ᠲᠤᠷᠠᠯᠠᠯ
2026-05-29 10:59:05
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠵᠠᠯᠠᠭᠤ ᠬᠦᠪᠡᠬᠦᠨ ᠡᠵᠢ ᠲᠠᠢ ᠪᠡᠨ ᠬᠤᠶᠠᠭᠤᠯᠠᠬᠠᠨ ᠠᠮᠢᠳᠤᠷᠠᠳᠠᠭ ᠪᠠᠢᠵᠠᠢ᠃ ᠨᠢᠬᠡ ᠡᠳᠤᠷ ᠵᠠᠯᠠᠭᠤ ᠶᠡᠬᠡᠳᠡ ᠤᠢᠳᠤᠨ ᠭᠠᠳᠠᠭᠰᠢ ᠭᠠᠷᠤᠯ᠎ᠠ᠃ ᠡᠢᠨ ᠬᠦ᠌ ᠶᠠᠪᠤᠵᠤ ᠪᠠᠢᠬᠤ᠎ᠳ᠋ᠠᠭᠠᠨ ᠨᠢᠬᠡ ᠲᠡᠯᠬᠡᠬᠦᠷ᠎ᠤᠨ ᠬᠠᠵᠠᠭᠤ᠎ᠪᠡᠷ ᠦᠩᠬᠡᠷᠡᠬᠦ ᠳ᠋ᠡᠬᠡᠨ ᠬᠡᠨᠡᠳᠳᠠ ᠳᠤᠭ ᠬᠡᠵᠤ ᠵᠤᠭᠰᠤᠪᠠ᠃ ᠲᠡᠬᠡᠭᠰᠡᠨ ᠵᠢᠠᠨ ᠨᠦᠬᠦᠬᠡ ᠲᠡᠯᠬᠡᠬᠦᠷ ᠤᠷᠤᠭᠤ ᠤᠷᠤᠵᠠᠢ᠃ ᠲᠡᠯᠬᠡᠬᠦᠷ ᠲᠤ᠌  ᠦᠶ᠎ᠠ ᠵᠢᠨ ᠬᠢᠨᠢ ᠨᠢᠬᠡᠨ ᠬᠦᠬᠡᠷᠤᠬᠦᠨ ᠦᠬᠢᠨ CD ᠬᠤᠳᠠᠯᠳᠤᠵᠤ ᠪᠠᠢᠯ᠎ᠠ᠃ ᠵᠠᠯᠠᠭᠤ ᠬᠦᠪᠡᠬᠦᠨ ᠦᠪᠡᠷ᠎ᠤᠨ ᠡᠷᠬᠡ ᠦᠬᠡᠢ ᠲᠡᠬᠦᠨ᠎ᠢ ᠬᠠᠷᠠᠨ ᠠᠯᠮᠠᠢᠷᠠᠵᠠᠢ᠃ ᠦᠬᠢᠨ ᠢᠨᠢᠶᠡᠮᠰᠦᠭᠯᠡᠨ᠄

— ᠲᠡᠨ᠎ᠳᠤ ᠳᠤᠰᠠᠯᠠᠮᠵᠢ ᠬᠡᠷᠡᠭᠳᠡᠢ ᠤᠤ? ᠁ ᠬᠡᠵᠤ ᠠᠰᠠᠭᠤᠪᠠ᠃ ᠪᠠᠯᠠᠮᠠᠭᠳᠠᠭᠰᠠᠠ ᠵᠠᠯᠠᠭᠤ ᠦᠬᠢᠨ᠎ᠢ ᠬᠠᠷᠠᠨ《ᠶᠠᠮᠠᠷ ᠰᠠᠢᠬᠠᠨ ᠢᠨᠢᠶᠡᠮᠰᠦᠭᠯᠡᠳᠡᠭ ᠬᠡᠤᠬᠡᠨ ᠪᠤᠢ᠂ ᠲᠡᠬᠦᠨ᠎ᠢ ᠦᠨᠤᠰᠬᠦ ᠶᠤᠮ ᠰᠠᠨ》ᠬᠡᠵᠤ ᠳᠤᠳᠤᠷ᠎ᠠ ᠪᠡᠨ ᠪᠤᠳᠤᠨ ᠵᠤᠭᠰᠤᠪᠠ᠃ ᠬᠡᠳᠤᠢᠪᠡᠷ ᠲᠡᠬᠦᠨ᠎ᠳᠤ CD ᠠᠪᠬᠤ ᠰᠠᠨᠠᠭ᠎ᠠ ᠦᠬᠡᠢ ᠴᠤ᠌᠂ ᠨᠡᠳᠠᠳᠤ ᠲᠠᠷᠠ CD ᠵᠢ ᠦᠭᠬᠦᠬᠡᠴᠢ ᠬᠡᠵᠠᠢ᠃ ᠦᠬᠢᠨ ᠲᠡᠬᠦᠨ᠎ᠢ ᠨᠢ ᠠᠪᠴᠤ ᠦᠭᠪᠡ᠃ ᠵᠠᠯᠠᠭᠤ ᠬᠡᠷ ᠲᠡᠬᠡᠨ ᠢᠷᠡᠬᠡᠳ ᠠᠪᠤᠭᠰᠠᠠ CD ᠵᠢᠠᠨ ᠨᠡᠬᠡᠬᠡᠵᠤ ᠴᠤ᠌ ᠦᠵᠡᠭᠰᠡᠡ ᠦᠬᠡᠢ ᠬᠤᠷᠭᠤᠨ᠎ᠳᠠᠭᠠᠨ ᠴᠤᠬᠢᠵᠤ ᠤᠷᠤᠭᠤᠯᠪᠠ᠃ ᠡᠢᠮᠤᠷᠬᠦᠤ ᠪᠠᠢᠳᠠᠯ ᠵᠢᠡᠷ ᠨᠡᠯᠢᠶᠠᠳ ᠬᠡᠳᠤᠨ ᠬᠤᠨᠤᠭ ᠦᠩᠬᠡᠷᠡᠪᠡ᠃ ᠬᠦᠤ ᠰᠡᠬᠦᠯ᠎ᠳ᠋ᠡᠬᠡᠨ ᠲᠠᠰᠪᠤᠷᠢ ᠠᠯᠳᠠᠷᠠᠨ ᠨᠢᠬᠡᠨ ᠬᠡᠤᠬᠡᠨ᠎ᠳᠤ ᠳᠤᠷᠠᠯᠠᠭᠰᠠᠠ ᠳᠤᠬᠠᠢ ᠪᠡᠨ ᠡᠵᠢ᠎ᠳ᠋ᠡᠬᠡᠨ ᠬᠡᠯᠡᠬᠦ᠎ᠳᠤ ᠡᠵᠢ ᠨᠢ᠄

— ᠬᠦᠤ ᠮᠢᠨᠢ ᠤᠴᠢᠵᠤ ᠲᠡᠬᠦᠨ ᠲᠠᠢ ᠠᠭᠤᠯᠵᠠᠵᠤ ᠶᠠᠷᠢ ᠬᠡᠵᠠᠢ᠃

ᠮᠠᠷᠭᠠᠰᠢ  ᠦᠷᠯᠦᠬᠡ ᠨᠢ  ᠵᠠᠯᠠᠭᠤ  ᠲᠡᠯᠬᠡᠬᠦᠷ  ᠲᠤ᠌ ᠤᠷᠤᠭᠠᠳ ᠨᠢᠬᠡ CD ᠰᠤᠩᠭᠤᠭᠰᠠᠠ ᠵᠢᠠᠨ᠄

— ᠴᠢᠮ᠎ᠠ ᠲᠠᠢ ᠬᠠᠮᠳᠤ ᠨᠢᠬᠡ ᠦᠳᠡᠰᠢ ᠵᠢ ᠬᠠᠮᠳᠤ ᠦᠩᠬᠡᠷᠡᠬᠦᠯᠵᠤ ᠪᠤᠯᠬᠤ ᠤᠤ ᠬᠡᠳ ᠲᠡᠬᠦᠨ᠎ᠳᠤ ᠤᠳᠠᠰᠤᠨ᠎ᠤ ᠪᠡᠨ ᠨᠤᠮᠸᠷ᠎ᠢ ᠦᠭᠴᠠᠢ᠃ ᠲᠡᠬᠡᠬᠡᠳ ᠮᠦᠨ ᠯᠠ ᠨᠢᠬᠡ CD ᠬᠤᠳᠠᠯᠳᠤᠨ ᠠᠪᠤᠭᠠᠳ  ᠶᠠᠪᠤᠵᠠᠢ᠃

ᠬᠤᠶᠠᠷ ᠡᠳᠤᠷ᠎ᠤᠨ ᠲᠠᠷᠠᠭ᠎ᠠ ᠬᠡᠷ᠎ᠤᠨ ᠬᠢᠨᠢ ᠤᠳᠠᠰᠤ ᠤᠷᠤᠭᠤ ᠨᠦᠬᠦᠬᠡ ᠦᠬᠢᠨ ᠵᠠᠯᠭᠠᠵᠠᠢ᠃

— ᠠᠭᠤᠴᠢᠯᠠᠭᠠᠷᠠᠢ᠂ ᠪᠢ ᠲᠦᠩᠬᠡᠵᠢ ᠰᠠᠶᠢ ᠲᠡᠬᠦᠨ᠎ᠤ ᠤᠳᠠᠰᠤᠨ᠎ᠤ ᠨᠤᠮᠸᠷ ᠵᠢᠠᠨ ᠪᠢᠴᠢᠭᠰᠡᠡ ᠴᠠᠭᠠᠰᠤ ᠵᠢ ᠨᠢ ᠤᠯᠤᠭᠠᠳ ᠬᠡᠬᠦ᠎ᠳᠤ ᠡᠵᠢ ᠨᠢ ᠤᠬᠢᠯᠠᠨ᠄

—  ᠴᠢ  ᠰᠤᠨᠤᠰᠤᠭ᠎ᠠ ᠦᠬᠡᠢ ᠶᠤᠮ ᠤᠤ᠂ ᠬᠦᠤ ᠮᠢᠨᠢ ᠦᠴᠤᠬᠡᠳᠤᠷ ᠨᠠᠰᠤ ᠪᠠᠷᠠᠭᠰᠠᠠ ᠬᠡᠪᠡ᠃

ᠤᠷᠤᠰᠢᠭᠤᠯᠭ᠎ᠠ ᠵᠢᠨ ᠲᠠᠷᠠᠭᠠᠬᠢ ᠬᠡᠳᠤᠨ ᠡᠳᠤᠷ ᠎ᠤᠨ ᠲᠠᠷᠠᠭ᠎ᠠ ᠡᠵᠢ ᠨᠢ ᠬᠦᠤ ᠵᠢᠠ ᠵᠢᠠᠨ ᠦᠷᠤᠬᠡ ᠵᠢ ᠴᠡᠪᠡᠷᠯᠡᠵᠤ ᠪᠠᠢᠭᠠᠳ ᠬᠤᠷᠭᠤᠨ᠎ᠳᠤᠨᠢ ᠮᠠᠰᠢ ᠤᠯᠠᠨ ᠵᠠᠳᠠᠯᠤᠭ᠎ᠠ ᠦᠬᠡᠢ CD ᠪᠠᠢᠬᠤ ᠵᠢ ᠤᠯᠵᠤ ᠬᠠᠷᠠᠵᠠᠢ᠃ ᠲᠠᠬᠦᠨ ᠡᠴᠨ ᠨᠢᠬᠡ ᠵᠢ ᠨᠢ ᠠᠪᠤᠭᠠᠳ ᠵᠠᠳᠠᠯᠵᠤ ᠦᠵᠡᠬᠦ᠎ᠳᠤ᠂ 《ᠰᠠᠢᠨ ᠤᠤ?  ᠪᠢ ᠲᠠᠨ᠎ᠳᠤ ᠬᠠᠢᠷᠠᠳᠠᠢ ᠪᠤᠯᠵᠠᠢ᠂ ᠲᠠᠨ ᠲᠠᠢ ᠢᠯᠡᠬᠦᠤ ᠳᠤᠳᠤᠨᠤ ᠪᠠᠢᠬᠤ ᠵᠢ ᠬᠦᠰᠡᠵᠤ ᠪᠠᠢᠨ᠎ᠠ᠂ ᠤᠷᠤᠢ ᠬᠠᠮᠳᠤ ᠬᠤᠭᠤᠯᠠᠯᠠᠬᠤ ᠤᠤ? ᠬᠠᠢᠷᠠᠳᠤ ᠵᠠᠺᠯᠢᠨ!》 ᠬᠡᠵᠤ ᠪᠢᠴᠢᠭᠰᠡᠨ ᠪᠠᠢᠪᠠ᠃ ᠡᠵᠢ ᠨᠢ ᠰᠠᠨᠳᠤᠷᠤᠨ ᠪᠦᠬᠦ CD ᠵᠢ ᠵᠠᠳᠠᠯᠵᠤ ᠦᠵᠡᠪᠡᠯ ᠪᠦᠬᠦᠳᠡ ᠳ᠋ᠤᠨᠢ ᠡᠢᠮᠤᠷᠬᠦᠤ ᠤᠳᠬ᠎ᠠ ᠲᠠᠢ ᠪᠢᠴᠢᠭ ᠬᠠᠪᠴᠢᠭᠤᠯᠤᠭᠰᠠᠠ ᠪᠠᠢᠵᠠᠢ᠃

ᠳᠤᠷᠠᠯᠠᠵᠤ ᠪᠢᠴᠢᠭᠰᠡᠡ ᠵᠠᠬᠢᠶ᠎ᠠ ᠵᠢ ᠨᠢ ᠤᠯᠵᠤ ᠬᠠᠷᠠᠭᠰᠠᠠ ᠦᠬᠡᠢ ᠳ᠋ᠡᠬᠡᠨ ᠵᠠᠺᠯᠢᠨ ᠬᠠᠷᠠᠮᠰᠠᠭᠰᠠᠠ ᠪᠠᠢᠬ᠎ᠠ᠂ ᠬᠡᠪᠡᠴᠤ ᠬᠦᠮᠤᠨ᠎ᠤ ᠠᠮᠢᠳᠤᠷᠠᠯ᠂ ᠬᠤᠪᠢ ᠲᠠᠪᠢᠯᠠᠩ ᠬᠡᠵᠤ ᠢᠢᠮᠤ ᠯᠠ ᠪᠠᠢᠳᠠᠭ᠃


《  ᠲᠡᠯᠡᠬᠡᠢ ᠵᠢᠨ ᠰᠤᠷᠭᠠᠮᠵᠢᠳᠤ ᠦᠬᠦᠯᠡᠯᠬᠡ  》  ᠨᠤᠮ ᠡᠴᠨ ᠨᠠᠢᠷᠠᠭᠤᠯᠤᠨ ᠠᠪᠤᠪᠠ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号