᠦᠮᠥᠨ ᠤᠯᠠᠨ᠎ᠤ ᠶᠠᠷᠢᠶ᠎ᠠ ᠱᠤᠤᠬᠢᠶ᠎ᠠ᠂ ᠤᠳᠠᠰᠦ ᠵᠢᠷᠬᠢᠶ᠎ᠠ᠎ᠳᠤ ᠬᠦᠳᠥᠯᠥᠭ᠌ᠳᠡᠵᠦ᠍᠂ ᠬᠦᠳᠡᠭᠡ᠎ᠠᠴᠠ ᠬᠤᠳᠠ ᠤᠷᠤᠵᠦ᠍ ᠦᠢᠯᠡᠰ ᠪᠤᠰᠭᠠᠵᠦ᠍ ᠶᠠᠪᠤᠭ᠎ᠠ ᠦᠢ ᠤᠯᠠᠨ ᠵᠠᠯᠠᠭᠤᠰ᠎ᠤᠨ᠎ᠢᠶᠠᠨ ᠲᠤᠮᠳᠠ ᠵᠤᠷᠢᠭ᠍ᠰᠠᠨ ᠦᠢᠯᠡᠰ᠎ᠲᠡᠭᠡᠨ ᠵᠢᠯᠤᠭᠤ ᠰᠤᠩᠭᠠᠵᠦ᠍᠂ ᠵᠤᠷᠢᠭ ᠴᠢᠷᠮᠠᠢᠯᠭ᠎ᠠ ᠱᠢᠷᠭᠠᠭᠤ ᠬᠦᠳᠡᠯᠮᠥᠷᠢᠪᠠᠷᠢᠶᠠᠨ ᠡᠷᠬᠢᠯᠡᠭ᠌ᠰᠡᠨ ᠠᠵᠢᠯ ᠬᠢᠳᠡᠯ᠎ᠳᠡᠭᠡᠨ ᠬᠡᠷᠡᠯ ᠬᠢᠯᠪᠠᠭ᠎ᠠ ᠰᠠᠴᠤᠷᠠᠭᠤᠯᠤᠨ᠂ ᠠᠪᠤ ᠡᠵᠢ᠂ ᠠᠬᠠᠨ ᠲᠡᠬᠦᠤᠰ᠎ᠢᠶᠠᠨ ᠠᠰᠠᠷᠠᠨ ᠬᠠᠷᠠᠭᠠᠯᠵᠠᠵᠦ᠍᠂ ᠠᠮᠢᠳᠤᠷᠠᠯ ᠠᠬᠤᠢ᠎ᠪᠠᠨ ᠥᠬᠡᠳᠡ᠎ᠪᠠᠨ ᠲᠠᠳᠠᠵᠦ᠍ ᠶᠠᠪᠤᠭ᠎ᠠ ᠲᠦᠮᠡᠨᠬᠡᠷᠡᠯ᠎ᠤᠨ ᠲᠤᠭᠤᠢ ᠪᠤᠳᠤᠯ᠂ ᠲᠤᠳᠤᠷ᠎ᠠ ᠲᠠᠮᠢᠷ ᠢ ᠨᠢ ᠰᠤᠷᠪᠤᠯᠵᠢᠯᠠᠵᠦ᠍ ᠤᠢᠯᠠᠭᠠᠯ᠎ᠠ᠃
ᠲᠦᠮᠡᠨᠬᠡᠷᠡᠯ ᠪᠤᠯᠠᠭᠠᠨᠳᠤᠬᠤᠢ ᠨᠤᠳᠤᠭ᠎ᠤᠨ ᠰᠡᠬᠦᠵᠢ᠎ᠶ᠋ᠢᠨ ᠪᠤᠯᠠᠭ᠎ᠤᠨ ᠲᠡᠨᠵᠢᠨ᠎ᠳᠤ ᠨᠤᠳᠤᠭ᠎ᠲᠠᠢ᠃ ᠠᠢᠯ ᠬᠡᠷ᠎ᠤᠨ ᠠᠮᠢᠳᠤᠷᠠᠯ᠎ᠤᠨ ᠲᠠᠷᠤᠭᠠᠰᠦ᠎ᠠᠴᠠ ᠪᠤᠯᠵᠦ᠍᠂ ᠲᠦᠮᠡᠨᠬᠡᠷᠡᠯ 2008 ᠤᠨ᠎ᠳᠤ ᠥᠨᠳᠥᠷ ᠲᠤᠮᠳᠠᠳᠦ᠍ᠪᠠᠨ ᠲᠦᠨᠭᠭᠡᠵᠢ ᠲᠡᠬᠦᠰᠥᠮᠡᠭ᠌ᠴᠡ ᠠᠷᠤ ᠬᠡᠷ᠎ᠲᠡᠭᠡᠨ ᠬᠠᠷᠢᠨ ᠠᠪᠤ ᠡᠵᠢ᠎ᠪᠠᠨ ᠬᠠᠪᠰᠤᠷᠴᠦ᠍᠂ ᠬᠤᠨᠢ ᠬᠤᠷᠠᠭ᠎ᠠ ᠬᠠᠷᠢᠭᠤᠯᠬᠤ᠎ᠠᠴᠠ ᠡᠬᠢᠯᠡᠬᠡᠳ ᠬᠦᠳᠡᠭᠡ᠎ᠶ᠋ᠢᠨ ᠪᠤᠷᠤ ᠠᠵᠢᠯ᠎ᠳᠤ ᠵᠠᠪᠳᠤᠭᠤᠯᠵᠦ᠍᠂ ᠦᠷ᠎ᠤᠨ ᠬᠡᠬᠡ᠂ ᠦᠳᠡᠰᠢ᠎ᠶ᠋ᠢᠨ ᠪᠦᠷᠦᠢ ᠲᠠᠢ ᠵᠡᠷᠬᠡᠴᠡᠨ ᠶᠠᠮᠠᠷᠪᠠ ᠠᠵᠢᠯ᠎ᠳᠤ ᠴᠦ᠍ ᠬᠦᠮᠥᠨ᠎ᠤ ᠠᠷᠤ᠎ᠳᠤ ᠬᠤᠴᠤᠷᠬᠤ ᠦᠬᠡᠢ ᠬᠡᠵᠦ᠍ ᠬᠦᠴᠦ᠍᠎ᠪᠠᠷ ᠪᠠᠭ᠎ᠠ ᠴᠦ᠍ ᠵᠤᠷᠢᠭ ᠴᠢᠷᠮᠠᠢᠯᠭ᠎ᠠ ᠥᠨᠳᠥᠷᠢᠶᠠᠷᠢᠶᠠᠨ ᠰᠠᠢᠳᠤᠷ ᠬᠠᠳᠠᠭᠤᠵᠢᠯᠳᠠᠢ ᠠᠵᠢᠯᠯᠠᠵᠦ᠍ ᠢᠷᠡᠵᠡᠢ᠃
ᠲᠦᠮᠡᠨᠬᠡᠷᠡᠯ ᠬᠡᠤᠬᠡᠨ ᠬᠦᠳᠡᠯᠮᠥᠷᠢ ᠠᠵᠢᠯ᠎ᠳᠤ ᠤᠷᠤᠯᠴᠠᠵᠦ᠍᠂ ᠡᠳᠥᠷ᠎ᠤᠨ ᠠᠵᠢᠯ᠎ᠢᠶᠠᠨ ᠦᠳᠡᠰᠢ᠎ᠨᠢ ᠳ᠋ᠦᠡᠭ᠌ᠨᠡᠨ᠂ ᠵᠤᠬᠢᠬᠤ ᠬᠤᠭᠤᠴᠠᠭᠠᠨ᠎ᠤ ᠬᠢᠳᠡᠯ ᠪᠠᠷᠢᠳᠠᠯ᠎ᠢᠶᠠᠨ ᠪᠤᠳᠤᠯᠬᠢᠯᠠᠵᠦ᠍ ᠦᠵᠡᠬᠦ᠌᠎ᠳᠤ ᠡᠵᠢ ᠠᠪᠤ᠎ᠨᠢ ᠡᠨᠡ ᠬᠢᠷᠢ᠎ᠳᠡᠭᠡᠨ ᠠᠢᠯ ᠬᠡᠷ᠎ᠤᠨ ᠲᠤᠳᠤᠨ᠎ᠠ ᠭᠠᠳᠠᠨ᠎ᠠ᠂ ᠬᠤᠷᠤᠭ᠎ᠠ ᠬᠠᠱᠢᠶ᠎ᠠ᠂ ᠬᠡᠳᠥᠨ ᠮᠠᠯ ᠬᠠᠷ᠎ᠠ᠎ᠶ᠋ᠢᠨ ᠠᠵᠢᠯ᠎ᠳᠠᠭᠠᠨ ᠴᠦ᠍ ᠵᠦᠪᠯᠡᠴᠢᠬᠡᠬᠦ᠌ᠶ᠋ᠢ ᠮᠡᠳᠡᠵᠦ᠍᠂ ᠥᠯᠡᠬᠦᠦ ᠬᠦᠳᠡᠯᠮᠥᠷᠢ ᠬᠦᠴᠥᠨᠤ ᠵᠠᠷᠤᠴᠠᠭᠤᠯᠤᠯᠳᠠ᠎ᠳᠤ ᠤᠬᠠᠭ᠎ᠠ ᠰᠤᠪᠢᠯᠠ᠃ ᠢᠡᠭ᠌ᠬᠢᠬᠡᠳ ᠲᠡᠷᠡ ᠦᠩᠬᠡᠷᠡᠭᠰᠡᠡ ᠵᠢᠯ᠎ᠤᠳ᠎ᠲᠤ ᠰᠠᠳᠤᠨ ᠲᠦᠷᠥᠯ᠂ ᠰᠠᠢᠨ ᠨᠠᠢᠵᠠ ᠶ᠋ᠢᠨ ᠵᠢᠡᠨ ᠲᠠᠨᠢᠯᠴᠠᠭᠤᠯᠭ᠎ᠠ ᠬᠠᠪᠰᠤᠷᠤᠯᠭ᠎ᠠ᠎ᠪᠠᠷ ᠱᠢᠯᠤᠭᠤᠨ ᠬᠦᠬᠡ᠂ ᠪᠠᠶᠠᠨᠳᠦ᠋ᠬᠦᠷᠡᠩ᠂ ᠮᠢᠩᠭᠠᠳᠦ ᠪᠠᠯᠭᠠᠰᠦ ᠵᠡᠷᠬᠡ ᠭᠠᠵᠠᠷ᠎ᠢᠶᠠᠷ ᠬᠦᠷᠴᠦ᠍᠂ ᠪᠤᠤᠪᠤ ᠬᠢᠬᠦ᠌ ᠭᠠᠵᠠᠷ᠂ ᠬᠤᠷᠱᠢᠶ᠎ᠠ ᠲᠡᠯᠬᠡᠬᠦᠷ᠂ ᠮᠸᠡᠭ ᠱᠸᠡᠭ ᠠᠷᠠᠯᠵᠢᠶᠠᠨ ᠬᠤᠳᠠᠯᠳᠤᠭᠠᠨ᠎ᠤ ᠺᠤᠮᠫᠠᠨᠢ᠎ᠳᠤ ᠦᠢᠯᠡᠴᠢᠯᠡᠭ᠌ᠴᠢ᠎ᠪᠠᠷ ᠠᠵᠢᠯᠯᠠᠬᠤ᠎ᠳᠠᠭᠠᠨ ᠰᠤᠷᠴᠦ᠍ ᠮᠡᠷᠬᠡᠵᠢᠬᠦ᠌ᠳᠤ ᠵᠤᠷᠢᠭ ᠬᠤᠷᠴᠠᠯᠠᠵᠤ᠂ ᠠᠷᠢᠭᠤᠨ ᠬᠦᠳᠡᠯᠮᠥᠷᠢᠶ᠋ᠢᠨᠢᠶᠠᠨ ᠠᠴᠢ ᠬᠠᠷᠢᠭᠤ᠎ᠳᠤ ᠵᠦᠳᠡᠷᠡᠯ᠎ᠳᠡᠭᠡᠨ ᠵᠤᠷᠢᠭ᠍ᠵᠢᠵᠦ᠍᠂ ᠶᠠᠳᠠᠷᠠᠯ᠎ᠳᠠᠭᠠᠨ ᠪᠠᠶᠠᠰᠣᠨ ᠠᠷᠠᠯᠵᠢᠶ᠎ᠠ ᠮᠠᠢᠮᠠᠢ᠎ᠶ᠋ᠢᠨ ᠤᠬᠠᠭᠠᠨ᠎ᠢ ᠠᠩᠬᠠᠷᠤᠨ ᠰᠤᠷᠴᠦ᠍᠂ ᠡᠳᠥᠷ ᠬᠤᠨᠤᠭ᠎ᠤᠨ ᠡᠬᠡᠯᠵᠢᠯᠠᠯᠳᠡᠳᠤ ᠥᠪᠡᠰᠥᠪᠡᠨ ᠦᠢᠯᠡᠰ ᠪᠤᠰᠠᠬᠶᠠ ᠬᠡᠰᠡᠨ ᠪᠤᠳᠤᠯ ᠤᠷᠤᠵᠠᠢ᠃ 2017 ᠤᠨ᠎ᠳᠤ ᠲᠦᠮᠡᠨᠬᠡᠷᠡᠯ ᠵᠤᠬᠢᠬᠤ ᠬᠡᠮᠵᠢᠶᠡᠨ᠎ᠤ ᠪᠡᠯᠡ ᠮᠥᠡᠭ᠌ᠬᠦ ᠵᠠᠷᠤᠴᠠᠭᠤᠯᠤᠨ᠂ 2 ᠲᠠᠰᠤᠯᠭ᠎ᠠ ᠬᠡᠷ ᠲᠦᠷᠢᠶᠡᠰᠥᠯᠡᠵᠦ᠍᠂ ᠮᠦᠸᠧ ᠯᠢᠤᠢ ᠬᠤᠸᠠ ᠴᠸᠡᠭ ᠰᠠᠭᠤᠭᠠᠯᠢ ᠠᠷᠠᠳ᠎ᠤᠨ ᠳᠤᠭᠤᠷᠢᠬ ᠲᠤ᠌ 《ᠬᠡᠷᠡᠯ ᠲᠦᠬᠦᠮ ᠢᠳᠡᠭᠡᠨ ᠪ ᠲᠡᠯᠬᠡᠬᠦᠷ》 ᠨᠡᠬᠡᠬᠡᠵᠦ᠍᠂ ᠲᠤᠰᠭᠠᠢ ᠪᠤᠤᠽᠢ᠂ ᠬᠠᠭᠠᠷᠢᠭ᠍ᠰᠠᠨ ᠪᠤᠤᠪᠤ ᠬᠢᠵᠦ᠍ ᠬᠤᠳᠠᠯᠳᠤᠬᠤ ᠠᠵᠢᠯ᠎ᠢᠶᠠᠨ ᠡᠬᠢᠯᠡᠬᠦᠯᠥᠯᠡ᠃ ᠮᠠᠢᠮᠠᠢ ᠱᠤᠤᠮᠠᠢ᠎ᠶ᠋ᠢᠨ ᠲᠤᠬᠠᠢ ᠲᠤᠷᠱᠢᠯᠭ᠎ᠠ ᠲᠤᠳᠠᠮᠠᠭ ᠮᠦᠷᠳᠡᠭᠡᠨ ᠭᠠᠭ᠍ᠴᠠᠭᠠᠷ ᠪᠤᠯᠬᠤᠷ ᠶᠠᠭᠠᠬᠢᠵᠦ᠍ ᠶᠠᠭᠠᠷᠠᠭ᠍ᠰᠠᠨ ᠴᠦ᠍ ᠡᠬᠢᠯᠡᠵᠦ᠍ ᠬᠢᠬᠦ᠌ ᠦᠶ᠎ᠡ᠎ᠳᠤ ᠡᠪ ᠲᠡᠮ᠎ᠢᠶᠠᠨ ᠰᠠᠢᠨ ᠤᠯᠬᠤ ᠦᠬᠡᠢ᠂ ᠪᠡᠯᠡ ᠮᠦᠡᠭ᠌ᠬᠦ ᠬᠦᠷᠥᠯᠴᠡᠬᠦ᠌ ᠦᠬᠡᠢ᠂ ᠠᠷᠭ᠎ᠠ ᠮᠠᠶᠢᠭ᠎ᠨᠢ ᠲᠤᠬᠢᠷᠠᠮᠵᠢ ᠦᠬᠡᠢ ᠵᠡᠷᠬᠡ ᠱᠢᠯᠳᠠᠭᠠᠨ᠎ᠠᠴᠠ ᠪᠤᠯᠵᠦ᠍ ᠬᠦᠮᠥᠰ᠎ᠤᠨ ᠰᠠᠨᠠᠭᠠᠨ᠎ᠳᠤ ᠬᠦᠷᠴᠦ᠍ ᠲᠡᠢᠯᠬᠦ᠌ ᠦᠬᠡᠢ ᠪᠠᠢᠭ᠍ᠰᠠᠨ᠎ᠨᠢ ᠦᠨᠡᠨᠳᠡᠢ᠃ ᠵᠠᠷᠢᠮ ᠡᠳᠥᠷ᠎ᠲᠤ ᠬᠡᠳᠥᠨ ᠠᠷᠪᠠᠭ᠍ᠠᠨ ᠲᠦᠬᠦᠷᠢᠭ ᠭᠠᠷᠳᠠᠵᠦ᠍᠂ ᠬᠡᠷ᠎ᠤᠨ ᠲᠦᠷᠢᠶᠠᠰᠤ ᠡᠨᠡ ᠲᠡᠷᠡ᠎ᠪᠠᠨ ᠪᠤᠳᠤᠬᠤᠯᠠᠷ ᠵᠢᠷᠥᠬᠡ᠎ᠨᠢ ᠱᠢᠮᠱᠢᠷᠡᠵᠦ᠍ ᠪᠠᠢᠭ᠍ᠰᠠᠨ ᠤᠳᠠᠭ᠎ᠠ᠎ᠲᠠᠢ᠃ ᠬᠡᠪᠡᠴᠦ᠍ ᠲᠤᠳᠤᠷ᠎ᠠ ᠲᠠᠮᠢᠷ᠎ᠲᠠᠢ ᠲᠦᠮᠡᠨᠬᠡᠷᠡᠯ ᠬᠡᠤᠬᠡᠨ ᠲᠤᠯᠭᠠᠷᠠᠵᠦ᠍ ᠢᠷᠡᠭ᠌ᠰᠡᠨ ᠬᠦᠴᠢᠷᠳᠡᠯ᠎ᠤᠨ ᠡᠮᠥᠨ᠎ᠡ ᠶᠡᠷᠥ᠍ ᠵᠤᠷᠢᠭ ᠱᠢᠨᠳᠠᠷᠠᠭ᠍ᠰᠠᠨ ᠦᠬᠡᠢ᠃ ᠡᠳᠥᠷ ᠪᠦᠷᠢ ᠦᠢᠯᠡᠴᠢᠯᠡᠭᠡ ᠮᠡᠷᠬᠡᠵᠢᠯ᠎ᠢᠶᠠᠨ ᠥᠬᠡᠷᠡᠴᠢᠯᠡᠵᠦ᠍᠂ ᠲᠤᠷᠱᠢᠯᠭ᠎ᠠ ᠰᠤᠷᠭᠠᠮᠵᠢ᠎ᠪᠠᠨ ᠰᠠᠢᠳᠤᠷ ᠬᠤᠷᠠᠮᠳᠤᠭᠤᠯᠤᠨ᠂ ᠬᠡᠷᠡᠭ᠌ᠯᠡᠭ᠌ᠴᠢᠳ᠎ᠤᠨ ᠬᠡᠷᠡᠭ᠌ᠴᠡᠭᠡ ᠱᠠᠭᠠᠷᠳᠠᠯᠭ᠎ᠠ᠎ᠳᠤ ᠵᠤᠬᠢᠴᠠᠭᠤᠯᠤᠨ ᠦᠪᠡᠷ᠎ᠤᠨ ᠬᠡᠰᠡᠨ ᠥᠪᠡᠷᠮᠢᠴᠡ ᠤᠨᠴᠠᠯᠢᠭ᠂ ᠬᠡᠪ ᠨᠠᠮᠪᠠ᠎ᠲᠠᠢ ᠬᠤᠳᠠᠯᠳᠤᠭ᠎ᠠ ᠲᠡᠯᠬᠡᠬᠦᠷ᠎ᠢᠶᠠᠨ ᠡᠷᠬᠢᠯᠡᠵᠦ᠍ ᠢᠷᠡᠬᠦ᠌᠎ᠳᠤ ᠠᠵᠢᠯ ᠦᠢᠯᠡᠰ᠎ᠨᠢ ᠥᠬᠡᠳᠡ᠎ᠲᠠᠢ ᠪᠤᠯᠵᠦ᠍᠂ ᠠᠷᠢᠭᠤᠨ ᠬᠦᠳᠡᠯᠮᠥᠷᠢ᠎ᠶ᠋ᠢᠨ ᠬᠢᠨᠢ ᠠᠴᠢ ᠬᠠᠷᠢᠭᠤ᠎ᠳᠤ ᠠᠱᠢᠭ ᠤᠷᠤᠯᠭ᠎ᠠ᠎ᠨᠢ ᠴᠦ᠍ ᠡᠳᠥᠷ᠎ᠠᠴᠠ ᠡᠳᠥᠷ ᠨᠡᠮᠡᠭ᠌ᠳᠡᠪᠡ᠃ ᠡᠬᠢᠯᠡᠬᠡᠳ ᠲᠦᠮᠡᠨᠬᠡᠷᠡᠯ ᠮᠠᠨᠲᠸᠤ ᠪᠤᠤᠽᠢ ᠬᠢᠵᠦ᠍᠂ ᠪᠤᠤᠪᠤ ᠬᠠᠭᠠᠷᠢᠵᠦ᠍ ᠬᠤᠳᠠᠯᠳᠤᠭᠠᠳ ᠡᠳᠥᠷ᠎ᠲᠤ 50 — 80 ᠲᠦᠬᠦᠷᠢᠭ᠎ᠤᠨ ᠤᠷᠤᠯᠭ᠎ᠠ ᠤᠯᠵᠦ᠍ ᠪᠠᠢᠭ᠍ᠰᠠᠨ ᠪᠣᠯ ᠤᠳᠤ ᠬᠠᠷᠢᠨ ᠬᠠᠭᠠᠷᠢᠭ᠍ᠰᠠᠨ ᠪᠤᠤᠪᠤ᠂ ᠪᠤᠷᠠᠮ᠎ᠲᠠᠢ ᠪᠤᠤᠪᠤ᠂ ᠮᠢᠬᠠᠨ ᠪᠤᠤᠽᠢ᠂ ᠨᠤᠭᠤᠭᠠᠨ ᠪᠤᠤᠽᠢ᠂ ᠴᠢᠰᠣᠨ ᠪᠤᠤᠽᠢ᠂ ᠪᠢᠡᠭ᠌ᠭᠠᠨ᠂ ᠪᠤᠭᠤᠷᠰᠤᠭ ᠁ ᠵᠡᠷᠬᠡ ᠤᠯᠠᠨ ᠵᠦᠢᠯ᠎ᠤᠨ ᠭᠤᠯᠢᠷ᠎ᠤᠨ ᠢᠳᠡᠭᠡᠨ ᠬᠢᠵᠦ᠍ ᠬᠤᠳᠠᠯᠳᠤᠬᠤ ᠪᠤᠯᠤᠭ᠍ᠰᠠᠨ᠎ᠠᠴᠠ ᠥᠨᠥ᠍ ᠬᠠᠷᠢᠨ ᠡᠳᠥᠷ᠎ᠲᠤ 300 — 400 ᠭᠠᠷᠤᠢ ᠲᠦᠬᠦᠷᠢᠭ᠎ᠤᠨ ᠴᠡᠪᠡᠷ ᠤᠷᠤᠯᠭ᠎ᠠ᠎ᠲᠠᠢ ᠪᠤᠯᠤᠭ᠍ᠰᠠᠨ ᠪᠠᠢᠨ᠎ᠠ᠃
《ᠵᠠᠯᠠᠭᠤ ᠬᠦᠮᠥᠨ ᠵᠤᠷᠢᠭ᠍ᠰᠠᠨ᠎ᠳᠠᠭᠠᠨ᠂ ᠽᠠᠨᠳᠠᠨ ᠮᠤᠳᠤ ᠨᠠᠢᠭᠤᠭ᠍ᠰᠠᠨᠳᠠᠭᠠᠨ》 ᠬᠡᠳᠡᠭ᠎ᠢᠶᠠᠷ ᠴᠠᠭ ᠡᠷᠢᠨ᠎ᠤ ᠨᠦᠬᠦᠴᠡᠯ ᠪᠠᠢᠳᠠᠯ᠎ᠳᠤ ᠲᠦᠮᠡᠨᠭᠡᠷᠡᠯ ᠴᠠᠭ᠍ᠯᠠᠰᠢ ᠦᠬᠡᠢ ᠬᠦᠰᠡᠯ ᠵᠤᠷᠢᠭ ᠡᠪᠥᠷᠯᠡᠵᠦ᠍᠂ ᠠᠵᠦ᠍ ᠦᠢᠯᠡᠰ᠂ ᠠᠬᠤᠢ ᠠᠮᠢᠳᠤᠷᠠᠯ᠎ᠵᠢᠡᠨ ᠦᠭᠡᠳᠡ ᠪᠠᠨ ᠲᠠᠳᠠᠵᠤ ᠶᠠᠪᠤᠨ᠎ᠠ᠃