ᠤᠷᠴᠢᠨ ᠠᠬᠤᠢ ᠵᠢ ᠬᠠᠮᠠᠭᠠᠯᠠᠬᠤ ᠨᠢ ᠡᠷᠡᠬᠦᠯ ᠮᠠᠨᠳᠤ᠎ᠳᠤ ᠳᠤᠰᠠᠳᠠᠢ
2026-05-29 10:50:11
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠤᠷᠴᠢᠨ ᠠᠬᠤᠢ᠎ᠳᠤ ᠪᠠᠢᠭᠠᠯᠢ ᠵᠢᠨ ᠤᠷᠴᠢᠨ ᠠᠬᠤᠢ ᠪᠠ ᠨᠡᠢᠬᠡᠮ᠎ᠤᠨ ᠤᠷᠴᠢᠨ ᠠᠬᠤᠢ ᠪᠠᠭᠳᠠᠳᠠᠭ᠃ ᠤᠷᠴᠢᠨ ᠠᠬᠤᠢ ᠵᠢ ᠪᠦᠷᠢᠯᠳᠤᠬᠦᠯᠬᠦ ᠡᠯᠸᠮᠸᠨ᠋ᠲ ᠬᠡᠪᠡᠯ ᠠᠮᠢᠳᠤ ᠪᠤᠳᠠᠰ᠂ ᠹᠢᠽᠢᠺ᠂ ᠬᠢᠮᠢ ᠪᠤᠯᠤᠨ ᠨᠡᠢᠬᠡᠮ᠎ᠤᠨ ᠰᠡᠳᠬᠢᠬᠦᠢ ᠵᠢᠨ ᠡᠯᠸᠮᠸᠨ᠋ᠲ ᠵᠡᠷᠬᠡ ᠪᠠᠢᠳᠠᠭ᠂ ᠤᠷᠴᠢᠨ ᠠᠬᠤᠢ ᠬᠢᠬᠡᠳ ᠬᠦᠮᠤᠨ ᠲᠦᠷᠦᠯᠬᠢᠳᠡᠨ᠎ᠤ ᠡᠷᠡᠬᠦᠯ ᠮᠠᠨᠳᠤ ᠨᠢ ᠨᠢᠬᠳᠠ ᠬᠤᠯᠪᠤᠭᠠᠳᠠᠢ ᠪᠠᠢᠳᠠᠭ ᠶᠤᠮ᠃ ᠤᠷᠴᠢᠨ ᠠᠬᠤᠢ ᠵᠢᠨ ᠡᠯᠸᠮᠸᠨ᠋ᠲ᠎ᠤᠨ ᠬᠤᠪᠢᠷᠠᠯᠳᠠ ᠨᠢ ᠠᠳᠠᠯᠢ ᠪᠤᠰᠤ ᠬᠡᠮᠵᠢᠶ᠎ᠠ ᠪᠡᠷ ᠬᠦᠮᠤᠨ᠎ᠤ ᠪᠠᠶ᠎ᠠ ᠵᠢᠨ ᠮᠠᠬᠠᠪᠤᠳ ᠪᠠ ᠰᠡᠳᠬᠢᠴᠠ ᠵᠢᠨ  ᠠᠵᠢᠯᠯᠠᠭ᠎ᠠ ᠵᠢ ᠨᠦᠯᠦᠬᠡᠯᠡᠳᠡᠭ᠃

ᠪᠤᠬᠢᠷᠳᠤᠭᠰᠠᠠ ᠦᠬᠡᠢ ᠪᠠᠢᠭᠠᠯᠢ ᠵᠢᠨ ᠤᠷᠴᠢᠨ ᠠᠬᠤᠢ ᠨᠢ ᠬᠦᠮᠤᠨ᠎ᠤ ᠪᠠᠶ᠎ᠠ ᠵᠢᠨ ᠡᠷᠡᠬᠦᠯ ᠮᠠᠨᠳᠤ᠎ᠳᠤ ᠠᠰᠢᠬᠳᠠᠢ ᠪᠠᠢᠳᠠᠭ᠃ ᠴᠡᠩᠬᠡᠭ ᠠᠭᠠᠷ᠂ ᠳᠤᠩᠭᠠᠯᠠᠭ ᠤᠰᠤ ᠪᠠ ᠨᠠᠷᠠᠨ᠎ᠤ ᠬᠡᠷᠡᠯ ᠬᠦᠢᠴᠡᠳ ᠤᠷᠴᠢᠨ ᠠᠬᠤᠢ᠎ᠳᠤ ᠬᠦᠳᠡᠯᠬᠡᠬᠡᠨ ᠬᠢᠪᠠᠯ ᠪᠠᠶ᠎ᠠ ᠵᠢ ᠴᠢᠬᠢᠷᠠᠭᠵᠢᠭᠤᠯᠵᠤ᠂ ᠡᠪᠡᠳᠴᠢᠨ᠎ᠢ ᠡᠰᠡᠷᠬᠦᠴᠡᠬᠦ ᠴᠢᠳᠠᠪᠤᠷᠢ ᠵᠢ ᠲᠡᠬᠡᠭᠰᠢᠯᠡᠬᠦᠯᠬᠦ ᠪᠦᠬᠡᠳ ᠪᠠᠰᠠ ᠡᠪᠡᠳᠴᠢᠨ ᠢᠯᠡᠷᠢᠰᠢᠬᠤ ᠪᠠᠢᠳᠠᠯ ᠭᠠᠷᠳᠠᠭ ᠶᠤᠮ᠃

ᠬᠡᠷᠪᠡ ᠡᠬᠢ ᠪᠠᠶᠠᠯᠢᠬ᠎ᠢ ᠬᠤᠷᠢᠭ᠎ᠠ ᠦᠬᠡᠢ ᠬᠤᠷᠤᠭᠳᠠᠭᠤᠯᠬᠤ ᠪᠤᠶᠤ ᠤᠷᠴᠢᠨ ᠠᠬᠤᠢ ᠵᠢ ᠪᠤᠬᠢᠷᠳᠤᠭᠤᠯᠪᠠᠯ ᠲᠠᠷᠤᠢ ᠤᠷᠴᠢᠨ ᠳᠤᠭᠤᠷᠢᠨ᠎ᠢ ᠮᠠᠭᠤᠳᠠᠭᠤᠯᠵᠤ ᠮᠡᠳᠡᠨ᠎ᠠ᠃ ᠪᠠᠢᠭᠠᠯᠢ ᠵᠢᠨ ᠡᠯᠸᠮᠸᠨ᠋ᠲ ᠪᠤᠯᠤᠨ ᠬᠦᠮᠤᠨ ᠲᠦᠷᠦᠯᠬᠢᠳᠡᠨ᠎ᠤ ᠠᠵᠢᠯᠯᠠᠭ᠎ᠠ ᠨᠢ ᠪᠦᠷ ᠤᠷᠴᠢᠨ ᠠᠬᠤᠢ ᠵᠢ ᠡᠪᠳᠡᠳᠡᠭ᠃ ᠡᠢᠮᠤᠷᠬᠦᠤ ᠵᠤᠢᠯ᠎ᠤᠨ ᠡᠪᠳᠡᠯᠡᠬᠡ ᠪᠠ ᠨᠦᠯᠦᠬᠡᠯᠡᠯ ᠨᠢ ᠵᠤᠬᠢᠬᠤ ᠬᠡᠮᠵᠢᠶᠠᠨ᠎ᠳᠤ ᠬᠦᠷᠪᠡᠯ ᠲᠠᠷᠤᠢ ᠠᠮᠢ ᠠᠬᠤᠢ ᠵᠢᠨ ᠲᠡᠩᠴᠡᠬᠦᠷᠢ ᠡᠪᠳᠡᠭᠳᠡᠵᠤ᠂ ᠬᠦᠮᠤᠨ ᠲᠦᠷᠦᠯᠬᠢᠳᠡᠨ ᠪᠤᠯᠤᠨ ᠪᠤᠰᠤᠳ ᠠᠮᠢᠳᠤ ᠪᠤᠳᠠᠰ᠎ᠤᠨ ᠤᠷᠤᠰᠢᠯ ᠳᠤᠭᠳᠠᠨᠢᠯ ᠬᠢᠬᠡᠳ ᠬᠦᠭᠵᠢᠯᠳᠠ᠎ᠳᠤ ᠮᠠᠭᠤ ᠨᠦᠯᠦᠬᠡ ᠦᠭᠴᠤ᠂ ᠠᠵᠤ ᠠᠬᠤᠢ ᠵᠢᠨ ᠬᠤᠬᠢᠷᠠᠯ᠎ᠳᠤ ᠤᠴᠠᠷᠠᠭᠤᠯᠳᠠᠭ᠃ ᠨᠠᠬᠦᠷᠠᠰᠤ᠂ ᠴᠢᠯᠠᠭᠤᠨ ᠳᠤᠰᠤ ᠵᠡᠷᠬᠡ ᠡᠨ᠋ᠸᠷᠬᠢ ᠵᠢᠨ ᠰᠤᠷᠪᠤᠯᠵᠢ ᠵᠢ ᠰᠢᠳᠠᠭᠠᠪᠠᠯ ᠨᠡᠬᠦᠷᠡᠰᠦᠳᠦ᠋ᠷᠦᠭᠴᠢ ᠵᠢᠨ ᠲᠠᠪᠬᠤᠷ ᠢᠰᠤᠯ ᠵᠡᠷᠬᠡ ᠬᠡᠢ ᠪᠠᠶᠠᠳᠤ ᠵᠢᠨ ᠠᠭᠠᠷ ᠮᠠᠨᠳᠠᠯ᠎ᠤᠨ ᠲᠠᠪᠬᠤᠷᠭ᠎ᠠ ᠳᠤᠳᠤᠷᠡᠬᠢ ᠠᠭᠤᠯᠤᠭᠳᠠᠴᠠ ᠨᠡᠮᠡᠭᠳᠡᠵᠤ᠂ ᠬᠦᠯᠡᠮᠵᠢ ᠵᠢᠨ ᠤᠢᠯᠠᠳᠤᠯ᠎ᠢ ᠦᠵᠡᠬᠦᠯᠵᠤ᠂ ᠪᠦᠬᠦ ᠪᠦᠮᠪᠤᠷᠴᠡᠭ ᠎ᠤᠨ ᠠᠭᠤᠷ ᠠᠮᠢᠰᠬᠤᠯ ᠳᠤᠯᠠᠭᠠᠷᠠᠬᠤ; ᠤᠢᠯᠠᠳᠪᠤᠷᠢᠯᠡᠬᠦ ᠶᠠᠪᠤᠴᠠ᠎ᠳᠤ ᠪᠤᠢ ᠪᠤᠯᠤᠭᠰᠠᠠ《ᠭᠤᠷᠪᠡᠨ ᠬᠠᠶᠠᠭᠳᠠᠮᠠᠯ》 (ᠬᠠᠶᠠᠭᠳᠠᠮᠠᠯ ᠤᠰᠤ᠂ ᠬᠠᠶᠠᠭᠳᠠᠮᠠᠯ ᠬᠡᠢ᠂ ᠬᠠᠳᠠᠭᠤ ᠪᠠᠶᠠᠳᠤ ᠬᠠᠶᠠᠭᠳᠠᠮᠠᠯ ᠪᠤᠳᠠᠰ)ᠢ᠋ ᠰᠢᠢᠳᠪᠤᠷᠢᠯᠡᠭᠰᠡᠡ ᠦᠬᠡᠢ ᠪᠡᠷ ᠬᠠᠶᠠᠪᠠᠯ ᠪᠠᠰᠠ ᠤᠷᠴᠢᠨ ᠠᠬᠤᠢ ᠵᠢ ᠬᠦᠨᠳᠤ ᠨᠤᠴᠢᠳᠠᠢ ᠪᠤᠬᠢᠷᠳᠤᠭᠤᠯᠬᠤ ᠪᠤᠯᠤᠨ᠎ᠠ᠃

ᠰᠢᠨᠵᠢᠯᠡᠬᠦ ᠤᠬᠠᠭᠠᠠ ᠲᠸᠭᠨᠢᠭ ᠮᠡᠷᠬᠡᠵᠢᠯ᠎ᠤᠨ ᠲᠠᠪᠰᠢᠯᠳᠠ ᠪᠠ ᠠᠵᠤ ᠤᠢᠯᠠᠳᠪᠤᠷᠢᠵᠢᠬᠦ ᠵᠢ ᠲᠠᠭᠠᠯᠳᠤᠨ ᠬᠦᠮᠤᠰ ᠠᠮᠢᠳᠤᠷᠠᠯ᠎ᠤᠨ ᠤᠷᠴᠢᠨ ᠳᠤᠭᠤᠷᠢᠨ ᠪᠠ ᠤᠢᠯᠠᠳᠪᠤᠷᠢᠯᠡᠯ᠎ᠤᠨ ᠤᠷᠴᠢᠨ ᠳᠤᠭᠤᠷᠢᠨ  ᠡᠴᠨ ᠹᠢᠽᠢᠺ᠂ ᠬᠢᠮᠢ ᠵᠢᠨ ᠬᠤᠤᠷᠳᠠᠢ ᠡᠯᠸᠮᠸᠨ᠋ᠲ ᠲᠠᠢ ᠬᠦᠷᠤᠯᠴᠡᠬᠦ ᠳᠤᠬᠢᠶᠠᠯ ᠨᠢ ᠤᠯᠠᠮ ᠠᠷᠪᠢᠳᠴᠤ ᠪᠠᠢᠨ᠎ᠠ᠂ ᠡᠢᠮᠤ ᠡᠴᠨ ᠲᠡᠬᠦᠨ ᠡᠴᠨ ᠪᠤᠯᠵᠤ ᠡᠷᠡᠬᠦᠯ ᠮᠠᠨᠳᠤ ᠵᠢ ᠬᠤᠬᠢᠷᠠᠭᠤᠯᠵᠤ ᠪᠠᠢᠭ᠎ᠠ ᠵᠢ ᠵᠠᠪᠠᠯ ᠴᠢᠬᠤᠯᠠᠴᠢᠯᠠᠨ ᠦᠵᠡᠬᠦ ᠬᠡᠷᠡᠭᠳᠡᠢ᠃ ᠬᠦᠮᠤᠨ ᠲᠦᠷᠦᠯᠬᠢᠳᠡᠨ᠎ᠤ ᠤᠯᠠᠩᠬᠢ ᠡᠪᠡᠳᠴᠢᠨ᠂ ᠵᠢᠱ᠌ᠢᠶᠡᠯᠡᠪᠡᠯ ᠵᠠᠷᠢᠮ ᠦᠮᠡᠨ ᠡᠪᠡᠳᠴᠢᠨ᠂ ᠵᠠᠷᠢᠮ ᠤᠳᠠᠭᠠᠨ ᠴᠢᠨᠠᠷᠳᠡᠢ ᠬᠤᠤᠷᠳᠠᠯᠭ᠎ᠠ ᠵᠡᠷᠬᠡ ᠨᠢ ᠴᠦᠮ ᠤᠷᠴᠢᠨ ᠠᠬᠤᠢ ᠵᠢᠨ ᠪᠤᠬᠢᠷᠳᠤᠯ ᠲᠠᠢ ᠮᠠᠰᠢ ᠶᠡᠬᠡ ᠬᠠᠷᠢᠴᠠᠭ᠎ᠠ ᠲᠠᠢ ᠪᠠᠢᠳᠠᠭ᠃

ᠬᠦᠮᠤᠨ ᠪᠦᠬᠦᠨ ᠪᠦᠷ ᠤᠷᠴᠢᠨ ᠠᠬᠤᠢ ᠵᠢᠨ ᠡᠷᠡᠬᠦᠯ ᠬᠠᠮᠠᠭᠠᠯᠠᠯ᠎ᠢ ᠬᠠᠢᠷᠠᠯᠠᠨ ᠬᠠᠮᠠᠭᠠᠯᠠᠵᠤ᠂ ᠤᠷᠴᠢᠨ ᠳᠤᠭᠤᠷᠢᠨ᠎ᠢ ᠬᠠᠮᠠᠭᠠᠯᠠᠵᠤ ᠪᠤᠬᠢᠷᠳᠤᠭᠤᠯᠬᠤ ᠦᠬᠡᠢ ᠬᠠᠷᠢᠭᠤᠴᠠᠯᠭ᠎ᠠ ᠲᠠᠢ ᠪᠠᠢᠬᠤ ᠬᠡᠷᠡᠭᠳᠡᠢ᠃ ᠰᠠᠢᠨ ᠰᠠᠢᠬᠠᠨ ᠤᠷᠤᠰᠢᠨ ᠳᠤᠭᠳᠠᠨᠢᠬᠤ ᠤᠷᠴᠢᠨ ᠠᠬᠤᠢ ᠨᠢ ᠬᠦᠮᠤᠨ᠎ᠤ ᠪᠠᠶ᠎ᠠ ᠵᠢᠨ ᠡᠷᠡᠬᠦᠯ ᠮᠠᠨᠳᠤ᠎ᠳᠤ ᠠᠰᠢᠬᠳᠠᠢ ᠪᠡᠷ ᠪᠠᠷᠠᠬᠤ ᠦᠬᠡᠢ  ᠪᠠᠰᠠ ᠬᠦᠮᠤᠰ᠎ᠤᠨ ᠰᠡᠳᠬᠢᠯ ᠰᠠᠨᠠᠭ᠎ᠠ  ᠵᠢ ᠪᠠᠶᠠᠷ ᠬᠦᠷ ᠲᠠᠢ ᠪᠤᠯᠭᠠᠵᠤ ᠴᠢᠳᠠᠨ᠎ᠠ᠃ ᠤᠷᠤᠰᠢᠨ ᠳᠤᠭᠳᠠᠨᠢᠬᠤ ᠤᠷᠴᠢᠨ ᠠᠬᠤᠢ ᠪᠡᠨ ᠦᠬᠡᠷᠡᠴᠢᠯᠡᠬᠦ ᠪᠡᠷ ᠲᠠᠮᠵᠢᠨ᠂ ᠡᠪᠡᠰᠤ ᠮᠤᠳᠤ ᠲᠠᠷᠢᠵᠤ ᠤᠷᠭᠤᠭᠤᠯᠬᠤ᠂ ᠤᠷᠴᠢᠨ ᠳᠤᠭᠤᠷᠢᠨ᠎ᠢ ᠨᠤᠭᠤᠭᠠᠷᠠᠭᠤᠯᠤᠨ᠂ ᠡᠯᠡᠰᠤ ᠮᠠᠩᠬ᠎ᠠ ᠪᠠ ᠴᠦᠯᠯᠡᠷᠬᠡᠭ ᠭᠠᠵᠡᠷ᠎ᠢ ᠵᠠᠰᠠᠬᠤ ᠵᠡᠷᠬᠡ ᠨᠢ ᠬᠦᠮᠤᠨ ᠲᠦᠷᠦᠯᠬᠢᠳᠡᠨ᠎ᠤ ᠤᠷᠤᠰᠢᠨ ᠳᠤᠭᠳᠠᠨᠢᠬᠤ ᠨᠦᠬᠦᠴᠠᠯ᠎ᠢ ᠰᠠᠢᠵᠢᠷᠠᠭᠤᠯᠬᠤ᠎ᠳᠤ ᠨᠠᠩ ᠠᠰᠢᠬᠳᠠᠢ ᠪᠤᠯᠭᠠᠨ᠎ᠠ᠃ ᠬᠦᠮᠤᠨ ᠲᠦᠷᠦᠯᠬᠢᠳᠡᠨ ᠪᠤᠯᠪᠠᠰᠤᠨ᠎ᠢ ᠡᠬᠦᠳᠤᠨ ᠪᠦᠳᠤᠬᠡᠬᠦ  ᠵᠢᠨ ᠬᠠᠮᠳᠤ ᠡᠷᠬᠡᠪᠰᠢ ᠵᠤᠬᠢᠰᠳᠠᠢ ᠨᠡᠬᠡᠬᠡᠨ ᠬᠦᠭᠵᠢᠬᠦᠯᠬᠦ ᠪᠡ ᠡᠬᠢ ᠪᠠᠶᠠᠯᠢᠬ᠎ᠢ ᠰᠢᠨᠵᠢᠯᠡᠬᠦ ᠤᠬᠠᠭᠠᠨᠴᠢ ᠪᠡᠷ ᠠᠰᠢᠬᠯᠠᠬᠤ ᠨᠡᠢᠬᠡᠮ᠎ᠤᠨ ᠠᠵᠢᠯᠯᠠᠭ᠎ᠠ ᠪᠡᠨ ᠳᠤᠬᠢᠷᠠᠭᠤᠯᠬᠤ ᠪᠠ ᠵᠢᠷᠤᠮᠵᠢᠭᠤᠯᠵᠤ᠂ ᠤᠷᠴᠢᠨ ᠠᠬᠤᠢ ᠵᠢ ᠬᠠᠮᠠᠭᠠᠯᠠᠨ᠂ ᠡᠷᠡᠬᠦᠯ ᠮᠠᠨᠳᠤ ᠵᠢ ᠬᠠᠮᠠᠭᠠᠯᠠᠬᠤ ᠵᠢ ᠬᠦᠢᠴᠡᠳ ᠠᠩᠬᠠᠷᠬᠤ ᠬᠡᠷᠡᠭᠳᠡᠢ᠃ ᠡᠢᠮᠤ ᠡᠴᠨ ᠡᠷᠬᠡᠪᠰᠢ ᠤᠷᠴᠢᠨ ᠠᠬᠤᠢ ᠵᠢ ᠬᠠᠮᠠᠭᠠᠯᠠᠬᠤ ᠤᠬᠠᠮᠰᠠᠷ ᠵᠢᠠᠨ ᠲᠡᠬᠡᠭᠰᠢᠯᠡᠬᠦᠯᠬᠦ  ᠵᠢᠨ ᠲᠠᠭᠠᠤ ᠤᠷᠴᠢᠨ ᠠᠬᠤᠢ ᠬᠢᠬᠡᠳ ᠡᠷᠡᠬᠦᠯ ᠮᠠᠨᠳᠤ ᠵᠢᠨ ᠬᠠᠷᠢᠴᠠᠭ᠎ᠠ ᠵᠢ ᠳᠤᠳᠤᠷᠬᠠᠢ ᠲᠠᠨᠢᠬᠤ ᠬᠡᠷᠡᠭᠳᠡᠢ᠂ ᠨᠡᠢᠬᠡᠮ᠎ᠤᠨ ᠠᠵᠢᠯᠯᠠᠭ᠎ᠠ ᠪᠡᠨ ᠵᠢᠷᠤᠮᠵᠢᠭᠤᠯᠵᠤ(ᠤᠷᠴᠢᠨ ᠠᠬᠤᠢ ᠵᠢᠨ ᠪᠤᠬᠢᠷᠳᠤᠯ᠎ᠢ ᠬᠤᠷᠢᠬᠯᠠᠬᠤ᠂ ᠠᠮᠢ ᠠᠬᠤᠢ ᠵᠢᠨ ᠲᠡᠩᠴᠡᠬᠦᠷᠢ ᠵᠢ ᠪᠠᠳᠤᠯᠠᠬᠤ᠂ ᠤᠷᠴᠢᠨ ᠠᠬᠤᠢ ᠵᠢᠨ ᠠᠮᠢ ᠠᠬᠤᠢ ᠵᠢ ᠰᠠᠢᠨ ᠡᠷᠬᠢᠯᠳᠡ ᠵᠦᠭ ᠬᠦᠭᠵᠢᠬᠦᠯᠬᠦ ᠵᠢ ᠠᠬᠢᠭᠤᠯᠤᠨ᠎ᠠ)᠂ ᠤᠷᠴᠢᠨ ᠠᠬᠤᠢ ᠵᠢ ᠬᠠᠮᠠᠭᠠᠯᠠᠬᠤ ᠬᠠᠤᠯᠢ ᠲᠦᠷᠢᠮ ᠪᠠ ᠪᠠᠷᠢᠮᠵᠢᠶ᠎ᠠ ᠵᠢ ᠳᠤᠭᠳᠠᠭᠠᠵᠤ᠂ ᠤᠷᠴᠢᠨ ᠠᠬᠤᠢ ᠮᠠᠭᠤᠳᠠᠬᠤ ᠪᠠ ᠲᠡᠩᠴᠡᠬᠦᠷᠢ ᠪᠡᠨ ᠠᠯᠳᠠᠬᠤ ᠡᠴᠨ ᠵᠠᠢᠯᠠᠰᠬᠢᠬᠦ ᠶᠠᠪᠤᠳᠠᠯ ᠪᠤᠯ ᠬᠦᠮᠤᠨ ᠲᠦᠷᠦᠯᠬᠢᠳᠡᠨ ᠬᠢᠬᠡᠳ ᠤᠷᠴᠢᠨ ᠠᠬᠤᠢ ᠵᠢᠨ ᠬᠠᠷᠢᠴᠠᠭ᠎ᠠ ᠵᠢ ᠵᠦᠪ ᠤᠨᠤᠪᠴᠢᠳᠠᠢ ᠰᠢᠢᠳᠪᠤᠷᠢᠯᠡᠬᠦ ᠵᠢᠨ ᠴᠢᠬᠤᠯᠠ ᠶᠠᠪᠤᠳᠠᠯ ᠪᠤᠯᠤᠨ᠎ᠠ᠃

ᠤᠷᠴᠢᠨ ᠠᠬᠤᠢ ᠵᠢ ᠬᠠᠮᠠᠭᠠᠯᠠᠬᠤ ᠬᠠᠤᠯᠢ ᠴᠠᠭᠠᠵᠠ᠂ ᠬᠠᠤᠯᠢ ᠳᠤᠭᠳᠠᠭᠠᠯ᠎ᠢ ᠵᠢᠷᠤᠮᠯᠠᠵᠤ᠂ ᠡᠷᠡᠬᠦᠯ ᠬᠠᠮᠠᠭᠠᠯᠠᠯ᠎ᠢ ᠡᠷᠬᠢᠮᠯᠡᠵᠤ᠂ ᠨᠡᠢᠬᠡᠮ ᠨᠠᠢᠳᠠ ᠵᠢᠨ ᠶᠤᠰᠤ ᠮᠤᠷᠠᠯ᠎ᠢ ᠰᠠᠬᠢᠬᠤ ᠬᠡᠷᠡᠭᠳᠡᠢ᠃ ᠪᠠᠢᠭᠠᠯᠢ ᠵᠢᠨ ᠤᠷᠴᠢᠨ ᠠᠬᠤᠢ ᠵᠢ ᠬᠠᠮᠠᠭᠠᠯᠠᠬᠤ ᠳ᠋ᠠᠭᠠᠨ ᠤᠰᠤ᠂ ᠭᠠᠵᠡᠷ ᠰᠢᠷᠤᠢ᠂ ᠤᠢ ᠰᠢᠭᠤᠢ᠂ ᠡᠪᠡᠰᠤ ᠪᠡᠯᠴᠢᠬᠡᠷ ᠂ ᠲᠠᠯᠠᠢ ᠲᠠᠩᠬᠢᠰ᠂ ᠡᠷᠤᠳᠡᠰᠤ ᠵᠡᠷᠬᠡ  ᠴᠢᠬᠤᠯᠠ ᠪᠠᠢᠭᠠᠯᠢ ᠵᠢᠨ ᠡᠬᠢ ᠪᠠᠶᠠᠯᠢᠬ᠎ᠤᠨ ᠬᠠᠮᠢᠶᠠᠷᠤᠯᠳᠠ ᠵᠢ ᠴᠢᠩᠭᠠᠳᠬᠠᠵᠤ᠂ ᠡᠬᠢ ᠪᠠᠶᠠᠯᠢᠬ᠎ᠢ ᠨᠡᠬᠡᠬᠡᠨ ᠬᠦᠭᠵᠢᠬᠦᠯᠬᠦ ᠪᠠ ᠠᠰᠢᠬᠯᠠᠬᠤ ᠵᠢᠨ ᠬᠠᠮᠳᠤ ᠠᠮᠢ ᠠᠬᠤᠢ ᠵᠢᠨ ᠤᠷᠴᠢᠨ ᠠᠬᠤᠢ ᠵᠢ ᠴᠢᠩᠭ᠎ᠠ ᠬᠠᠮᠠᠭᠠᠯᠠᠨ᠂ ᠬᠦᠮᠤᠨ᠎ᠢ ᠪᠠᠢᠭᠠᠯᠢ ᠯᠤᠭ᠎ᠠ  ᠡᠶ᠎ᠠ ᠵᠤᠬᠢᠴᠠᠯ ᠲᠠᠢ ᠪᠠᠢᠯᠭᠠᠬᠤ ᠬᠡᠷᠡᠭᠳᠡᠢ᠃ ᠡᠳᠤᠷ ᠳᠤᠳᠤᠮ᠎ᠤᠨ ᠠᠮᠢᠳᠤᠷᠠᠯ ᠳᠤᠮᠳᠠ ᠤᠬᠠᠮᠰᠠᠷ ᠡᠴᠨ ᠪᠡᠨ ᠤᠷᠴᠢᠨ ᠳᠤᠭᠤᠷᠢᠨ᠎ᠢ ᠬᠠᠮᠠᠭᠠᠯᠠᠬᠤ ᠰᠠᠢᠨ ᠰᠠᠢᠬᠠᠨ ᠵᠠᠩ ᠲᠠᠳᠬᠠᠯ᠎ᠢ ᠪᠤᠢ ᠪᠤᠯᠭᠠᠵᠤ᠂ ᠤᠷᠴᠢᠨ ᠠᠬᠤᠢ ᠵᠢ ᠪᠤᠬᠢᠷᠳᠤᠭᠤᠯᠬᠤ ᠦᠬᠡᠢ ᠪᠠᠢᠬᠤ ᠵᠢ ᠠᠩᠬᠠᠷᠬᠤ ᠬᠡᠷᠡᠭᠳᠡᠢ᠃ ᠵᠢᠱ᠌ᠢᠶᠠᠯᠠᠪᠠᠯ᠂ ᠳᠤᠷ᠎ᠠ ᠪᠡᠷ ᠵᠢᠠᠨ ᠨᠤᠯᠮᠤᠬᠤ ᠦᠬᠡᠢ᠂ ᠬᠤᠭ ᠨᠤᠪᠰᠢ ᠪᠡ ᠪᠤᠬᠢᠷ ᠤᠰᠤ ᠵᠢ ᠡᠷᠤᠢ ᠬᠤᠷᠤᠢ ᠦᠬᠡᠢ ᠬᠡᠬᠡᠬᠦ ᠦᠬᠡᠢ᠂ ᠬᠠᠭᠤᠴᠢᠨ ᠬᠠᠶᠠᠭᠳᠠᠮᠠᠯ ᠳ᠋ᠢᠶᠠᠨ ᠤ᠋ᠤᠢ ᠵᠢ ᠡᠷᠤᠢ ᠬᠤᠷᠤᠢ ᠦᠬᠡᠢ ᠬᠠᠶᠠᠬᠤ ᠦᠬᠡᠢ᠂ ᠬᠤᠬ ᠨᠤᠪᠰᠢ ᠵᠢ ᠲᠦᠷᠤᠯ ᠬᠤᠪᠢᠶᠠᠵᠤ ᠬᠤᠷᠢᠶᠠᠵᠤ ᠠᠪᠬᠤ᠂ ᠤᠬᠢᠶᠠᠯᠭ᠎ᠠ ᠵᠢᠨ ᠡᠳ᠋᠎ᠢ ᠬᠢᠴᠢᠶᠠᠨ ᠬᠡᠷᠡᠭᠯᠡᠬᠦ ᠵᠡᠷᠬᠡ ᠪᠤᠯᠤᠨ᠎ᠠ᠃ ᠪᠠᠢᠭᠠᠯᠢ ᠵᠢᠨ ᠤᠷᠴᠢᠨ ᠠᠬᠤᠢ ᠵᠢ ᠬᠠᠮᠠᠭᠠᠯᠠᠬᠤ ᠡᠴᠨ ᠭᠠᠳᠠᠨ᠎ᠠ ᠪᠠᠰᠠ ᠤᠷᠤᠨ ᠰᠠᠭᠤᠴᠠ᠂ ᠠᠮᠢᠳᠤᠷᠠᠯ᠎ᠤᠨ ᠤᠷᠴᠢᠨ ᠳᠤᠭᠤᠷᠢᠨ᠎ᠢ ᠬᠠᠮᠠᠭᠠᠯᠠᠬᠤ᠂ ᠬᠡᠷ ᠳᠤᠳᠤᠷᠡᠬᠢ ᠠᠭᠠᠷ ᠴᠡᠪᠡᠷ ᠰᠤᠷᠭᠤᠭ ᠪᠠᠢᠬᠤ ᠵᠢ ᠪᠠᠳᠤᠯᠠᠬᠤ᠂ ᠴᠡᠪᠡᠷ ᠲᠡᠭᠰᠢ ᠬᠡᠬᠡᠨ ᠰᠠᠷᠠᠭᠤᠯ᠂ ᠳᠤᠯᠠᠭᠠᠨ ᠴᠢᠬᠢᠭᠯᠢᠭ᠎ᠤᠨ ᠬᠡᠮᠵᠢᠶ᠎ᠠ ᠵᠤᠬᠢᠴᠠᠬᠤ ᠵᠡᠷᠬᠡ ᠵᠢ ᠠᠩᠬᠠᠷᠬᠤ ᠬᠡᠷᠡᠭᠳᠡᠢ᠃

ᠪᠢᠳᠠ ᠪᠦᠬᠦᠨ ᠤᠬᠠᠮᠰᠠᠷ ᠡᠴᠨ ᠪᠡᠨ ᠤᠷᠴᠢᠨ ᠠᠬᠤᠢ ᠵᠢ ᠬᠠᠮᠠᠭᠠᠯᠠᠬᠤ᠂ ᠤᠷᠴᠢᠨ ᠳᠤᠭᠤᠷᠢᠨ᠎ᠢ ᠪᠤᠬᠢᠷᠳᠤᠭᠤᠯᠬᠤ ᠦᠬᠡᠢ ᠮᠦᠷᠳᠡᠬᠡᠨ ᠤᠨᠴᠠᠭᠠᠢᠯᠠᠨ ᠤᠰᠤ᠂ ᠴᠠᠬᠢᠯᠭᠠᠨ᠂ ᠨᠡᠬᠦᠷᠡᠰᠤ᠂ ᠨᠠᠬᠦᠷᠠᠰᠤᠨ ᠬᠡᠢ᠂ ᠪᠠᠢᠭᠠᠯᠢ ᠵᠢᠨ ᠰᠢᠳᠠᠮᠠᠬᠠᠢ ᠬᠡᠢ᠂ ᠴᠢᠯᠠᠭᠤᠨ ᠳᠤᠰᠤ ᠪᠤᠯᠤᠨ ᠮᠤᠳᠤᠨ ᠮᠠᠲᠸᠷᠢᠶᠠᠯ ᠵᠡᠷᠬᠡ ᠡᠬᠢ ᠪᠠᠶᠠᠯᠢᠬ᠎ᠢ ᠠᠷᠪᠢᠯᠠᠨ ᠭᠠᠮᠨᠠᠵᠤ᠂ ᠪᠦᠬᠦ ᠠᠷᠠᠳ ᠢᠷᠬᠡᠳ᠎ᠢ ᠲᠠᠢᠴᠢᠯᠠᠨ ᠠᠷᠪᠢᠴᠢ ᠭᠠᠮᠳᠠᠢ ᠨᠡᠢᠬᠡᠮ᠎ᠢ ᠪᠦᠳᠤᠬᠡᠨ ᠪᠠᠢᠭᠤᠯᠬᠤ ᠪᠡᠷ ᠴᠢᠷᠮᠠᠢᠵᠤ᠂ ᠠᠷᠢᠭᠤᠨ ᠴᠡᠪᠡᠷ᠂ ᠲᠠᠭᠠᠯᠠᠮᠵᠢᠳᠡᠢ᠂ ᠨᠠᠮ ᠵᠢᠮ᠂ ᠭᠤᠶᠤ ᠰᠠᠢᠬᠠᠨ ᠤᠷᠴᠢᠨ ᠳᠤᠭᠤᠷᠢᠨ᠎ᠢ ᠪᠠᠢᠭᠤᠯᠬᠤ ᠪᠡᠷ ᠴᠢᠷᠮᠠᠢᠵᠠᠭᠠᠶ᠎ᠠ ᠃

《ᠡᠷᠡᠬᠦᠯ  ᠮᠠᠨᠳᠤ ᠵᠢᠨ 66 ᠵᠤᠷᠪᠤᠰ》 ᠨᠤᠮ ᠡᠴᠨ ᠨᠠᠢᠷᠠᠭᠤᠯᠤᠨ ᠠᠪᠤᠪᠠ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号