ᠨᠤᠳᠤᠭ ᠤᠷᠤᠨ᠎ᠳᠠᠭᠠᠨ ᠠᠯᠳᠠᠷ ᠴᠤᠤᠳᠠᠢ ᠮᠠᠯ᠎ᠤᠨ ᠡᠮᠴᠢ
2026-05-22 10:28:55
ᠵᠣᠬᠢᠶᠠᠭ᠍ᠴᠢ᠄
ᠰᠡᠴᠡᠨᠪᠢᠯᠢᠭ ᠭᠠᠪᠢᠷ᠎ᠠ ᠦᠢᠯᠡᠰ
ᠣᠩᠱᠢᠭ᠍ᠰᠠᠨ ᠣᠳᠠᠭ᠎ᠠ᠄
★★★☆☆

ᠤᠷᠳᠤᠰ ᠬᠤᠳᠠ ᠵᠢᠨ ᠤᠲᠤᠭ ᠬᠤᠱᠢᠭᠤᠨ᠎ᠤ ᠠᠷᠪᠠᠰ ᠰᠤᠮᠤᠨ᠎ᠤ ᠬᠦᠭᠡᠲᠤᠯᠤᠭᠠᠢ ᠭᠠᠴᠠᠭ᠎ᠠ᠎ᠪᠠᠷ ᠨᠤᠲᠤᠭ ᠲᠠᠢ ᠰᠠᠷᠠᠨ᠎ᠠ ᠪᠤᠯ ᠠᠢᠯ ᠠᠢᠮᠠᠭ ᠲᠠᠭᠠᠨ ᠬᠦᠷᠢᠶᠡᠯᠡᠯ᠎ᠲᠠᠢ᠂ ᠮᠠᠯ ᠤᠨᠤᠭ᠎ᠠ ᠵᠢᠨ ᠡᠪᠡᠳᠴᠢᠨ ᠭᠡᠮ᠎ᠢ ᠡᠮᠨᠡᠨ ᠵᠠᠰᠠᠬᠤ᠎ᠳᠦ ᠮᠡᠷᠭᠡᠰᠢᠭᠰᠡᠨ ᠮᠠᠯ᠎ᠤᠨ ᠡᠮᠴᠢ ᠶᠤᠮᠰᠠᠨ᠃ ᠳᠡᠷᠡ ᠪᠡᠷ ᠶᠡᠭᠡ ᠰᠤᠷᠭᠠᠭᠤᠯᠢ ᠡᠴᠨ ᠮᠡᠯ ᠡᠮᠨᠡᠯᠬᠡ ᠵᠢᠨ ᠲᠤᠰᠬᠠᠢ ᠮᠡᠷᠬᠡᠵᠢᠯ ᠵᠢᠡᠷ ᠲᠠᠬᠦᠰᠤᠬᠡᠳ ᠨᠤᠲᠤᠭ ᠲᠠᠭᠠᠨ ᠪᠤᠴᠠᠭᠰᠠᠨ᠎ᠤ ᠲᠠᠷᠠᠭ᠎ᠠ ᠤᠬᠤᠷᠬᠠᠨ ᠠᠷᠪᠠᠨ ᠬᠡᠳᠦᠨ ᠵᠢᠯ᠎ᠤᠨ ᠬᠤᠭᠤᠴᠠᠭᠠᠨ ᠳ᠋ᠤ ᠦᠪᠡᠷ ᠲᠡᠭᠡᠨ ᠤᠯᠠᠮ ᠢᠯᠡᠬᠦᠦ ᠰᠢᠮᠲᠡᠨ ᠰᠤᠷᠤᠯᠴᠠᠬᠤ ᠵᠢᠨ ᠳᠠᠭᠠᠤ ᠮᠠᠯ᠎ᠤᠨ ᠡᠮᠴᠢ᠎ᠶᠢ ᠳᠠᠭᠠᠵᠦ ᠮᠠᠯ ᠳ᠋ᠤ ᠳᠠᠷᠢᠯᠭ᠎ᠠ ᠬᠢᠬᠦ᠂ ᠬᠤᠷᠤᠬᠠᠢ ᠬᠦᠭᠡᠭᠡᠬᠦ᠂ ᠮᠡᠰᠡ ᠵᠠᠰᠠᠯ ᠬᠢᠬᠦ  ᠁ ᠵᠡᠷᠭᠡ ᠮᠠᠯ ᠤᠨᠤᠭ᠎ᠠ ᠵᠢᠨ ᠬᠢᠵᠢᠭ ᠬᠡᠮ᠎ᠢ ᠰᠡᠷᠬᠡᠢᠯᠡᠬᠦ ᠠᠵᠢᠯ᠎ᠳᠦ ᠤᠷᠤᠯᠴᠠᠵᠦ᠂ ᠨᠢᠭᠡ ᠮᠡᠳᠡᠬᠦ᠎ᠳᠦ ᠤᠷᠤᠨ ᠨᠤᠳᠤᠭ ᠲᠠᠭᠠᠨ ᠠᠯᠳᠠᠷᠰᠢᠭᠰᠠᠨ ᠮᠠᠯ᠎ᠤᠨ ᠡᠮᠴᠢ ᠪᠤᠯᠤᠭᠰᠠᠨ ᠪᠠᠢᠯ᠎ᠠ᠃ ᠲᠡᠭᠦᠨ᠎ᠤ ᠮᠠᠯᠴᠢᠳ᠎ᠲᠠᠭᠠᠨ ᠲᠤᠰᠠ ᠳᠡᠮᠵᠢᠯᠭᠡ ᠪᠤᠯᠤᠶ᠎ᠠ ᠭᠡᠰᠡᠨ ᠠᠷᠢᠭᠤᠨ ᠴᠠᠭᠠᠨ ᠰᠡᠳᠬᠢᠯ᠂ ᠨᠠᠷᠢᠨ ᠬᠢᠨᠠᠭᠤᠷ ᠵᠠᠡᠭ ᠠᠭᠠᠯᠢ᠂ ᠤᠯᠠᠨ ᠡᠴᠨ ᠬᠡᠳᠤᠢᠳᠦᠭᠰᠡᠡ ᠮᠠᠯ ᠤᠨᠤᠭ᠎ᠠ ᠡᠮᠨᠡᠬᠦ ᠮᠡᠷᠬᠡᠵᠢᠯ ᠨᠢ ᠮᠠᠯᠴᠢᠳ᠎ᠤᠨ ᠵᠢᠡᠨ ᠬᠦᠷᠢᠶᠡᠯᠡᠯ᠎ᠢ ᠤᠯᠵᠦ᠂ ᠵᠡᠷᠭᠡᠯᠡᠳᠡᠭᠡ ᠠᠢᠮᠠᠭ ᠬᠤᠰᠢᠭᠤ ᠪᠡᠷ᠎ᠴᠦ ᠪᠠᠢᠡᠭᠭᠤ ᠤᠷᠢᠬᠳᠠᠨ  ᠮᠠᠯ ᠤᠨᠤᠭᠠᠨ᠎ᠤ ᠡᠪᠡᠳᠴᠢᠨ᠎ᠢ ᠲᠤᠳᠤᠯᠠᠵᠤ᠂ ᠡᠮ ᠲᠠᠷᠢᠯᠭ᠎ᠠ ᠬᠢᠬᠦ ᠪᠤᠶᠤ ᠮᠡᠰᠡ ᠵᠠᠰᠠᠯ ᠬᠢᠵᠤ ᠶᠠᠪᠤᠳᠠᠭ ᠪᠠᠢᠯ᠎ᠠ᠃


c0ddef2a-dffe-4560-96a4-b6776465e889.png


ᠰᠠᠷᠠᠨ᠎ᠠ ᠤᠯᠤᠯᠳᠠ ᠲᠦᠷᠦᠭᠳᠡᠯ ᠵᠢᠠᠠ ᠪᠢᠴᠢᠨ᠎ᠠ


ᠰᠠᠷᠠᠨ᠎ᠠ 2007 ᠤᠨ ᠳ᠋ᠤ ᠤᠯᠠᠭᠠᠨᠬᠠᠳᠠ ᠲᠡᠭᠡᠳᠦ ᠰᠤᠷᠭᠠᠭᠤᠯᠢ ᠳ᠋ᠤ ᠤᠶᠤᠳᠠᠨ ᠠᠮᠢᠳᠤᠷᠠᠯ᠎ᠢ᠋ᠢᠡᠨ ᠡᠬᠢᠯᠡᠬᠦᠯᠦᠭᠰᠡᠡ ᠡᠳᠤᠷ ᠡᠴᠡ ᠡᠬᠢᠯᠡᠨ ᠰᠢᠯᠢᠳᠡᠭ ᠮᠠᠯ᠎ᠦᠨ ᠡᠮᠴᠢ ᠪᠤᠯᠵᠥ᠂ ᠮᠠᠯᠴᠢᠨ ᠲᠥᠮᠡᠨ᠎ᠳ᠋ᠡᠬᠡᠨ ᠤᠢᠯᠡᠴᠢᠯᠡᠬᠥ ᠬᠥᠰᠡᠯ᠎ᠢ ᠡᠪᠤᠷᠯᠡᠭᠰᠡᠭᠡᠷ ᠢᠷᠡᠭᠰᠡᠨ ᠪᠢᠯᠡ᠂ ᠡᠨᠡ ᠬᠦ᠌ ᠡᠬᠡᠯ  ᠵᠢᠷ᠎ᠤᠨ ᠮᠥᠷᠳᠡᠯ᠎ᠠ ᠠᠭᠤᠤ ᠲᠡᠮᠡᠤᠯᠤᠯ ᠨᠢ ᠲᠡᠬᠥᠨ᠎ᠢ ᠬᠢᠴᠢᠶᠡᠯ ᠰᠤᠷᠤᠯᠭ᠎ᠠ᠎ᠳᠠᠭᠠᠨ ᠰᠢᠮᠳᠠᠭᠤᠯᠤᠨ᠂ ᠮᠡᠳᠡᠯᠬᠡ ᠮᠡᠷᠬᠡᠰᠢᠯ᠎ᠢ ᠰᠠᠢᠳᠤᠷ ᠡᠵᠡᠮᠰᠢᠬᠥᠯᠬᠦ ᠬᠥᠳᠡᠯᠬᠡᠭᠴᠢ ᠬᠥᠴᠥᠨ ᠨᠢ ᠪᠤᠯᠤᠭᠰᠠᠨ ᠪᠠᠢᠳᠠᠭ᠃

2010 ᠤᠨ ᠳ᠋ᠤ᠎ᠲᠡᠷᠡ ᠶᠡᠭᠡ ᠰᠤᠷᠭᠠᠭᠤᠯᠢ ᠪᠡᠨ ᠲᠡᠭᠦᠰᠴᠤ ᠤᠲᠤᠭ ᠬᠤᠰᠢᠭᠤᠨ᠎ᠤ ᠠᠷᠪᠠᠰ ᠰᠤᠮᠤᠨ᠎ᠤ ᠮᠠᠯ ᠡᠮᠨᠡᠯᠬᠡ ᠵᠢᠨ ᠦᠷᠳᠡᠬᠡ᠎ᠳᠤ ᠠᠵᠢᠯ᠎ᠤᠨ ᠭᠠᠷᠤᠭ᠎ᠠ ᠪᠡᠨ ᠠᠪᠴᠠᠢ᠃ ᠠᠨᠭᠬᠠᠯᠠᠵᠤ ᠠᠵᠢᠯ᠎ᠤᠨ ᠪᠠᠢᠷᠢᠨ ᠳ᠋ᠤ ᠭᠠᠷᠤᠭᠰᠠᠨ ᠲᠡᠷᠡ ᠮᠠᠨᠢ ᠦᠢᠯᠡᠳᠦᠯᠬᠡ ᠪᠡᠷ ᠬᠤᠮᠰᠠ ᠪᠠᠢᠵᠤ ᠮᠠᠯ ᠡᠮᠨᠡᠬᠦ᠎ᠳᠤ ᠰᠠᠨᠳᠤᠷᠬᠤ᠂ ᠡᠪᠡᠳᠴᠢᠨ᠎ᠢ ᠨᠢ ᠲᠤᠳᠤᠷᠬᠠᠢ ᠤᠨᠤᠰᠢᠯᠠᠵᠤ ᠳᠡᠢᠯᠬᠦ ᠦᠭᠡᠢ ᠵᠡᠷᠭᠡ ᠤᠯᠠᠨ ᠬᠦᠴᠢᠷᠳᠡᠯ ᠳ᠋ᠤ ᠲᠤᠯᠭᠠᠷᠠᠵᠠᠢ᠃ 《ᠲᠤᠯᠵᠤ ᠢᠷᠡᠭᠰᠡᠨ ᠶᠠᠪᠤᠳᠠᠯ᠎ᠢ ᠲᠤᠭᠤᠯᠵᠤ ᠭᠠᠷᠬᠤ ᠡᠴᠡ ᠪᠢᠰᠢ ᠲᠤᠭᠤᠷᠢᠵᠤ ᠭᠠᠷᠳᠠᠭ ᠦᠭᠡᠢ》 ᠵᠢᠨ ᠵᠢᠮ᠎ᠡ ᠪᠡᠷ ᠰᠠᠷᠠᠨ᠎ᠠ 2012 ᠤᠨ ᠡᠴᠡ 2014 ᠤᠨ ᠬᠦᠷᠲᠡᠯ᠎ᠡ ᠨᠤᠳᠤᠭ᠎ᠦᠨ ᠬᠠᠰᠢᠷ ᠮᠠᠯ᠎ᠦᠨ ᠡᠮᠴᠢ ᠮᠠᠨᠭᠯᠠᠢᠵᠢᠷᠭᠠᠯ᠎ᠦᠨ ᠭᠠᠷ᠎ᠤᠨ ᠱᠠᠪᠢ ᠪᠤᠯᠵᠥ᠂ ᠵᠢᠯ᠎ᠤᠨ ᠲᠦᠷᠪᠡᠨ ᠤᠯᠠᠷᠢᠯ ᠳ᠋ᠤ ᠠᠮᠠᠷᠠᠯᠲᠠ ᠵᠢᠨ ᠡᠳᠦᠷ ᠦᠭᠡᠢ ᠪᠡᠷ ᠪᠠᠭᠰᠢ ᠪᠡᠨ ᠳᠠᠭᠠᠨ ᠡᠨᠳᠡ ᠲᠡᠨᠳᠡ ᠬᠦᠷᠴᠤ ᠡᠮᠴᠢᠯᠡᠬᠡ ᠬᠢᠳᠡᠭ ᠪᠠᠢᠯ᠎ᠠ᠃ ᠬᠤᠶᠠᠷ ᠵᠢᠯ᠎ᠦᠨ ᠲᠤᠷᠰᠢ᠂ ᠮᠠᠨᠭᠯᠠᠢᠵᠢᠷᠭᠠᠯ ᠪᠠᠭᠰᠢ᠎ᠢ᠋ᠢᠨ ᠵᠢᠭᠠᠨ ᠵᠢᠯᠤᠭᠤᠳᠤᠯᠭ᠎ᠠ ᠪᠠᠷ ᠰᠠᠷᠠᠨ᠎ᠠ ᠵᠢᠨ ᠤᠢᠯᠡᠳᠤᠯᠬᠡ᠎ᠳᠤ ᠤᠷᠤᠯᠴᠠᠬᠰᠠᠠ ᠳᠤᠭ᠎ᠠ  ᠨᠢ ᠤᠯᠠᠰᠢᠷᠠᠵᠥ᠂ ᠮᠠᠯ᠎ᠦᠨ ᠡᠪᠡᠳᠴᠢᠨ᠎ᠢ ᠡᠮᠨᠡᠬᠥ ᠲᠤᠷᠰᠢᠯᠭ᠎ᠠ ᠨᠢ ᠴᠸ᠋ ᠨᠡᠮᠡᠭᠳᠡᠭᠰᠡᠨ᠎ᠪᠠᠢᠨ᠎ᠠ᠃

《ᠶᠡᠬᠡ ᠰᠤᠷᠭᠠᠭᠤᠯᠢ᠎ᠳᠤ ᠰᠤᠷᠤᠭᠰᠠᠨ ᠤᠨᠤᠯ᠎ᠦᠨ ᠮᠡᠳᠡᠯᠬᠡ ᠮᠢᠨᠤ ᠬᠤᠵᠢᠮ᠎ᠤᠨ ᠰᠠᠢᠨ ᠮᠠᠯ᠎ᠤᠨ ᠡᠮᠴᠢ ᠪᠤᠯᠵᠤ ᠮᠠᠯ᠎ᠦᠨ ᠡᠪᠡᠳᠴᠢᠨ᠎ᠢ ᠡᠮᠨᠡᠬᠥ᠎ᠳᠤ ᠰᠠᠭᠤᠷᠢ ᠲᠠᠯᠪᠢᠵᠥ ᠥᠭᠴᠠᠢ᠃ ᠬᠡᠳᠡᠯ᠎ᠠ ᠰᠠᠢᠨ ᠮᠠᠯ᠎ᠦᠨ ᠡᠮᠴᠢ ᠪᠤᠯᠤᠶ᠎ᠠ ᠬᠡᠪᠡᠯ ᠵᠠᠪᠠᠯ ᠰᠠᠢᠨ ᠪᠠᠭᠰᠢ᠎ᠶᠢ ᠳᠠᠭᠠᠵᠤ ᠤᠢᠯᠡᠳᠤᠯᠬᠡ᠎ᠳᠤ ᠢᠯᠡᠬᠥᠬᠡᠨ ᠤᠷᠤᠯᠴᠠᠬᠤ ᠴᠢᠬᠤᠯᠠᠳᠠᠢ᠃ ᠤᠢᠯᠡᠳᠤᠯᠬᠡ᠎ᠳᠤ ᠤᠷᠤᠯᠴᠠᠬᠤ ᠶᠠᠪᠤᠴᠠ᠎ᠲᠤᠮᠳᠠ ᠮᠠᠯᠴᠢᠳ᠎ᠦᠨ ᠵᠤᠷᠢᠭᠵᠢᠭᠤᠯᠤᠯ ᠨᠠᠳᠠᠳᠤ ᠮᠠᠰᠢ ᠶᠡᠬᠡ ᠢᠳᠡᠬᠡᠯ ᠵᠤᠷᠢᠭ᠎ᠢ ᠤᠯᠭᠤᠭᠰᠠᠨ᠃ ᠠᠡᠭᠬᠠᠨ᠎ᠳᠠᠭᠠᠨ ᠪᠢ ᠰᠠᠨᠳᠤᠷᠤᠭᠰᠠᠨ ᠡᠴᠡ ᠪᠤᠯᠵᠥ᠂ ᠮᠠᠰᠠ ᠵᠠᠰᠠᠯ ᠬᠢᠬᠥ᠎ᠳᠤ ᠭᠠᠷ ᠴᠡᠴᠡᠷᠡᠬᠥ᠂ ᠡᠮ ᠶᠡᠬᠥᠯᠡᠬᠥ᠎ᠳᠤ ᠰᠤᠳᠠᠰᠤ᠎ᠢ᠋ᠢ ᠨᠢ ᠬᠠᠳᠬᠤᠵᠥ ᠤᠨᠤᠭᠠᠵᠤ ᠴᠢᠳᠠᠬᠤ ᠥᠬᠡᠢ ᠪᠠᠢᠯ᠎ᠠ᠃ ᠠᠭᠠᠵᠢᠮ᠎ᠳᠠᠭᠠᠨ ᠮᠡᠷᠬᠡᠵᠢᠯ ᠰᠠᠢᠵᠢᠷᠠᠵᠥ᠂ ᠤᠯᠠᠨ ᠲᠤᠷᠰᠢᠯᠭ᠎ᠠ ᠬᠤᠷᠠᠮᠳᠤᠭᠤᠯᠤᠭᠰᠠᠠ᠎ᠤ ᠰᠠᠢᠨ ᠵᠢᠡᠷ ᠰᠢᠤ》 ᠬᠡᠵᠥ ᠰᠠᠷᠠᠨ᠎ᠠ ᠤᠯᠤᠯᠳᠠ ᠲᠥᠷᠥᠭᠳᠡᠯ᠎ᠢ᠋ᠢᠨᠨ ᠬᠤᠪᠢᠶᠠᠯᠴᠠᠨ᠎ᠠ᠃


663a3da1-1889-49a7-8676-acb396818d9b.png


ᠡᠮᠴᠢᠯᠡᠬᠡ ᠬᠢᠨ᠎ᠠ


2016 ᠤᠨ ᠳ᠋ᠤ ᠰᠠᠷᠠᠨ᠎ᠠ ᠵᠢᠨ ᠮᠡᠯ ᠡᠮᠨᠡᠬᠦ ᠮᠡᠷᠬᠡᠵᠢᠯ ᠴᠢᠳᠠᠪᠤᠷᠢ ᠨᠢ ᠬᠤᠯᠠ ᠤᠢᠷ᠎ᠠ ᠳ᠋ᠠᠭᠠᠨ ᠮᠡᠳᠡᠷᠡᠭᠳᠡᠨ ᠤᠲᠤᠭ ᠬᠤᠰᠢᠭᠤᠨ᠎ᠤ ᠮᠠᠯ ᠡᠮᠨᠡᠯᠬᠡ ᠵᠢᠨ ᠨᠡᠢᠬᠡᠮᠴᠢᠯᠡᠬᠰᠡᠡ ᠤᠢᠯᠠᠴᠢᠯᠡᠬᠡᠨ᠎ᠤ ᠲᠦᠪ ᠲᠤ᠌ ᠠᠵᠢᠯ ᠰᠢᠯᠵᠢᠭᠰᠡᠡ ᠪᠠᠢᠯ᠎ᠠ᠃ ᠲᠡᠷᠡ ᠡᠨᠳᠡ ᠪᠦᠬᠦ ᠬᠤᠰᠢᠭᠤᠨ᠎ᠤ ᠬᠡᠪᠴᠢᠶᠡᠨ ᠳ᠋ᠤ ᠮᠠᠯ ᠡᠮᠨᠡᠬᠦ ᠵᠢᠨ ᠳᠠᠭᠠᠤ ᠤᠯᠠᠨ ᠵᠦᠢᠯ᠎ᠤᠨ ᠡᠪᠡᠳᠴᠢᠨ ᠡᠮᠬᠡᠭ ᠲᠠᠢ ᠮᠠᠯ᠎ᠢ ᠡᠮᠨᠡᠨ ᠡᠳᠡᠭᠡᠷᠡᠬᠦᠯᠵᠤ᠂ ᠨᠤᠲᠤᠭ᠎ᠤᠨ ᠠᠷᠠᠳ ᠲᠤ᠌ ᠶᠡᠬᠡᠳᠡ ᠲᠤᠰᠠ ᠲᠡᠮᠵᠢᠯᠬᠡ ᠦᠵᠡᠬᠦᠯᠵᠠᠢ᠃ ᠬᠡᠪᠡᠴᠤ ᠲᠡᠭᠦᠨ᠎ᠤ ᠰᠡᠳᠬᠢᠯ ᠡᠴᠨ ᠶᠠᠷᠤ ᠭᠠᠷᠳᠠᠭ ᠦᠬᠡᠢ ᠨᠢᠬᠡᠨ ᠤᠴᠢᠷ ᠪᠤᠢ᠃ ᠤᠳᠤ ᠴᠠᠭ ᠲᠤ᠌ ᠭᠠᠳᠠᠨ᠎ᠠ ᠤᠷᠤᠨ ᠡᠴᠡ ᠤᠯᠠᠨ ᠶᠠᠨᠭᠵᠤ ᠵᠢᠨ ᠡᠬᠦᠯᠳᠡᠷ᠎ᠤᠨ ᠮᠠᠯ ᠤᠷᠤᠵᠤ ᠢᠷᠡᠬᠦ ᠵᠢᠨ ᠳᠠᠭᠠᠤ ᠠᠭᠤᠷ ᠠᠮᠢᠰᠬᠤᠯ᠎ᠤᠨ ᠬᠤᠪᠢᠷᠠᠯᠲᠠ ᠶᠡᠭᠡᠲᠡᠢ ᠡᠴᠡ ᠰᠢᠯᠲᠠᠭᠠᠯᠠᠨ ᠮᠠᠯ᠎ᠤᠨ ᠡᠪᠡᠳᠴᠢᠨ ᠡᠮᠬᠡᠭ ᠤᠤᠯ᠎ᠤᠨ ᠬᠢ ᠲᠠᠢ ᠠᠳᠠᠯᠢᠬᠠᠨ ᠬᠡᠲᠦᠬᠡᠨ ᠲᠦᠷᠦᠯ ᠳ᠋ᠤ ᠬᠠᠷᠢᠶᠠᠯᠠᠭᠳᠠᠬᠤ ᠪᠡᠨ ᠪᠤᠯᠢᠵᠠᠢ᠂ ᠡᠨᠡ ᠨᠢ ᠮᠦᠨ ᠴᠤ᠌ ᠮᠠᠯᠴᠢᠳ᠎ᠤᠨ ᠰᠠᠨᠠᠭᠠᠨ᠎ᠤ ᠡᠪᠡᠳᠴᠢᠨ ᠪᠤᠯᠤᠭᠰᠠᠠ ᠪᠠᠢᠨ᠎ᠠ᠃ ᠡᠢᠮᠤ ᠪᠠᠢᠳᠠᠯ᠎ᠳᠤ ᠡᠮᠴᠢ ᠰᠠᠢᠨ ᠪᠠᠢᠬᠤ ᠪᠡᠷ ᠪᠠᠷᠠᠬᠤ ᠦᠭᠡᠢ ᠡᠮ᠎ᠴᠤ ᠡᠷᠭᠡᠪᠰᠢ ᠰᠠᠢᠨ ᠪᠠᠢᠬᠤ ᠬᠡᠷᠡᠭᠲᠡᠢ᠂ ᠤᠲᠤᠭ ᠬᠤᠰᠢᠭᠤᠨ ᠳ᠋ᠤ ᠪᠠᠢᠭ᠎ᠠ ᠮᠠᠯ᠎ᠤᠨ ᠡᠮ᠎ᠤᠨ ᠲᠦᠷᠦᠯ ᠵᠦᠢᠯ ᠲᠡᠷᠡ ᠦᠶ᠎ᠡ ᠳ᠋ᠤ ᠪᠦᠷᠢᠨ ᠲᠡᠬᠦᠯᠳᠡᠷ ᠪᠢᠰᠢ ᠪᠠᠢᠭ᠎ᠠ ᠪᠠᠢᠳᠠᠯ ᠳ᠋ᠤ ᠴᠢᠭᠯᠡᠬᠦᠯᠥᠨ ᠲᠡᠷᠡ ᠪᠡᠷ 2019 ᠤᠨ ᠳ᠋ᠤ ᠮᠠᠯ᠎ᠤᠨ ᠡᠮ᠎ᠤᠨ ᠳᠡᠯᠬᠡᠬᠦᠷ ᠡᠷᠬᠢᠯᠡᠵᠡᠢ᠃ ᠬᠡᠪᠡᠴᠤ ᠡᠬᠦᠨ ᠲᠠᠢ ᠵᠡᠷᠭᠡᠴᠡᠭᠡᠳ ᠪᠠᠰᠠ ᠨᠢᠬᠡ ᠠᠰᠠᠭᠤᠳᠠᠯ ᠭᠠᠷᠴᠤ ᠢᠷᠡᠪᠡ᠂ ᠵᠠᠷᠢᠮ ᠮᠠᠯᠴᠢᠳ ᠲᠡᠭᠦᠨ᠎ᠤ ᠳᠡᠯᠬᠡᠬᠦᠷ᠎ᠡᠴᠨ ᠮᠠᠯ᠎ᠤᠨ ᠡᠮ ᠠᠪᠤᠭᠰᠠᠨ᠎ᠴᠤ ᠦᠪᠡᠷ ᠵᠢᠡᠨ ᠡᠮᠨᠡᠵᠤ ᠲᠠᠢᠯᠬᠦ ᠦᠭᠡᠢ᠂ ᠰᠠᠷᠠᠨ᠎ᠠ ᠠᠷᠭ᠎ᠠ ᠪᠤᠰᠤ ᠬᠡᠷ᠎ᠲᠤᠨᠢ ᠤᠴᠢᠵᠤ ᠦᠢᠯᠡᠴᠢᠯᠡᠳᠡᠭ᠃ ᠲᠠᠷᠠ ᠦᠶᠠᠰ ᠲᠤ᠌ ᠬᠦᠮᠦᠨ᠎ᠤ ᠬᠦᠴᠦ ᠬᠦᠷᠦᠯᠴᠡᠬᠦ ᠦᠭᠡᠢ ᠮᠦᠷᠳᠡᠬᠡᠨ ᠴᠠᠭ ᠶᠡᠭᠡ ᠵᠠᠷᠤᠴᠠᠭᠤᠯᠳᠠᠭ ᠪᠠᠢᠵᠠᠢ᠃

ᠠᠵᠠ ᠪᠡᠷ 2024 ᠤᠨ ᠳ᠋ᠤ ᠠᠷᠪᠠᠰ ᠰᠤᠮᠤᠨ᠎ᠤ ᠬᠦᠭᠡᠲᠤᠯᠤᠭᠠᠢ ᠭᠠᠴᠠᠭ᠎ᠠ ᠵᠢᠨ ᠬᠢᠨ《ᠠᠷᠪᠠᠰ᠎ᠤᠨ ᠮᠠᠯ ᠡᠮᠨᠡᠯᠬᠡ ᠵᠢᠨ ᠡᠮᠴᠢᠯᠡᠬᠡᠨ᠎ᠤ ᠨᠡᠢᠬᠡᠮᠴᠢᠯᠡᠭᠰᠡᠨ ᠦᠢᠯᠡᠴᠢᠯᠡᠬᠡᠨ᠎ᠤ ᠲᠦᠪ》 ᠢ᠋ ᠪᠠᠢᠭᠤᠯᠵᠤ᠂ ᠰᠠᠷᠠᠨ᠎ᠠ ᠡᠷᠬᠢᠯᠡᠭᠴᠢ ᠪᠤᠯᠵᠤ᠂ ᠦᠰᠴᠤ ᠲᠦᠷᠦᠭᠰᠡᠨ ᠨᠤᠲᠤᠭ ᠤᠰᠤᠨ᠎ᠤ ᠪᠡᠨ ᠮᠠᠯᠴᠢᠳ ᠲᠠᠢ ᠪᠠᠨ ᠨᠡᠡᠭ ᠤᠢᠷᠠᠬᠠᠨ ᠪᠤᠯᠵᠤ᠂ ᠮᠠᠯᠴᠢᠳ᠎ᠤᠨ ᠰᠡᠳᠬᠢᠯ᠎ᠤᠨ ᠲᠠᠷᠤᠭᠠᠰᠤ ᠵᠢ ᠨᠢ ᠬᠦᠩᠬᠡᠷᠡᠬᠦᠯᠵᠠᠢ᠃ ᠡᠨᠳᠡ ᠲᠤᠰᠬᠠᠢᠯᠠᠨ ᠮᠠᠯ ᠳ᠋ᠤ ᠮᠡᠰᠡ ᠵᠠᠰᠠᠯ ᠬᠢᠬᠦ᠂ ᠵᠡᠬᠦᠦ ᠲᠠᠷᠢᠯᠭ᠎ᠠ ᠬᠢᠬᠦ᠂ ᠡᠪᠡᠳᠴᠢᠨ ᠤᠨᠤᠰᠢᠯᠠᠬᠤ᠂ ᠡᠮ ᠬᠤᠳᠠᠯᠳᠤᠬᠤ ᠵᠡᠷᠭᠡ ᠬᠡᠳᠦᠨ ᠲᠠᠰᠤᠯᠭ᠎ᠠ ᠦᠷᠦᠭᠡ ᠭᠠᠷᠭᠠᠭᠰᠠᠨ ᠪᠤᠯᠬᠤᠷ ᠤᠢᠷ᠎ᠠ ᠬᠠᠪᠢ ᠵᠢᠨ ᠮᠠᠯᠴᠢᠳ ᠡᠪᠡᠳᠴᠢᠯᠡᠭᠰᠡᠨ ᠮᠠᠯ ᠵᠢᠡᠨ ᠡᠨᠳᠡ ᠡᠮᠨᠡᠬᠦᠯᠬᠦ ᠳ᠋ᠤ ᠮᠠᠰᠢ ᠲᠦᠬᠦᠮ ᠪᠤᠯᠵᠠᠢ᠃

ᠪᠢᠳᠠ ᠰᠤᠷᠪᠤᠯᠵᠢᠯᠠᠭ᠎ᠠ ᠪᠡᠷ ᠡᠡᠳᠠ ᠢᠷᠡᠬᠦ ᠳ᠋ᠤ ᠦᠷᠦᠭᠡ ᠪᠦᠷᠢ ᠡᠴᠡ ᠨᠢ ᠠᠷᠴᠠ ᠤᠲᠤᠯᠭ᠎ᠠ ᠵᠢᠨ ᠦᠨᠦᠷ ᠦᠨᠤᠷᠳᠤᠵᠤ ᠂ ᠴᠡᠪᠡᠷ ᠲᠤᠬᠢᠯᠢᠭ ᠵᠢᠡᠷ ᠵᠢᠡᠨ ᠭᠠᠢᠬᠠᠭᠳᠠᠵᠤ ᠪᠠᠢᠯ᠎ᠠ᠂ ᠲᠡᠬᠡᠬᠦ᠎ᠳᠤ ᠪᠢᠳᠠᠨ ᠲᠠᠢ ᠵᠡᠷᠭᠡᠴᠡᠭᠡᠳ ᠬᠤᠶᠠᠷ ᠮᠠᠯᠴᠢᠨ ᠨᠢᠬᠡ ᠡᠪᠡᠳᠴᠢᠯᠡᠭᠰᠡᠨ ᠢᠮᠠᠭ᠎ᠠ ᠪᠡᠨ ᠰᠠᠷᠠᠨ᠎ᠠ ᠪᠡᠷ ᠡᠮᠨᠡᠬᠦᠯᠬᠦ ᠪᠡᠷ ᠲᠡᠷᠭᠡ ᠪᠡᠷ ᠲᠡᠭᠡᠭᠡᠪᠦᠷᠢᠯᠡᠵᠤ ᠢᠷᠡᠬᠦ ᠲᠠᠢ ᠬᠠᠷᠭᠤᠯ᠎ᠠ᠃ ᠢᠮᠠᠭᠠᠨ᠎ᠤ ᠡᠵᠡᠨ᠎ᠢ ᠠᠮᠤᠷᠵᠢᠷᠭᠠᠯ ᠬᠡᠳᠡᠭ᠂ ᠤᠲᠤᠭ ᠬᠤᠰᠢᠭᠤᠨ᠎ᠤ ᠤᠯᠠᠭᠠᠨᠪᠠᠯᠭᠠᠰᠤᠨ᠎ᠤ ᠰᠠᠢᠬᠠᠨᠲᠠᠯ᠎ᠠ ᠭᠠᠴᠠᠭ᠎ᠠ ᠪᠡᠷ ᠨᠤᠲᠤᠭ ᠲᠠᠢ᠃ ᠲᠡᠷᠡ ᠪᠢᠳᠠᠨ ᠳ᠋ᠤ᠄ 《ᠰᠠᠷᠠᠨ᠎ᠠ ᠬᠡᠤᠬᠡᠨ ᠪᠤᠯ ᠤᠢᠷ᠎ᠠ ᠬᠠᠪᠢ ᠳ᠋ᠤ ᠦᠭᠡᠢ ᠰᠠᠢᠨ ᠮᠠᠯ᠎ᠤᠨ ᠡᠮᠴᠢ᠂ ᠮᠠᠯ᠎ᠤᠨ ᠡᠪᠡᠳᠴᠢᠨ᠎ᠢ ᠲᠤᠳᠤᠯᠠᠬᠤ ᠳ᠋ᠠᠭᠠᠨ ᠰᠠᠢᠨ᠂ ᠪᠢᠳᠠ ᠵᠠᠷᠢᠮ ᠳ᠋ᠠᠭᠠᠨ ᠡᠪᠡᠳᠴᠢᠯᠡᠭᠰᠡᠨ ᠮᠠᠯ ᠵᠢᠡᠨ ᠠᠪᠤᠭᠠᠳ ᠤᠯᠠᠨ ᠭᠠᠵᠠᠷ ᠵᠢᠡᠷ ᠶᠠᠪᠤᠳᠠᠭ᠎ᠴᠤ ᠵᠠᠷᠢᠮ ᠮᠠᠯ᠎ᠤᠨ ᠡᠮᠴᠢ ᠶᠠᠭ ᠶᠠᠮᠠᠷ ᠡᠪᠡᠳᠴᠢᠨ᠎ᠢ ᠨᠢ ᠲᠤᠳᠤᠯᠠᠵᠤ ᠴᠢᠳᠠᠬᠤ ᠦᠭᠡᠢ᠂ ᠵᠦᠬᠡᠷ ᠯᠡ ᠡᠮ ᠦᠭᠭᠦᠬᠡᠳ ᠪᠠᠢᠳᠠᠭ᠂ ᠲᠡᠷᠡ ᠡᠮ ᠨᠢ ᠲᠤᠰᠠ ᠪᠤᠯᠬᠤ ᠦᠭᠡᠢ ᠪᠤᠯᠤᠭᠰᠠᠭᠠᠷ ᠤᠳᠠᠯ ᠦᠭᠡᠢ ᠮᠠᠯ ᠴᠤ᠌ ᠦᠬᠦᠴᠢᠬᠡᠳᠡᠭ᠂ ᠬᠠᠷᠢᠨ ᠡᠨᠡ ᠬᠡᠤᠬᠡᠨ᠎ᠤ ᠮᠠᠯ᠎ᠤᠨ ᠡᠪᠡᠳᠴᠢᠨ ᠲᠤᠳᠤᠯᠠᠬᠤ᠎ᠶᠢ ᠶᠠᠭ ᠪᠠᠰᠤᠵᠤ ᠪᠤᠯᠬᠤ ᠦᠭᠡᠢ᠂ ᠮᠠᠯ ᠵᠢᠡᠨ ᠠᠪᠴᠢᠷᠠᠭᠠᠳ ᠦᠭᠭᠦᠭᠰᠡᠭᠡᠷ ᠯᠡ ᠠᠪᠤᠷᠠᠯᠲᠠ ᠲᠠᠢ ᠪᠤᠯᠤᠨ᠎ᠠ᠃ ᠤᠳᠤᠬᠠᠨ ᠳ᠋ᠤ ᠮᠠᠨ᠎ᠤ ᠨᠤᠲᠤᠭ ᠲᠤ᠌ ᠡᠢᠮᠤ ᠵᠠᠯᠠᠭᠤᠬᠠᠨ ᠮᠦᠷᠲᠡᠯ᠎ᠡ ᠡᠮᠡᠭᠲᠡᠢ ᠴᠢᠳᠠᠪᠤᠷᠢᠲᠠᠨ ᠮᠠᠰᠢ ᠲᠤᠳᠠᠭᠳᠠᠵᠤ ᠪᠠᠢᠨ᠎ᠠ᠂ ᠰᠠᠷᠠᠨ᠎ᠠ ᠪᠤᠯ ᠮᠠᠨ᠎ᠤ ᠪᠠᠷᠢᠭᠠᠲᠠ ᠵᠢᠨ ᠳᠠᠭᠠᠨ ᠰᠤᠷᠤᠯᠴᠠᠬᠤ ᠳᠠᠭᠤᠷᠢᠶᠠᠯ ᠮᠦᠨ》 ᠬᠡᠮᠡᠨ ᠤᠴᠢᠷᠯᠠᠯ᠎ᠠ᠃

ᠲᠤᠷᠰᠢᠯᠭ᠎ᠠ ᠦᠯᠡᠮᠵᠢ ᠮᠡᠷᠭᠡᠵᠢᠯ ᠦᠡᠳᠦᠷ᠂ ᠤᠢᠯᠡᠴᠢᠯᠡᠬᠡ ᠬᠠᠷᠢᠭᠤᠴᠠᠯᠭ᠎ᠠ ᠰᠠᠢᠳᠠᠢ ᠲᠡᠷᠡ ᠪᠡᠷ ᠮᠠᠯᠴᠢᠨ ᠲᠥᠮᠡᠨ᠎ᠳᠤ ᠶᠡᠬᠡᠬᠡᠨ ᠲᠤᠰᠠ ᠲᠡᠮ ᠥᠵᠡᠬᠥᠯᠵᠥ᠂ ᠮᠠᠯ ᠬᠤᠢ᠎ᠵᠢ ᠰᠠᠢᠳᠤᠷ ᠡᠮᠨᠡᠨ ᠵᠠᠰᠠᠳᠠᠭ᠎ᠢ᠋ᠢᠡᠷ ᠤᠢᠷ᠎ᠡ ᠬᠠᠪᠢ᠎ᠢ᠋ᠢᠨ ᠮᠠᠯᠴᠢᠳ᠎ᠦᠨ ᠢᠳᠡᠬᠡᠯ ᠨᠠᠢᠳᠠᠯᠭ᠎ᠠ᠎ᠢ᠋ᠢ ᠤᠯᠵᠠᠢ᠂ ᠡᠬᠦᠨ᠎ᠢ᠋ᠢᠡᠷ ᠪᠠᠷᠠᠬᠤ ᠥᠬᠡᠢ ᠦᠤᠰᠢᠨ ᠬᠤᠰᠢᠭᠤ᠂ ᠤᠳᠤᠭ᠎ᠦᠨ ᠡᠮᠤᠨᠡᠳᠤ ᠬᠤᠰᠢᠭᠤ᠂ ᠡᠵᠡᠨ ᠬᠤᠷᠤᠭ᠎ᠠ ᠬᠤᠰᠢᠭᠤ᠂ ᠬᠠᠡᠭᠬᠢᠨ ᠬᠤᠰᠢᠭᠤ ᠵᠡᠷᠬᠡ ᠵᠡᠷᠬᠡᠯᠡᠳᠡᠬᠡ ᠬᠤᠰᠢᠭᠤᠨ᠎ᠳᠤ ᠴᠸ᠋ ᠤᠴᠢᠵᠥ ᠮᠠᠯ᠎ᠦᠨ ᠡᠪᠡᠳᠴᠢᠨ᠎ᠢ ᠡᠮᠨᠡᠨ ᠵᠠᠰᠠᠳᠠᠭ᠃ ᠰᠠᠷᠠᠨ᠎ᠠ ᠤᠳᠤ ᠮᠡᠯ᠎ᠦᠨ ᠠᠭᠤᠰᠬᠢᠨ ᠥᠷᠪᠢᠰᠥᠯ᠂ ᠬᠤᠳᠤᠭᠤᠳᠤ ᠬᠡᠳᠡᠰᠤᠨ᠎ᠤ ᠥᠷᠪᠢᠰᠥᠯ᠂ ᠡᠯᠢᠬᠡᠨ ᠥᠷᠪᠢᠰᠥᠯ ᠵᠢᠴᠢ ᠮᠠᠯ᠎ᠦᠨ ᠰᠢᠡᠭᠬᠡᠬᠡᠯᠳᠡ᠎ᠢ᠋ᠢᠨ ᠡᠪᠡᠳᠴᠢᠨ ᠵᠡᠷᠬᠡ ᠡᠯ᠎ᠡ ᠵᠤᠢᠯ᠎ᠦᠨ ᠡᠪᠡᠳᠴᠢᠨ᠎ᠢ ᠤᠨᠤᠰᠢᠯᠠᠵᠥ ᠡᠮᠨᠡᠬᠥ᠂ ᠲᠥᠯᠯᠡᠬᠦ᠎ᠳᠤ ᠪᠡᠷᠬᠡᠳᠡᠭᠰᠡᠡ ᠮᠠᠯ ᠪᠤᠶᠤ ᠲᠡᠮᠤᠷ ᠤᠳᠠᠰᠤ ᠢᠳᠡᠭᠰᠡᠨ ᠮᠠᠯ ᠳ᠋ᠤ ᠮᠡᠰᠠ ᠵᠠᠰᠠᠯ ᠬᠢᠵᠥ ᠦᠭᠳᠡᠭ᠃ ᠲᠠᠷᠠ ᠪᠠᠰᠠ ᠴᠢᠯᠥᠬᠡ ᠵᠠᠪ ᠵᠢᠡᠨ ᠠᠰᠢᠭᠯᠠᠨ ᠮᠠᠯᠴᠢᠳ᠎ᠢ ᠬᠠᠮᠵᠢᠵᠥ ᠮᠠᠯ᠎ᠤᠨ ᠬᠤᠷᠤᠬᠠᠢ ᠳᠠᠭᠤᠬᠤ᠂ ᠬᠢᠵᠢᠭ ᠡᠪᠡᠳᠴᠢᠨ᠎ᠢ ᠰᠡᠷᠬᠡᠢᠯᠡᠬᠦ ᠵᠡᠬᠥᠥ ᠲᠠᠷᠢᠬᠤ᠂ ᠥᠬᠡᠷ ᠬᠤᠨᠢᠨ᠎ᠦ ᠠᠷᠭᠠᠯ ᠬᠤᠷᠭᠤᠯ ᠡᠴᠡ ᠬᠤᠷᠤᠬᠠᠢ ᠪᠠᠢᠴᠠᠭᠠᠬᠤ ᠵᠡᠷᠬᠡ ᠤᠢᠯᠡᠴᠢᠯᠡᠭᠡ᠎ᠢ᠋ᠢ ᠴᠸ᠋ ᠬᠠᠡᠭᠭᠠᠵᠥ᠂ ᠤᠷᠢᠳ ᠬᠤᠵᠢᠳ ᠪᠠᠷᠤᠭ ᠬᠡᠳᠦᠨ ᠵᠠᠭᠤᠨ ᠮᠠᠯ᠎ᠢ ᠡᠮᠨᠡᠵᠥ ᠡᠳᠡᠬᠡᠷᠡᠬᠥᠯᠵᠠᠢ᠃

ᠰᠤᠷᠭᠠᠭᠤᠯᠢ ᠪᠡᠨ ᠳᠡᠬᠦᠰᠴᠤ ᠨᠤᠳᠤᠭ ᠲᠠᠭᠠᠨ ᠪᠤᠴᠠᠭᠰᠠᠨ ᠡᠴᠡ ᠤᠳᠤ ᠪᠤᠯᠲᠠᠯᠠᠬᠢ ᠠᠷᠪᠠᠨ ᠬᠡᠳᠦᠨ ᠵᠢᠯ᠎ᠤᠨ ᠳᠤᠷᠰᠢ ᠰᠠᠷᠠᠨ᠎ᠠ ᠬᠥᠳᠡᠬᠡ ᠪᠠᠭᠤᠵᠥ ᠮᠠᠯᠴᠢᠨ ᠲᠥᠮᠡᠨ᠎ᠳ᠋ᠤ ᠦᠢᠯᠡᠴᠢᠯᠡᠬᠦ ᠶᠠᠪᠤᠴᠠ ᠳ᠋ᠤ ᠮᠠᠯ᠎ᠦᠨ ᠡᠪᠡᠳᠴᠢᠨ᠎ᠢ ᠤᠷᠢᠳᠴᠢᠯᠡᠨ ᠰᠡᠷᠬᠡᠢᠯᠡᠬᠥ ᠮᠡᠳᠡᠯᠬᠡ ᠵᠢ ᠤᠯᠠᠮᠵᠢᠯᠠᠭᠰᠠᠠ ᠡᠴᠨ ᠮᠠᠯᠴᠢᠳ᠎ᠤᠨ ᠮᠠᠯ᠎ᠤᠨ ᠡᠪᠡᠳᠴᠢᠨ ᠡᠮᠬᠡᠭ᠎ᠲᠤ ᠬᠠᠨᠳᠤᠬᠤ ᠤᠪᠤᠷ ᠪᠤᠯᠤᠨ ᠦᠵᠡᠯ ᠪᠤᠳᠤᠯ ᠠᠭᠠᠵᠢᠮ ᠵᠢᠡᠷ ᠬᠤᠪᠢᠷᠠᠵᠤ ᠲᠡᠭᠡᠭᠰᠢᠯᠡᠵᠤ ᠪᠠᠢᠭ᠎ᠠ ᠵᠢ ᠬᠠᠷᠠᠭᠠᠳ ᠰᠡᠳᠬᠢᠯ ᠬᠠᠩᠬᠤᠯᠤᠭᠤᠨ ᠶᠠᠪᠤᠨ᠎ᠠ᠃ ᠲᠡᠷᠡ᠄ 《ᠮᠠᠯ ᠪᠤᠯ ᠮᠠᠯᠴᠢᠳ᠎ᠤᠨ ᠠᠮᠢᠨ ᠬᠦᠨᠡᠰᠦ ᠮᠦᠨ᠂ ᠲᠡᠭᠡᠬᠦᠯᠡᠷ ᠮᠠᠯ ᠬᠤᠢ ᠨᠢ ᠡᠷᠡᠬᠦᠯ ᠲᠤᠷᠨᠢᠭᠤᠨ ᠪᠠᠢᠪᠠᠯ ᠮᠠᠯᠴᠢᠳ᠎ᠤᠨ ᠮᠠᠨᠭᠨᠠᠢ ᠬᠡᠵᠢᠶᠡᠳᠡ ᠲᠡᠨᠢᠢᠵᠤ ᠶᠠᠪᠤᠳᠠᠭ᠃ ᠪᠢ ᠰᠡᠬᠦᠯᠠᠷ ᠦᠷᠭᠦᠯᠵᠢᠯᠡᠨ ᠬᠠᠯᠠᠭᠤᠨ ᠰᠡᠳᠭᠢᠯ ᠬᠠᠷᠢᠭᠤᠴᠠᠯᠭᠠᠲᠤ ᠤᠪᠤᠷ ᠵᠢᠡᠷ ᠦᠨᠳᠦᠰᠦᠨ ᠱᠠᠲᠤᠨ᠎ᠤ ᠮᠠᠯ ᠠᠵᠤ ᠠᠬᠤᠢ ᠮᠠᠯ ᠡᠮᠨᠡᠯᠭᠡ᠎ᠶ᠋ᠢᠨ ᠦᠢᠯᠡᠰ᠎ᠲᠤ ᠵᠢᠳᠭᠦᠨ᠂ ᠥᠪᠡᠷ᠎ᠤᠨ ᠲᠤᠰᠭᠠᠢ ᠮᠡᠷᠭᠡᠵᠢᠯ᠎ᠢᠶᠠᠨ ᠤᠯᠠᠮ ᠨᠢᠭᠡ ᠠᠯᠬᠤᠮ ᠳᠡᠭᠡᠭ᠌ᠰᠢᠯᠡᠭᠦᠯᠵᠦ᠍᠂ ᠡᠮᠨᠡᠨ ᠵᠠᠰᠠᠵᠤ ᠲᠡᠵᠢᠭᠡᠨ ᠠᠷᠠᠴᠢᠯᠠᠬᠤ ᠲᠠᠯ᠎ᠠ ᠪᠡᠷ ᠨᠡᠩ ᠰᠠᠢᠨ ᠦᠢᠯᠡᠴᠢᠯᠡᠭᠡ᠎ᠶ᠋ᠢ ᠴᠢᠷᠮᠠᠢᠨ ᠰᠤᠳᠤᠯᠵᠥ᠍᠂ ᠮᠠᠯᠴᠢᠳ᠎ᠲᠤ ᠨᠡᠩ ᠰᠠᠢᠨ ᠨᠡᠩ ᠲᠡᠷᠢᠭᠦᠨ᠎ᠤ ᠦᠢᠯᠡᠴᠢᠯᠡᠭᠡ ᠬᠠᠩᠭᠠᠬᠤ᠎ᠪᠠᠷ ᠴᠢᠷᠮᠡᠢᠨ᠎ᠠ》 ᠬᠡᠵᠥ ᠬᠤᠢᠰᠢᠳᠡ᠎ᠢ᠋ᠢᠨ ᠲᠥᠯᠥᠪᠯᠡᠬᠡ᠎ᠪᠡᠨ ᠢᠳᠡᠬᠡᠯ ᠲᠥᠬᠥᠷᠡᠡᠭ ᠶᠠᠷᠢᠯ᠎ᠠ᠃

ᠰᠠᠷᠠᠨ᠎ᠠ ᠡᠭᠡᠯ ᠵᠢᠷ᠎ᠤᠨ ᠠᠵᠢᠯ᠎ᠤᠨ ᠪᠠᠢᠷᠢᠨ᠎ᠳᠠᠭᠠᠨ ᠪᠣᠳᠠᠲᠤ ᠠᠵᠢᠯᠯᠠᠭ᠎ᠠ᠎ᠪᠠᠷ᠎ᠢᠶᠠᠨ ᠮᠠᠯ ᠡᠮᠨᠡᠯᠭᠡ᠎ᠶ᠋ᠢᠨ ᠠᠵᠢᠯᠲᠠᠳ᠎ᠤᠨ ᠤᠭ ᠰᠠᠨᠠᠭ᠎ᠠ ᠪᠠᠨ ᠦᠯᠤ ᠮᠠᠷᠳᠠᠨ ᠡᠭᠦᠷᠭᠡ ᠬᠠᠷᠢᠭᠤᠴᠠᠯᠭ᠎ᠠ᠎ᠪᠠᠨ ᠭᠦᠢᠴᠡᠳᠭᠡᠵᠦ᠂ ᠮᠠᠯᠴᠢᠥᠡ᠎ᠲᠤ ᠦᠨᠡᠡᠴᠢ᠎ᠪᠠᠷ ᠦᠢᠯᠡᠴᠢᠯᠡᠭ᠌ᠰᠡᠭᠡᠷ ᠢᠷᠡᠭᠰᠡᠨ ᠨᠢ ᠮᠠᠭᠲᠠᠭᠤᠰᠢᠲᠠᠢ᠃

ᠰᠤᠷᠪᠤᠯᠵᠢᠯᠠᠭ᠎ᠠ ᠳᠠᠭᠤᠰᠤᠭᠰᠠᠨ᠎ᠤ ᠲᠠᠷᠠᠭ᠎ᠠ ᠰᠠᠷᠠᠨ᠎ᠠ ᠵᠢᠨ ᠵᠢᠷᠬᠢᠶ᠎ᠠ᠎ᠶᠢ ᠦᠵᠡᠬᠦ ᠳ᠋ᠤ ᠰᠠᠨᠠᠭᠠᠨ ᠡᠴᠡ ᠭᠠᠳᠠᠭᠤᠷ  ᠮᠠᠰᠢ ᠤᠯᠠᠨ ᠨᠡᠢᠲᠡᠯᠡᠯ ᠪᠠᠢᠪᠡ᠃ ᠭᠤᠤᠯᠳᠠᠭᠤ ᠮᠠᠯ᠎ᠤᠨ ᠬᠢᠵᠢᠭ᠎ᠢ ᠶᠠᠭᠠᠬᠢᠵᠤ ᠰᠡᠷᠬᠡᠢᠯᠡᠬᠦ᠂ ᠶᠠᠮᠠᠷ ᠦᠶ᠎ᠡ ᠳ᠋ᠤᠨᠢ ᠡᠮ ᠴᠢᠳᠬᠤᠬᠤ᠂ ᠬᠢᠵᠢᠭ ᠡᠪᠡᠳᠴᠢᠨ᠎ᠢ ᠰᠡᠷᠬᠡᠢᠯᠡᠬᠦ ᠵᠡᠬᠦᠦ ᠲᠠᠷᠢᠬᠤ᠂ ᠮᠠᠯ᠎ᠤᠨ ᠡᠪᠡᠳᠴᠢᠨ᠎ᠢ ᠡᠮᠨᠡᠨ ᠵᠠᠰᠠᠬᠤ ᠨᠤᠮ ᠰᠤᠳᠤᠷ᠎ᠢ ᠲᠠᠨᠢᠯᠴᠠᠭᠤᠯᠬᠤ ᠡᠴᠨ ᠭᠠᠳᠠᠨ᠎ᠠ ᠮᠠᠯ᠎ᠤᠨ ᠡᠪᠡᠳᠴᠢᠨ ᠬᠢᠵᠢᠭ᠎ᠤᠨ ᠲᠠᠯ᠎ᠠ ᠪᠡᠷ ᠬᠢ ᠦᠪᠡᠷ᠎ᠤᠨ ᠦᠵᠡᠯ ᠪᠤᠳᠤᠯ ᠵᠢᠡᠨ ᠳᠡᠯᠬᠡᠭᠰᠡᠨ ᠤᠬᠤᠷ ᠰᠢᠨᠭᠬᠡᠬᠡᠯᠲᠡ ᠪᠠᠢᠯ᠎ᠠ᠃ ᠡᠨᠡ ᠨᠢ ᠮᠦᠨ ᠵᠠᠷᠢᠮ ᠮᠠᠯᠴᠢᠳ ᠬᠡᠷ ᠲᠡᠭᠡᠨ ᠰᠠᠭᠤᠵᠤ ᠪᠠᠢᠭᠠᠳ ᠮᠠᠯ ᠡᠮᠨᠡᠯᠬᠡ ᠵᠢᠨ ᠬᠠᠮᠢᠶ᠎ᠠ ᠪᠦᠬᠦᠢ ᠮᠡᠳᠡᠯᠬᠡ᠎ᠶᠢ ᠤᠢᠯᠠᠭᠠᠵᠤ ᠠᠪᠬᠤ ᠳ᠋ᠤ ᠮᠠᠰᠢ ᠲᠦᠬᠦᠮ ᠪᠤᠯᠤᠭᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号