1. ᠡᠪᠦᠯ ᠬᠠᠪᠤᠷ᠎ᠤᠨ ᠤᠯᠠᠷᠢᠯ᠎ᠳᠤ ᠠᠷᠠᠰᠤ ᠮᠢᠬ᠎ᠠ ᠴᠢᠨᠢ ᠬᠠᠭᠤᠷᠠᠶ᠋ᠢᠰᠢᠵᠦ᠍ ᠵᠠᠭᠠᠲᠤᠨᠠᠵᠦ᠍ ᠪᠠᠶ᠋ᠢᠪᠠᠯ ᠪᠠᠷᠤᠭ ᠲᠠᠨ᠎ᠤ ᠪᠡᠶ᠎ᠡ᠎ᠪᠠᠨ ᠤᠬᠢᠶᠠᠭᠰᠠᠨ ᠠᠷᠭ᠎ᠠ ᠴᠢᠨᠢ ᠲᠠᠭᠠᠷᠠᠬᠰᠠᠨ ᠦᠭᠡᠢ᠃ ᠡᠪᠦᠯᠬᠠᠪᠤᠷᠤᠨ ᠤᠯᠠᠷᠢᠯ᠎ᠳᠤ ᠮᠠᠰᠢ ᠣᠯᠠᠨ ᠬᠦᠮᠦᠰ ᠪᠡᠶ᠎ᠡ ᠤᠬᠢᠶᠠᠬᠤ ᠤᠳᠠᠭ᠎ᠠ᠎ᠪᠠᠨ ᠨᠡᠮᠡᠭᠳᠡᠭᠦᠯᠬᠦ᠂ ᠬᠠᠯᠠᠭᠤᠨ ᠤᠰᠤ᠎ᠪᠠᠷ ᠬᠠᠯᠠᠭᠠᠨ ᠤᠬᠢᠶᠠᠬᠤ᠂ ᠪᠡᠶ᠎ᠡ᠎ᠪᠠᠨ ᠵᠦᠯᠭᠦᠬᠦ᠌ ᠪᠡᠷ ᠵᠠᠭᠠᠲᠤᠨᠠᠬᠤ᠎ᠶᠢ ᠵᠣᠭᠰᠣᠭᠠᠵᠦ᠍ ᠪᠠᠶ᠋ᠢᠳᠠᠭ᠃ ᠬᠡᠳᠡᠯ᠎ᠡ ᠢᠩᠭᠢᠵᠦ᠍ ᠬᠢᠬᠦ᠌᠎ᠨᠢ ᠵᠠᠭᠠᠲᠤᠨᠠᠬᠤ᠎ᠶᠢ ᠵᠣᠭᠰᠣᠭᠠᠵᠤ ᠳᠡᠶ᠋ᠢᠯᠬᠦ᠌ ᠥᠬᠡᠶ ᠮᠥᠷᠲᠡᠭᠡᠨ ᠭᠡᠳᠡᠷᠭᠦ᠎ᠪᠠᠨ ᠬᠠᠭᠤᠷᠠᠶ᠋ᠢᠰᠢᠵᠦ᠍ ᠵᠠᠭᠠᠲᠤᠨᠠᠬᠤ᠎ᠶᠢ ᠬᠦᠨᠳᠦᠷᠡᠭᠦᠯᠦᠨ᠎ᠡ᠃ ᠡᠪᠦᠯ᠎ᠤᠨ ᠤᠯᠠᠷᠢᠯ᠎ᠳᠤ ᠠᠷᠠᠰᠤ ᠮᠢᠬ᠎ᠠ ᠬᠠᠭᠤᠷᠠᠶ᠋ᠢᠰᠢᠨ ᠵᠠᠭᠠᠲᠤᠨᠠᠬᠤ᠎ᠶᠢᠨ ᠭᠣᠣᠯ ᠰᠢᠯᠲᠠᠭᠠᠨ᠎ᠨᠢ 《ᠴᠡᠪᠡᠷ ᠪᠤᠰᠤ》 ᠡᠴᠠ ᠪᠣᠯᠤᠭᠰᠠᠨ ᠪᠢᠰᠢ᠂ ᠬᠠᠷᠢᠨ ᠠᠭᠤᠷ ᠠᠮᠢᠰᠬᠤᠯ ᠭᠠᠩ ᠬᠠᠭᠤᠷᠠᠶ᠎ᠠᠴᠠ ᠪᠣᠯᠵᠤ ᠠᠷᠠᠰᠤᠨ᠎ᠤ ᠬᠠᠯᠬᠠᠪᠴᠢ ᠡᠪᠳᠡᠭᠳᠡᠭᠰᠡᠨ ᠡᠴᠨ ᠪᠤᠯᠵᠠᠢ᠃ ᠡᠨᠡ ᠦᠶ᠎ᠡ᠎ᠳᠤ ᠰᠣᠬᠣᠷ ᠪᠠᠯᠠᠶ᠎ᠪᠠᠷ ᠪᠡᠶ᠎ᠡ ᠤᠬᠢᠶᠠᠬᠤ ᠤᠳᠠᠭ᠎ᠠ᠎ᠪᠠᠨ ᠨᠡᠮᠡᠭᠳᠡᠭᠦᠯᠵᠦ᠍᠂ ᠬᠡᠲᠦᠷᠬᠡᠶ ᠴᠡᠪᠡᠷᠯᠡᠨ ᠤᠬᠢᠶᠠᠪᠠᠯ ᠵᠥᠪᠬᠡᠨ ᠲᠦᠷ ᠴᠠᠭ᠎ᠤᠨ ᠵᠠᠭᠠᠲᠤᠨᠠᠬᠤ ᠠᠰᠠᠭᠤᠳᠠᠯ᠎ᠢ ᠰᠢ᠌ᠳᠪᠦᠷᠢᠯᠡᠬᠦ᠌ ᠯᠡ ᠲᠡᠳᠦᠢ ᠪᠦᠭᠡᠳ ᠵᠠᠯᠭᠠᠭᠠᠳ ᠨᠠᠩ ᠬᠦᠨᠳᠦ ᠨᠣᠴᠢᠲᠠᠶ ᠠᠷᠠᠰᠤ ᠮᠢᠬ᠎ᠠ ᠵᠢᠨ ᠠᠰᠠᠭᠤᠳᠠᠯ᠎ᠢ ᠠᠪᠴᠢᠷᠠᠵᠤ ᠮᠡᠳᠡᠨ᠎ᠡ᠃
2. ᠰᠢᠨᠵᠢᠯᠡᠬᠦ᠌ ᠤᠬᠠᠭᠠᠨᠴᠢ᠎ᠪᠠᠷ ᠪᠡᠶ᠎ᠡ᠎ᠪᠠᠨ ᠤᠬᠢᠶᠠᠬᠤ ᠵᠢᠨ ᠲᠠᠭᠠᠤ ᠡᠨᠡ ᠬᠡᠳᠦᠨ ᠵᠤᠶ᠋ᠢᠯ ᠢ᠋ ᠠᠨᠭ᠌ᠬᠠᠷᠬᠤ ᠬᠡᠷᠡᠭᠳᠡᠢ᠃ ᠤᠰᠤᠨ᠎ᠤ ᠬᠠᠯᠠᠭᠤᠨ ᠢ᠋ 38 ~ 40 ᠭᠷᠡᠳᠦ᠋ᠰ ᠪᠠᠶ᠋ᠢᠯᠭᠠᠪᠠᠯ ᠲᠣᠬᠢᠷᠠᠮᠵᠢᠲᠠᠶ᠃ ᠰᠤᠯᠠ ᠬᠦᠴᠢᠯᠲᠦ᠍ ᠤᠬᠢᠶᠠᠯᠭ᠎ᠠ ᠵᠢᠨ ᠡᠳ᠋᠎ᠢ ᠬᠡᠷᠡᠭᠯᠡᠨ᠂ ᠪᠡᠶ᠎ᠡ ᠤᠬᠢᠶᠠᠬᠤ ᠳᠠᠪᠲᠠᠮᠵᠢ ᠪᠡᠨ ᠪᠠᠭᠠᠰᠬᠠᠵᠤ᠂ ᠪᠡᠶ᠎ᠡ ᠤᠬᠢᠶᠠᠬᠤ ᠴᠠᠭ ᠵᠢᠨᠨ ᠬᠢᠵᠠᠭᠠᠷᠯᠠᠬᠤ ᠬᠡᠷᠡᠭᠲᠡᠶ᠂ ᠡᠨᠭ᠎ᠤᠨ ᠪᠠᠶ᠋ᠢᠳᠠᠯ ᠲᠤᠣᠷ᠎ᠠ 5 ᠡᠴᠠ 10 ᠮᠢᠨᠦ᠋ᠲ ᠪᠡᠶ᠎ᠡ᠎ᠪᠠᠨ ᠤᠬᠢᠶᠠᠪᠠᠯ ᠪᠤᠯᠴᠢᠬᠠᠨ᠎ᠠ᠂ ᠬᠠᠮᠤᠭ᠎ᠤᠨ ᠰᠠᠶ᠋ᠢᠨ᠎ᠨᠢ 20 ᠮᠢᠨᠦ᠋ᠲ᠎ᠠᠴᠠ ᠬᠡᠲᠦᠷᠡᠭᠦᠯᠵᠦ᠍ ᠪᠣᠯᠬᠤ ᠥᠬᠡᠶ᠃ ᠠᠷᠠᠰᠤᠨ᠎ᠤ ᠴᠢᠭᠢᠭ᠎ᠢ ᠪᠠᠲᠤᠯᠠᠬᠤ ᠠᠵᠢᠯ᠎ᠢ ᠰᠠᠶ᠋ᠢᠲᠤᠷ ᠬᠢᠵᠦ᠍᠂ ᠠᠯᠢ ᠲᠦᠷᠭᠡᠨ᠎ᠢᠶᠠᠷ ᠴᠢᠭᠢᠭ᠎ᠢ ᠪᠠᠲᠤᠯᠠᠬᠤ ᠰᠢᠨᠭᠭᠡᠨ ᠲᠤᠰᠤ ᠵᠢ ᠲᠦᠷᠬᠢᠬᠦ᠌ ᠬᠡᠷᠡᠭᠲᠡᠶ᠃
3. ᠡᠨᠡ 3 ᠵᠦᠢᠯ᠎ᠤᠨ ᠪᠠᠶ᠋ᠢᠳᠠᠯ ᠳᠣᠣᠷ᠎ᠠ ᠪᠡᠶ᠎ᠡ ᠪᠡᠨ ᠤᠬᠢᠶᠠᠬᠤ ᠦᠭᠡᠢ ᠪᠤᠯ ᠵᠤᠬᠢᠨ᠎ᠠ᠃ ᠦᠨᠳᠦᠷ ᠬᠠᠯᠠᠭᠤᠨ ᠤᠷᠴᠢᠨ ᠳ᠋ᠥ᠍ ᠪᠡᠶ᠎ᠡ᠎ᠪᠠᠨ ᠤᠬᠢᠶᠠᠬᠤ ᠦᠭᠡᠢ ᠪᠠ ᠶᠡᠬᠡ ᠪᠡᠷ ᠬᠠᠯᠠᠭᠤᠷᠠᠵᠦ᠍ ᠪᠠᠶ᠋ᠢᠭ᠎ᠠ ᠦᠶ᠎ᠡ ᠳ᠋ᠥ᠍ ᠡᠪᠡᠳᠴᠢᠲᠡᠨ ᠪᠡᠶ᠎ᠡ᠎ᠪᠠᠨ ᠤᠬᠢᠶᠠᠬᠤ ᠦᠭᠡᠢ ᠪᠤᠯ ᠵᠤᠬᠢᠨ᠎ᠠ᠃ ᠴᠠᠳᠲᠠᠯ᠎ᠠ ᠢᠳᠡᠭᠰᠡᠨ ᠪᠤᠶᠤ ᠥᠯᠦᠰᠬᠦᠯᠡᠩ ᠪᠠᠢᠬᠤ ᠦᠶ᠎ᠡ ᠳ᠋ᠥ᠍ ᠪᠡᠶ᠎ᠡ ᠤᠬᠢᠶᠠᠬᠤ᠎ᠶᠢ ᠴᠡᠭᠡᠷᠯᠡᠵᠦ᠍᠂ ᠬᠣᠭᠣᠯᠠ ᠢᠳᠡᠭᠰᠡᠨ᠎ᠤ ᠪᠡᠨ ᠨᠢᠭᠡ ᠴᠠᠭ᠎ᠤᠨ ᠳᠠᠷᠠᠭ᠎ᠠ ᠪᠡᠶ᠎ᠡ ᠤᠬᠢᠶᠠᠪᠠᠯ ᠪᠤᠯ ᠬᠠᠮᠤᠭ᠎ᠤᠨ ᠰᠠᠶ᠋ᠢᠨ᠃ ᠤᠷᠲᠤ᠌ ᠬᠤᠭᠤᠴᠠᠭ᠎ᠠ᠎ᠪᠠᠷ ᠬᠥᠳᠡᠯᠭᠡᠭᠡᠨ ᠬᠢᠭᠰᠡᠨ ᠪᠤᠶᠤ ᠰᠢᠷᠦᠭᠦᠨ ᠬᠥᠳᠡᠯᠭᠡᠭᠡᠨ ᠬᠢᠭᠰᠡᠨ᠂ ᠤᠷᠲᠤ᠌ ᠬᠤᠭᠤᠴᠠᠭ᠎ᠠ᠎ᠪᠠᠷ ᠲᠠᠷᠢᠬᠢᠨ᠎ᠤ ᠬᠥᠳᠡᠯᠭᠡᠭᠡᠨ ᠬᠢᠭᠰᠡᠨ ᠦᠶ᠎ᠡ᠎ᠳᠤ ᠴᠦᠮ ᠪᠡᠶ᠎ᠡ᠎ᠪᠠᠨ ᠤᠬᠢᠶᠠᠬᠤ ᠦᠭᠡᠢ ᠪᠤᠯ ᠵᠤᠬᠢᠨ᠎ᠠ᠃
(《ᠠᠷᠠᠳ᠎ᠤᠨ ᠰᠦᠯᠵᠢᠶ᠎ᠠ》 ᠡᠴᠨ ᠨᠠᠢᠷᠠᠭᠤᠯᠤᠨ ᠠᠪᠤᠪᠠ)