ᠡᠮᠤᠨᠡᠬᠡᠨ ᠬᠡᠷᠡᠭᠯᠡᠭᠴᠢ ᠵᠢᠨ ᠬᠤᠪᠢᠶᠠᠯᠴᠠᠬᠰᠠᠨ ᠮᠡᠳᠡᠭᠡ᠎ᠶᠢ ᠦᠨᠳᠦᠰᠦᠯᠡᠪᠡᠯ᠂ ᠵᠢᠷᠬᠢᠶ᠎ᠠ ᠵᠢᠨ ᠬᠢᠨ 《ᠡᠪᠬᠡᠮᠡᠯ ᠵᠢᠷᠤᠭ ᠶᠠᠪᠤᠭᠤᠯᠬᠤ》 ᠰᠢᠨ᠎ᠡ ᠴᠢᠳᠠᠮᠵᠢ᠎ᠶᠢ ᠬᠡᠷᠡᠭᠯᠡᠵᠤ ᠪᠤᠯᠬᠤ ᠪᠦᠭᠡᠳ ᠭᠡᠷᠡᠭᠯᠡᠭᠴᠢ ᠨᠠᠷ ᠭᠤᠷᠪᠠ ᠪᠤᠶᠤ ᠲᠡᠭᠦᠨ᠎ᠠᠴᠠ ᠳᠡᠭᠡᠭᠰᠢᠬᠢ ᠬᠡᠷᠡᠯ ᠵᠢᠷᠤᠭ᠎ᠢ ᠶᠠᠪᠤᠭᠤᠯᠬᠤ ᠳ᠋ᠥ᠍ ᠨᠡᠶ᠋ᠢᠯᠡᠭᠦᠯᠦᠨ ᠳᠡᠯᠭᠡᠨ ᠦᠵᠡᠭᠦᠯᠵᠦ᠍ ᠪᠤᠯᠬᠤ ᠪᠤᠯᠵᠠᠢ ᠬᠡᠵᠤ ᠨᠡᠢᠳᠡᠯᠡᠪᠡ᠃ ᠲᠠᠷᠠᠴᠢᠯᠠᠨ ᠬᠤᠶᠠᠷ ᠬᠡᠮᠵᠢᠯᠳᠤ ᠺᠤᠳ᠋ ᠢ᠋ ᠰᠢᠷᠪᠢᠪᠡᠯ ᠬᠡᠷᠡᠯ ᠵᠢᠷᠤᠭ᠂ ᠸᠢᠳᠢᠤ᠋᠂ ᠶᠠᠷᠢᠭᠰᠠᠠ ᠦᠬᠡ᠂ ᠪᠢᠴᠢᠭ ᠮᠠᠲᠸᠷᠢᠶᠠᠯ᠎ᠢ ᠶᠠᠪᠤᠭᠤᠯᠬᠤ ᠪᠤᠶᠤ ᠬᠤᠷᠢᠶᠠᠨ ᠠᠪᠬᠤ᠎ᠳᠤ ᠨᠠᠩ ᠲᠦᠬᠦᠮ ᠪᠤᠯᠤᠭᠰᠠᠠ ᠪᠠᠢᠨ᠎ᠠ᠃
ᠲᠣᠰ ᠬᠡᠷᠡᠭᠯᠡᠭᠴᠢ᠄ 《iOS ᠰᠢᠰᠲ᠋ᠧᠮ᠎ᠤᠨ 8.0.70 ᠬᠡᠪᠯᠡᠯ ᠨᠢ ᠭᠤᠷᠪᠠ᠎ᠠᠴᠠ ᠳᠡᠭᠡᠭᠰᠢᠬᠢ ᠸᠢᠳᠢᠤ᠋ ᠪᠤᠶᠤ ᠬᠡᠷᠡᠯ ᠵᠢᠷᠤᠭ ᠢ᠋ ᠶᠠᠪᠤᠭᠤᠯᠬᠤ ᠳ᠋ᠥ᠍ ᠳᠤᠤᠷ᠎ᠠ ᠲᠠᠯ᠎ᠠ ᠳ᠋ᠤᠨᠢ ᠨᠡᠶ᠋ᠢᠯᠡᠭᠦᠯᠦᠨ ᠶᠠᠪᠤᠭᠤᠯᠬᠤ ᠬᠡᠬᠦ᠌ ᠰᠣᠩᠭᠣᠯᠲᠠ ᠭᠠᠷᠤᠨ᠎ᠠ᠂ ᠴᠢᠳᠠᠮᠵᠢ ᠵᠢ ᠨᠢ ᠪᠢ ᠪᠠᠰᠠ ᠰᠠᠶᠢᠬᠠᠨ ᠣᠯᠵᠤ ᠮᠡᠳᠡᠭᠰᠡᠨ᠂ ᠬᠡᠷᠡᠭᠯᠡᠬᠦ᠎ᠳᠤ ᠶᠡᠬᠡ ᠲᠦᠬᠦᠮ ᠪᠠᠢᠨ᠎ᠠ》 ᠭᠡᠵᠦ᠍ ᠨᠦᠬᠦᠵᠦ᠍ ᠬᠡᠯᠡᠵᠠᠢ᠃ ᠪᠤᠰᠤᠳ ᠬᠡᠷᠡᠭᠯᠡᠭᠴᠢ ᠪᠠᠰᠠ ᠬᠡᠯᠡᠬᠦ᠌ ᠳ᠋ᠡᠬᠡᠨ᠂ ᠲᠣᠰ ᠴᠢᠳᠠᠮᠵᠢ᠎ᠨᠢ ᠪᠠᠰᠠ ᠬᠦᠶᠦᠯᠭᠡᠨ ᠦᠵᠡᠬᠦ᠌ ᠵᠢᠷᠤᠭ᠎ᠢ ᠵᠡᠭᠦᠨᠰᠢ ᠪᠠᠷᠠᠭᠤᠨᠰᠢ ᠭᠤᠯᠭᠤᠭᠤᠯᠤᠨ ᠦᠵᠡᠵᠦ᠍ ᠪᠤᠯᠬᠤ ᠪᠡᠷ ᠲᠣᠬᠢᠷᠠᠭᠤᠯᠵᠡᠢ᠂ ᠬᠦᠶᠦᠯᠭᠡᠨ ᠦᠵᠡᠬᠦ᠌ ᠵᠢᠷᠤᠭ᠎ᠤᠨ ᠵᠡᠭᠦᠨ ᠲᠠᠯ᠎ᠠ᠎ᠶᠢᠨ 《ᠳᠡᠯᠭᠡᠯᠲᠡ》 ᠭᠡᠭᠦ᠌ ᠳᠠᠷᠤᠪᠴᠢ᠎ᠶᠢ ᠲᠠᠷᠤᠪᠠᠯ ᠤᠤᠯ᠎ᠤᠨ ᠵᠠᠭᠪᠤᠷ᠎ᠢᠶᠠᠨ ᠰᠡᠷᠭᠦᠭᠡᠵᠦ᠍ ᠬᠡᠷᠡᠯ ᠵᠢᠷᠤᠭ᠎ᠢ ᠦᠵᠡᠵᠦ᠍ ᠪᠣᠯᠤᠨ᠎ᠠ (《ᠳᠡᠯᠭᠡᠯᠲᠡ》ᠵᠢᠨ ᠳᠠᠷᠤᠪᠴᠢ᠎ᠶᠢ ᠲᠠᠷᠤᠪᠠᠯ ᠪᠠᠰᠠ 《ᠬᠤᠷᠢᠶᠠᠬᠤ》 ᠳᠠᠷᠤᠪᠴᠢ ᠭᠠᠷᠴᠤ᠌ ᠢᠷᠡᠨ᠎ᠡ) ᠬᠡᠪᠡ᠃
ᠡᠭᠦᠨ᠎ᠠᠴᠠ ᠡᠮᠦᠨᠡᠬᠢ ᠮᠡᠳᠡᠭᠡᠯᠡᠯ᠎ᠢ ᠦᠨᠳᠦᠰᠦᠯᠡᠪᠡᠯ᠂ ᠵᠢᠷᠬᠢᠶ᠎ᠠ ᠵᠢᠨ iOS ᠲᠠᠪᠴᠠᠩ᠎ᠨᠢ ᠡᠨᠡ ᠵᠢᠯ᠎ᠤᠨ 2 ᠰᠠᠷ᠎ᠠ᠎ᠳᠤ 8.0.69 ᠬᠡᠪᠯᠡᠯ᠎ᠢ ᠰᠢᠨᠡᠴᠢᠯᠡᠵᠤ᠂ ᠠᠯᠪᠠᠨ᠎ᠤ ᠲᠠᠯ᠎ᠠ᠎ᠶᠢᠨ ᠰᠢᠨᠡᠳᠬᠡᠭᠰᠡᠨ ᠡᠳᠦᠷ᠎ᠤᠨ ᠲᠡᠮᠳᠡᠭᠯᠡᠯ᠎ᠨᠢ ᠮᠥᠨ ᠯᠡ 《ᠨᠢᠭᠡᠨᠲᠡ ᠮᠡᠳᠡᠭᠰᠡᠨ ᠵᠠᠷᠢᠮ ᠠᠰᠠᠭᠤᠳᠠᠯ᠎ᠢ ᠰᠢᠢᠳᠪᠦᠷᠢᠯᠡᠪᠡ》 ᠬᠡᠰᠡᠨ ᠪᠠᠶ᠋ᠢᠨ᠎ᠠ᠂ ᠭᠡᠪᠡᠴᠦ᠍ ᠸᠢᠳᠢᠣ᠋᠎ᠪᠠᠷ ᠶᠠᠷᠢᠯᠴᠠᠬᠤ ᠳᠡᠯᠭᠡᠴᠡ᠎ᠶᠢ ᠣᠨᠢᠰᠤᠯᠠᠵᠤ᠂ ᠶᠠᠷᠢᠯᠴᠠᠭᠠᠠᠤ ᠮᠡᠳᠡᠭᠡ ᠨᠢ 《ᠣᠳᠣᠬᠠᠨ᠎ᠠᠴᠠ ᠡᠬᠢᠯᠠᠨ ᠰᠣᠨᠣᠰᠬᠤ》 ᠵᠡᠷᠭᠡ ᠴᠢᠳᠠᠮᠵᠢ᠎ᠶᠢ ᠳᠡᠮᠵᠢᠵᠦ᠍ ᠪᠠᠶ᠋ᠢᠵᠠᠢ᠃
(《ᠠᠷᠠᠳ᠎ᠤᠨ ᠰᠦᠯᠵᠢᠶ᠎ᠠ》 ᠡᠴᠨ ᠨᠠᠢᠷᠠᠭᠤᠯᠤᠨ ᠠᠪᠤᠪᠠ)