ᠴᠢᠮ᠎ᠠ᠎ᠳᠤ ᠡᠶ᠋ᠢᠮᠦ᠍ ᠥᠩᠭᠡᠷᠡᠯᠲᠡ ᠪᠠᠶ᠋ᠢᠨ᠎ᠠ ᠦᠦ?ᠵᠢᠭᠡᠯᠡᠯᠭᠡ᠎ᠶᠢᠨ ᠭᠡᠷ᠎ᠡ ᠲᠣᠭᠲᠠᠭᠠᠬᠤ ᠦᠶᠡᠰ ᠵᠥᠪᠬᠡᠨ 6%᠎ᠶᠢᠨ ᠵᠢᠯ᠎ᠤᠨ ᠬᠦᠦ᠎ᠶᠢᠨ ᠨᠣᠷᠮ᠎ᠠ ᠵᠢ ᠣᠯᠵᠤ ᠬᠠᠷᠠᠳᠠᠭ ᠪᠤᠯᠪᠠᠴᠤ᠌ ᠦᠨᠡᠨ᠎ᠳᠡᠭᠡᠨ ᠠᠷᠤ ᠬᠤᠢᠨ᠎ᠠ ᠨᠢ ᠪᠠᠰᠠ ᠳᠠᠭᠠᠭᠠᠯᠲᠠ᠎ᠶᠢᠨ ᠰᠤᠶ᠋ᠢᠳᠬᠡᠯ᠂ ᠤᠶ᠋ᠢᠯᠡᠴᠢᠯᠡᠭᠡᠨ᠎ᠤ ᠰᠤᠶ᠋ᠢᠳᠬᠡᠯ᠂ ᠠᠰᠠᠭᠤᠨ ᠯᠠᠪᠯᠠᠬᠤ ᠰᠤᠶ᠋ᠢᠳᠬᠡᠯ ᠪᠠᠶ᠋ᠢᠳᠠᠭ ᠁ ᠡᠲᠡᠭᠡᠷ ᠵᠢᠷᠤᠮᠵᠢᠯ ᠥᠬᠡᠶ ᠦᠵᠡᠭᠳᠡᠯ᠎ᠳᠤ ᠴᠢᠭᠯᠡᠭᠦᠯᠦᠨ᠂ ᠮᠥᠩᠭᠥᠨ ᠬᠦᠢᠯᠭᠡᠭᠡᠨ᠎ᠤ ᠬᠢᠨᠠᠯᠲᠠ ᠬᠠᠮᠢᠶᠠᠷᠤᠯᠲᠠ᠎ᠶᠢᠨ ᠶᠡᠷᠦᠩᠬᠡᠶ ᠲᠣᠪᠴᠢᠶ᠎ᠠ᠂ ᠳᠤᠮᠳᠠᠳᠤ ᠤᠯᠤᠰ᠎ᠤᠨ ᠠᠷᠠᠳ᠎ᠤᠨ ᠪᠠᠩᠬᠢ ᠰᠢᠨ᠎ᠡ ᠲᠣᠭᠲᠠᠭᠠᠯ ᠨᠡᠶ᠋ᠢᠲᠡᠯᠡᠵᠦ᠍᠂ ᠪᠣᠶ ᠪᠥᠬᠥᠶ ᠬᠤᠪᠢ ᠬᠥᠮᠦᠨ᠎ᠤ ᠵᠢᠭᠡᠯᠡᠯᠭᠡ ᠳ᠋ᠥ᠍ ᠡᠷᠬᠡᠪᠰᠢ ᠶᠡᠷᠦᠩᠬᠡᠶ᠋ᠢᠯᠡᠭᠰᠡᠨ ᠪᠠᠯᠠ ᠬᠤᠷᠠᠮᠳᠤᠭᠤᠯᠭ᠎ᠠ᠎ᠶᠢᠨ ᠥᠪᠡᠷ᠎ᠤᠨ ᠥᠷᠲᠡᠭ᠎ᠢ ᠲᠣᠳᠣᠷᠬᠠᠶ ᠬᠡᠯᠡᠵᠦ᠍ ᠦᠭᠭᠦᠨ᠂ ᠮᠥᠩᠭᠥᠨ ᠬᠦᠢᠯᠭᠡᠭᠡᠨ᠎ᠤ ᠬᠡᠷᠡᠭᠯᠡᠭᠡ᠎ᠶᠢ ᠲᠣᠳᠣᠷᠬᠠᠶ ᠤᠶ᠋ᠢᠯᠠᠭᠠᠭᠤᠯᠬᠤ ᠬᠡᠷᠡᠭᠲᠡᠶ ᠭᠡᠵᠦ᠍ ᠱᠠᠭᠠᠷᠳᠠᠪᠠ᠃

ᠶᠠᠭᠤ᠎ᠶᠢ ᠶᠡᠷᠦᠩᠬᠡᠶ᠋ᠢᠯᠡᠭᠰᠡᠨ ᠪᠡᠯᠡ ᠬᠤᠷᠠᠮᠳᠤᠭᠤᠯᠭ᠎ᠠ᠎ᠶᠢᠨ ᠥᠪᠡᠷ᠎ᠤᠨ ᠥᠷᠲᠡᠭ ᠬᠡᠬᠦ᠌ ᠪᠤᠢ?
ᠲᠤᠬᠠᠶ᠋ᠢᠯᠠᠪᠠᠯ᠂ ᠪᠤᠢ ᠪᠦᠬᠦᠢ ᠵᠢᠭᠡᠯᠡᠯᠭᠡ᠎ᠲᠠᠢ ᠬᠣᠯᠪᠣᠭᠳᠠᠬᠤ ᠬᠦᠦ ᠮᠥᠩᠭᠥ᠌ ᠵᠢᠴᠢ ᠡᠯ᠎ᠡ ᠵᠦᠢᠯ᠎ᠤᠨ ᠰᠤᠶ᠋ᠢᠳᠭᠡᠯᠤᠨ ᠨᠡᠶ᠋ᠢᠯᠡᠪᠦᠷᠢ ᠪᠤᠯᠤᠨ᠎ᠠ᠂ ᠡᠭᠦᠨ᠎ᠳᠤ ᠭᠡᠷ᠎ᠡ᠎ᠶᠢ ᠬᠡᠪ᠎ᠤᠨ ᠪᠠᠶ᠋ᠢᠳᠠᠯ᠎ᠢᠶᠠᠷ ᠭᠦᠢᠴᠡᠳᠬᠡᠬᠦ᠌ ᠪᠠᠶ᠋ᠢᠳᠠᠯ ᠳᠣᠣᠷ᠎ᠠ ᠵᠣᠭᠣᠰ ᠵᠢᠭᠡᠯᠡᠭᠴᠢ᠎ᠶᠢᠨ ᠲᠦᠯᠦᠬᠦ᠌ ᠴᠢᠬᠤᠯᠠᠲᠠᠢ ᠵᠢᠭᠡᠯᠡᠯᠭᠡ᠎ᠶᠢᠨ ᠬᠦᠦ ᠮᠥᠩᠭᠥ᠌᠂ ᠬᠤᠭᠤᠴᠠᠭ᠎ᠠ ᠬᠤᠪᠢᠶᠠᠭᠰᠠᠨ ᠰᠤᠶ᠋ᠢᠳᠭᠡᠯ᠂ ᠢᠲᠡᠭᠡᠮᠵᠢ ᠨᠡᠮᠡᠭᠳᠡᠭᠦᠯᠬᠦ᠌ ᠦᠢᠯᠡᠴᠢᠯᠡᠭᠡᠨ᠎ᠤ ᠰᠤᠶ᠋ᠢᠳᠭᠡᠯ ᠵᠡᠷᠭᠡ ᠪᠡᠯᠡ ᠬᠤᠷᠠᠮᠳᠤᠭᠤᠯᠭ᠎ᠠ᠎ᠶᠢᠨ ᠥᠪᠡᠷ᠎ᠤᠨ ᠦᠷᠳᠡᠭ ᠵᠢᠴᠢ ᠭᠡᠷ᠎ᠡ ᠡᠴᠡ ᠵᠥᠷᠢᠴᠡᠭᠰᠡᠨ ᠪᠠᠶ᠋ᠢᠳᠠᠯ ᠲᠤᠣᠷᠠᠬᠢ ᠲᠦᠯᠦᠬᠦ᠌ ᠴᠢᠬᠤᠯᠠᠲᠠᠢ ᠬᠤᠭᠤᠴᠠᠭ᠎ᠠ ᠬᠡᠲᠦᠷᠡᠭᠰᠡᠨ ᠲᠣᠷᠭᠠᠭᠤᠯᠢ᠎ᠶᠢᠨ ᠬᠦᠦ ᠮᠦᠩᠭᠦ᠌ ᠵᠡᠷᠭᠡ ᠪᠤᠢ ᠪᠦᠬᠦᠢ ᠥᠪᠡᠷ᠎ᠤᠨ ᠦᠷᠳᠡᠭ ᠢ᠋ ᠪᠠᠬᠳᠠᠭᠠᠪᠡ᠃
ᠨᠠᠶ᠋ᠢᠳᠠᠪᠤᠷᠢᠵᠢᠭᠤᠯᠤᠯᠳᠠ᠎ᠶᠢ ᠬᠡᠷᠬᠢᠨ ᠪᠠᠲᠤᠯᠠᠬᠤ ᠪᠤᠢ?
ᠲᠤᠬᠠᠶ᠎ᠶᠢᠨ ᠲᠠᠯᠠᠪᠠᠶ᠎ᠳᠤ ᠬᠤᠪᠢ ᠬᠥᠮᠦᠨ᠎ᠤ ᠵᠢᠭᠡᠯᠡᠯᠭᠡ᠎ᠶᠢᠨ ᠲᠤᠬᠠᠶ᠋ᠢᠯᠠᠭᠰᠠᠨ ᠠᠵᠢᠯ᠎ᠤᠨ ᠭᠠᠷᠳᠠᠮ ᠭᠦᠢᠴᠡᠳᠬᠡᠬᠦ᠌᠎ᠳᠤ᠂ ᠵᠢᠭᠡᠯᠡᠯᠭᠡ᠎ᠶᠢᠨ ᠭᠡᠷ᠎ᠡ᠎ᠳᠤ ᠭᠠᠷᠤᠨ ᠦᠰᠦᠭ ᠵᠢᠷᠤᠬᠤ ᠪᠤᠶᠤ ᠬᠤᠭᠤᠴᠠᠭ᠎ᠠ ᠬᠤᠪᠢᠶᠠᠬᠤ ᠭᠠᠷᠳᠠᠮ ᠢ᠋ ᠭᠦᠢᠴᠡᠳᠬᠡᠬᠦ᠌᠎ᠠᠴᠠ ᠡᠮᠦᠨ᠎ᠡ ᠵᠣᠭᠣᠰ ᠵᠢᠭᠡᠯᠡᠭᠴᠢ ᠳ᠋ᠥ᠍ ᠶᠡᠷᠦᠩᠬᠡᠶ᠋ᠢᠯᠡᠭᠰᠡᠨ ᠪᠡᠯᠡ ᠬᠤᠷᠠᠮᠳᠤᠭᠤᠯᠭ᠎ᠠ᠎ᠶᠢᠨ ᠥᠪᠡᠷ᠎ᠤᠨ ᠥᠷᠲᠡᠭ᠎ᠤᠨ ᠲᠤᠳᠤᠷᠬᠠᠢ ᠬᠦᠰᠦᠨᠦᠭᠳᠦ ᠵᠢ ᠦᠵᠡᠬᠦᠯᠦᠭᠰᠡᠨ ᠰᠠᠭᠤᠷᠢᠨ ᠳᠡᠭᠡᠷ᠎ᠡ ᠭᠠᠷᠤᠨ ᠦᠰᠦᠭ ᠵᠢᠷᠤᠭᠤᠯᠵᠤ ᠨᠤᠲᠠᠯᠠᠨᠡ᠃ ᠬᠤᠪᠢ ᠬᠥᠮᠦᠨ᠎ᠤ ᠵᠢᠭᠡᠯᠡᠯᠭᠡ᠎ᠶᠢᠨ ᠲᠤᠬᠠᠶ᠋ᠢᠯᠠᠭᠰᠠᠨ ᠠᠵᠢᠯ᠎ᠢ ᠰᠦᠯᠵᠢᠶᠡᠨ ᠳᠡᠭᠡᠷ᠎ᠡ ᠭᠦᠢᠴᠡᠳᠬᠡᠬᠦ᠌᠎ᠳᠤ᠂ ᠵᠣᠭᠣᠰ ᠵᠢᠭᠡᠯᠡᠭᠴᠢ᠎ᠳᠤ ᠶᠡᠷᠦᠩᠬᠡᠶ᠋ᠢᠯᠡᠭᠰᠡᠨ ᠪᠠᠯᠠ ᠬᠤᠷᠠᠮᠳᠤᠭᠤᠯᠭ᠎ᠠ᠎ᠶᠢᠨ ᠥᠪᠡᠷ᠎ᠤᠨ ᠥᠷᠲᠡᠭ᠎ᠤᠨ ᠲᠤᠳᠤᠷᠬᠠᠢ ᠬᠦᠰᠦᠨᠦᠭᠳᠦ ᠵᠢ ᠲᠡᠯᠭᠡᠨ ᠦᠵᠡᠬᠦᠯᠵᠤ᠂ ᠠᠯᠪᠠᠳᠠᠯᠭ᠎ᠠ ᠪᠠᠷ ᠤᠩᠰᠢᠭᠤᠯᠬᠤ ᠴᠠᠭ ᠲᠤᠬᠢᠷᠠᠭᠤᠯᠵᠤ᠂ ᠵᠣᠭᠣᠰ ᠵᠢᠭᠡᠯᠡᠭᠴᠢ ᠵᠢᠭᠡᠯᠡᠯᠭᠡ᠎ᠶᠢᠨ ᠭᠡᠷ᠎ᠡ᠎ᠳᠤ ᠭᠠᠷᠤᠨ ᠥᠰᠥᠭ ᠵᠢᠷᠤᠬᠤ ᠪᠤᠶᠤ ᠬᠤᠭᠤᠴᠠᠭ᠎ᠠ ᠬᠤᠪᠢᠶᠠᠬᠤ ᠭᠠᠷᠳᠠᠮ ᠢ᠋ᠭᠦᠢᠴᠡᠳᠬᠡᠬᠦ᠌ᠠᠴᠠ ᠡᠮᠦᠨ᠎ᠡ ᠨᠤᠳᠠᠯᠠᠭᠤᠯᠤᠨᠡ᠃ ᠰᠦᠯᠵᠢᠶᠡᠨ ᠳᠡᠭᠡᠷᠡᠬᠢ ᠬᠡᠷᠡᠭᠯᠡᠭᠡ ᠬᠢᠵᠦ᠍ ᠬᠤᠭᠤᠴᠠᠭ᠎ᠠ ᠬᠤᠪᠢᠶᠠᠨ ᠵᠣᠭᠣᠰ ᠲᠦᠯᠦᠬᠦ᠌ ᠲᠤᠬᠠᠶ᠋ᠢᠯᠠᠭᠰᠠᠨ ᠠᠵᠢᠯ᠎ᠤᠨ ᠭᠠᠷᠳᠠᠮ᠎ᠢ ᠭᠦᠢᠴᠡᠳᠬᠡᠬᠦ᠌ ᠦᠶ᠎ᠡ ᠳ᠋ᠥ᠂ ᠬᠡᠷᠡᠭᠯᠡᠭᠡ᠎ᠶᠢᠨ ᠲᠣᠭᠠᠴᠠᠭ᠎ᠠ ᠬᠢᠬᠦ᠌ ᠬᠠᠭᠤᠳᠠᠰᠤᠨ ᠲᠡᠭᠡᠷ᠎ᠡ ᠶᠡᠷᠦᠩᠬᠡᠶ᠋ᠢᠯᠡᠭᠰᠡᠨ ᠪᠠᠯᠠ ᠬᠤᠷᠠᠮᠳᠤᠭᠤᠯᠭ᠎ᠠ᠎ᠶᠢᠨ ᠥᠪᠡᠷ᠎ᠤᠨ ᠥᠷᠲᠡᠭ᠎ᠤᠨ ᠬᠠᠮᠢᠶ᠎ᠠ ᠪᠥᠬᠥᠶ ᠮᠡᠳᠡᠭᠡ ᠵᠠᠩᠭᠢ᠎ᠶᠢ ᠢᠯᠡ ᠲᠤᠳᠤ ᠠᠷᠭ᠎ᠠ ᠮᠠᠶᠢᠭ᠎ᠢᠶᠠᠷ ᠲᠣᠳᠣᠷᠬᠠᠶ ᠳᠡᠯᠭᠡᠨ ᠦᠵᠡᠭᠦᠯᠤᠨ᠎ᠡ᠃ ᠰᠢᠨ᠎ᠡ ᠲᠣᠭᠲᠠᠭᠠᠯ ᠨᠢ ᠵᠢᠭᠡᠯᠡᠯᠭᠡ᠎ᠶᠢᠨ ᠪᠠᠶ᠋ᠢᠭᠤᠯᠤᠮᠵᠢ ᠵᠢ ᠨᠡᠶ᠋ᠢᠳᠡᠮ ᠬᠠᠮᠦᠷᠴᠦ᠍ ᠬᠡᠷᠡᠭᠯᠡᠭᠡᠨ᠎ᠤ ᠪᠠᠩᠬᠢ᠂ ᠬᠡᠷᠡᠭᠯᠡᠭᠡᠨ᠎ᠤ ᠮᠥᠩᠭᠥᠨ ᠬᠦᠢᠯᠭᠡᠭᠡᠨ᠎ᠤ ᠺᠣᠮᠫᠠᠨᠢ᠂ ᠮᠠᠰᠢᠨ ᠲᠡᠷᠭᠡᠨ᠎ᠤ ᠮᠥᠩᠭᠥᠨ ᠬᠦᠢᠯᠭᠡᠭᠡᠨ᠎ᠤ ᠺᠣᠮᠫᠠᠨᠢ᠂ ᠢᠲᠡᠭᠡᠮᠵᠢ᠎ᠶᠢᠨ ᠺᠣᠮᠫᠠᠨᠢ᠂ ᠪᠠᠭ᠎ᠠ ᠲᠤᠭᠠᠨ᠎ᠤ ᠵᠢᠭᠡᠯᠡᠯᠭᠡ᠎ᠶᠢᠨ ᠺᠣᠮᠫᠠᠨᠢ ᠵᠡᠷᠭᠡ ᠡᠯ᠎ᠡ ᠲᠥᠷᠥᠯ᠎ᠤᠨ ᠵᠢᠭᠡᠯᠡᠯᠭᠡ ᠲᠠᠯᠪᠢᠬᠤ ᠪᠠᠶ᠋ᠢᠭᠤᠯᠤᠮᠵᠢ ᠳ᠋ᠥ᠍ ᠬᠡᠷᠡᠭᠯᠡᠬᠦ᠌ ᠳ᠋ᠥ᠍ ᠲᠤᠬᠢᠷᠠᠨ᠎ᠠ᠃ ᠪᠠᠶ᠋ᠢᠭᠤᠯᠤᠮᠵᠢ ᠵᠢᠨ ᠲᠤᠬᠢᠷᠠᠭᠤᠯᠤᠯᠳᠠ ᠬᠢᠬᠦ᠌ ᠳ᠋ᠥ᠍ ᠴᠠᠭ ᠬᠡᠷᠡᠭᠰᠡᠬᠦ᠌᠎ᠶᠢ ᠪᠣᠳᠣᠯᠬᠢᠯᠠᠨ᠂ ᠰᠢᠨ᠎ᠡ ᠲᠣᠭᠲᠠᠭᠠᠯ᠎ᠢ ᠡᠨᠡ ᠵᠢᠯ᠎ᠤᠨ 8 ᠰᠠᠷ᠎ᠠ᠎ᠶᠢᠨ 1 ᠤ᠋ ᠡᠳᠦᠷ᠎ᠠᠴᠠ ᠡᠬᠢᠯᠡᠨ ᠵᠢᠩᠬᠢᠨᠢ᠎ᠪᠠᠷ ᠬᠡᠷᠡᠭᠵᠢᠭᠦᠯᠦᠨ᠎ᠡ᠃
(《ᠠᠷᠠᠳ᠎ᠤᠨ ᠰᠦᠯᠵᠢᠶ᠎ᠠ》 ᠡᠴᠨ ᠨᠠᠢᠷᠠᠭᠤᠯᠤᠨ ᠠᠪᠤᠪᠠ)