ᠪᠡᠬᠡ ᠵᠢᠨ ᠦᠨᠤᠷ ᠠᠩᠬᠢᠯᠤᠭᠰᠠᠠ ᠦᠯᠤᠬᠡᠢ ᠨᠤᠳᠤᠭ ᠪᠢᠷ᠎ᠤᠨ ᠦᠵᠦᠬᠦᠷ ᠡᠴᠨ ᠠᠮᠢᠯᠠᠭᠰᠡᠡ ᠦᠪ ᠰᠤᠶᠤᠯ
2026-05-29 10:53:13
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠪᠤᠯᠤᠳ ᠪᠢᠷ ᠵᠢᠠᠨ ᠪᠠᠷᠢᠵᠤ ᠤᠷᠠᠨ ᠵᠤᠬᠢᠶᠠᠯ ᠵᠢᠠᠨ ᠡᠬᠢᠯᠡᠬᠦᠯᠬᠦ᠎ᠳᠤ ᠪᠤᠳᠤᠯ ᠮᠢᠨᠢ ᠥᠪᠡᠷ᠎ᠦᠨ ᠡᠷᠬᠡ ᠦᠭᠡᠢ ᠲᠡᠬᠡᠷ᠎ᠠ ᠵᠠᠭᠤᠨ᠎ᠤ ᠨᠠᠶᠠᠭᠠᠳ ᠣᠨ᠎ᠤ ᠡᠬᠢᠨ᠎ᠦ ᠵᠢᠷᠢᠮ ᠠᠶ᠋ᠢᠮᠠᠭ᠎ᠤᠨ ᠪᠠᠭᠰᠢ᠎ᠶᠢᠨ ᠰᠤᠷᠭᠠᠭᠤᠯᠢ᠎ᠳᠤ ᠬᠦᠷᠴᠢᠬᠡᠪᠡ᠃ ᠲᠡᠷᠡ ᠦᠶ᠎ᠡ᠎ᠳᠤ ᠪᠢᠳᠡ ᠴᠢᠨᠢ ᠲᠦᠩᠬᠡᠵᠢ ᠠᠷᠪᠠᠭᠠᠳ ᠨᠠᠰᠤᠳᠠᠢ ᠬᠡᠤᠬᠡᠳ ᠪᠠᠶ᠋ᠢᠵᠤ᠂ ᠡᠳᠦᠷ ᠪᠤᠯᠭᠠᠨ ᠬᠢᠴᠢᠶᠡᠯ᠎ᠦᠨ ᠭᠡᠷ᠎ᠲᠦ᠍《ᠭᠤᠷᠪᠠᠨ ᠪᠢᠷ᠎ᠤᠨ ᠦᠰᠦᠭ》 ᠢ᠋ ᠬᠠᠲᠠᠭᠤᠵᠢᠯᠲᠠᠢ ᠪᠣᠯᠪᠠᠰᠤᠷᠠᠵᠤ ᠪᠠᠶ᠋ᠢᠪᠠ᠃ ᠲᠠᠷᠤᠢ ᠪᠣᠯᠣᠳ ᠪᠢᠷ᠎ᠦᠨ ᠦᠰᠦᠭ᠂ ᠣ᠎ᠶᠢᠨ ᠪᠢᠷ᠎ᠦᠨ ᠦᠰᠦᠭ᠂ ᠦᠰᠦᠨ ᠪᠢᠷ᠎ᠦᠨ ᠦᠰᠦᠭ ᠪᠤᠯᠤᠨ᠎ᠠ᠃ ᠡᠨᠡ ᠭᠤᠷᠪᠠᠨ ᠳᠠᠪᠠᠭ᠎ᠠ ᠨᠢ ᠪᠠᠭᠰᠢ᠎ᠶᠢᠨ ᠰᠤᠷᠭᠠᠭᠤᠯᠢ᠎ᠶᠢᠨ ᠰᠤᠷᠤᠭᠴᠢ ᠨᠢᠭᠡᠪᠦᠷᠢ᠎ᠶᠢᠨ ᠵᠠᠪᠠᠯ ᠰᠤᠷᠬᠤ ᠬᠢᠴᠢᠶᠡᠯ ᠲᠦᠷᠤᠯ ᠪᠠᠢᠵᠤ᠂ ᠬᠣᠵᠢᠮ ᠬᠤᠢᠰᠢᠳᠠ ᠨᠠᠮᠠᠢ᠍ᠢ ᠮᠣᠩᠭᠣᠯ ᠤᠷᠠᠨ ᠪᠢᠴᠢᠯᠭᠡ᠎ᠯᠤᠬᠡ ᠰᠠᠯᠵᠤ ᠪᠤᠯᠤᠰᠢ ᠦᠭᠡᠢ ᠬᠤᠪᠢ ᠪᠠᠷᠢᠯᠳᠤᠯᠭ᠎ᠠ᠎ᠲᠠᠶ ᠪᠣᠯᠭᠠᠵᠤ᠂ ᠦᠰᠦᠭ ᠪᠢᠴᠢᠭ᠎ᠤᠨ ᠤᠷᠠᠯᠢᠭ ᠲᠤ᠌ ᠦᠷᠤ ᠵᠢᠷᠤᠬᠡ ᠪᠡᠨ ᠰᠢᠪᠬᠠᠵᠤ ᠶᠠᠪᠤᠵᠠᠢ᠃

ᠳᠥᠴᠢ ᠭᠠᠷᠤᠢ ᠵᠢᠯ ᠨᠢᠳᠤ ᠢᠷᠮᠡᠬᠦ ᠵᠢᠨ ᠵᠠᠭᠤᠷ᠎ᠠ ᠥᠩᠭᠡᠷᠡᠵᠤ᠂ ᠤᠳᠤ ᠪᠢ ᠥᠪᠥᠷ ᠮᠣᠩᠭᠣᠯ᠎ᠤᠨ ᠮᠤᠩᠭᠤᠯ ᠤᠷᠠᠨ ᠪᠢᠴᠢᠯᠭᠡᠲᠡᠨ ᠎ᠦ ᠨᠡᠶ᠋ᠢᠭᠡᠮᠯᠢᠭ ᠎ᠦᠨ ᠳᠡᠳ᠋ ᠲᠡᠷᠢᠭᠦᠯᠡᠭᠴᠢ᠂ ᠲᠦᠩᠯᠢᠶᠣᠤ ᠬᠤᠳᠠ᠎ᠶᠢᠨ ᠮᠣᠩᠭᠣᠯ ᠤᠷᠠᠨ ᠪᠢᠴᠢᠯᠭᠡᠲᠡᠨ᠎ᠦ ᠨᠡᠶ᠋ᠢᠭᠡᠮᠯᠢᠭ᠎ᠦᠨ ᠲᠡᠷᠢᠭᠦᠯᠡᠭᠴᠢ᠂ ᠣᠷᠣᠨ ᠎ᠤ ᠲᠠᠰ ᠎ᠤᠨ  ᠮᠣᠩᠭᠣᠯ ᠤᠷᠠᠨ ᠪᠢᠴᠢᠯᠭᠡ᠎ᠶᠢᠨ ᠲᠥᠯᠥᠭᠡᠯᠡᠬᠦ᠌ ᠴᠢᠨᠠᠷᠲᠠᠢ ᠤᠯᠠᠮᠵᠢᠯᠠᠭᠴᠢ᠎ᠪᠤᠯᠤᠭᠰᠠᠠ᠎ᠤ ᠬᠤᠪᠢ᠎ᠳᠤ  ᠦᠩᠬᠡᠷᠡᠭᠰᠡᠡ ᠎ᠤ ᠬᠢ ᠪᠡᠨ ᠡᠷᠭᠢᠴᠡᠭᠦᠯᠬᠦ ᠳ᠋ᠤ ᠬᠠᠮᠤᠭ ᠡᠴᠨ ᠲᠠᠯᠠᠷᠬᠠᠳᠠᠭ ᠬᠦᠮᠤᠨ ᠪᠤᠯ ᠬᠣᠷᠴᠢᠨ ᠵᠡᠭᠦᠨ ᠭᠠᠷᠤᠨ ᠬᠣᠶ᠋ᠢᠲᠤ᠌ ᠬᠣᠰᠢᠭᠤᠨ᠎ᠤ ᠭᠤᠷᠪᠠᠨ ᠠᠬᠠᠮᠠᠳ ᠤᠷᠠᠨ ᠪᠢᠴᠢᠯᠭᠡᠲᠡᠨ ᠠᠳ᠋ᠠᠯᠢᠪᠢᠰᠢ᠂ ᠡᠷᠳᠡᠨᠢᠪᠦ᠋ᠬᠡ ᠪᠣᠯᠤᠨ ᠪᠠᠶ ᠪᠥ᠋ᠬᠡ ᠪᠠᠭᠰᠢ ᠪᠤᠯᠤᠨ᠎ᠠ᠃ ᠲᠡᠳᠡ ᠨᠡᠷ ᠭᠡᠷᠡᠯᠲᠦ᠍ ᠴᠠᠮᠬᠠᠭ ᠮᠡᠳᠤ ᠮᠢᠨᠦ᠍ ᠢᠷᠡᠬᠡᠳᠦᠢ ᠵᠢᠨ ᠵᠠᠮ᠎ᠢ ᠭᠡᠷᠡᠯᠳᠤᠬᠦᠯᠵᠤ᠂ ᠮᠣᠩᠭᠣᠯ ᠤᠷᠠᠨ ᠪᠢᠴᠢᠯᠬᠡ ᠵᠢᠨ ᠤᠷᠠᠯᠢᠬ ᠬᠢᠬᠡᠳ ᠭᠤᠸ᠎ᠠ ᠰᠠᠢᠬᠠᠨ᠎ᠤ ᠬᠦᠷᠳᠡᠬᠡᠮᠵᠢ ᠵᠢ ᠤᠯᠤᠰ ᠤᠷᠤᠨ ᠴᠢᠨᠠᠭᠰᠢᠯᠠᠨ ᠲᠡᠯᠡᠬᠡᠢ ᠨᠠᠢᠳᠠ ᠵᠢᠨ ᠬᠠᠷᠠᠭᠠᠨ᠎ᠳᠤ ᠳᠤᠳᠤᠷᠠᠭᠤᠯᠤᠨ᠂ ᠦᠨᠳᠤᠰᠤᠳᠠᠨ᠎ᠤ ᠰᠤᠶᠤᠯ᠎ᠢ ᠰᠤᠷᠳᠠᠯᠴᠢᠯᠠᠨ ᠤᠬᠠᠭᠤᠯᠬᠤ᠎ᠳᠤ ᠢᠳᠡᠪᠬᠢ ᠤᠢᠯᠠᠳᠤᠯ ᠦᠵᠡᠬᠦᠯᠦᠭᠰᠡᠡ ᠶᠤᠮ᠃

ᠮᠣᠩᠭᠣᠯ ᠤᠷᠠᠨ ᠪᠢᠴᠢᠯᠭᠡ ᠎ᠶᠢᠨ ᠣᠷᠴᠢᠨ ᠣᠳᠣ ᠦᠶ᠎ᠡ᠎ᠶᠢᠨ ᠬᠥᠭᠵᠢᠯᠲᠡ᠎ᠶᠢ ᠶᠠᠷᠢᠬᠤ᠎ᠳᠤ ᠡᠩ ᠲᠡᠷᠢᠭᠦᠨ᠎ᠳᠦ ᠠᠳ᠋ᠠᠯᠢᠪᠢᠰᠢ ᠪᠠᠭᠰᠢ ᠎ᠶᠢ ᠳᠤᠷᠠᠳᠬᠤ ᠦᠭᠡᠢ ᠪᠠᠢᠬᠤ᠎ᠶᠢᠨ ᠠᠷᠭ᠎ᠠ ᠦᠭᠡᠢ᠃ ᠲᠡᠷᠡ ᠪᠣᠯ ᠮᠣᠩᠭᠣᠯ ᠤᠷᠠᠨ ᠪᠢᠴᠢᠯᠭᠡ᠎ᠶᠢᠨ ᠰᠢᠨ᠎ᠠ ᠵᠢ ᠡᠬᠦᠳᠦᠭᠰᠡᠡ ᠤᠤᠭᠠᠨ ᠤᠷᠠᠯᠢᠭᠴᠢᠨ ᠬᠡᠮᠡᠳᠡᠭ᠃ ᠲᠡᠷᠠ ᠪᠡᠷ ᠬᠤᠪᠤᠷ ᠨᠠᠨᠳᠢᠨ ᠤᠷᠠᠨ ᠪᠢᠴᠢᠯᠭᠡ᠎ᠶᠢᠨ ᠪᠦᠳᠤᠬᠡᠯ᠎ᠢ ᠦᠯᠡᠳᠡᠬᠡᠭᠰᠡᠨ ᠲᠡᠳᠦᠢ ᠦᠭᠡᠢ᠂ ᠨᠡᠩ ᠴᠤ᠌ ᠮᠣᠩᠭᠣᠯ ᠤᠷᠠᠨ ᠪᠢᠴᠢᠯᠭᠡ᠎ᠶᠢ ᠬᠡᠷᠡᠭᠯᠡᠬᠡᠨ᠎ᠤ ᠪᠢᠴᠢᠯᠬᠡ ᠡᠴᠡ ᠲᠤᠰᠠᠭᠠᠷᠯᠠᠭᠤᠯᠵᠤ᠂ ᠨᠢᠭᠡ ᠲᠥᠷᠥᠯ ᠎ᠦᠨ ᠬᠥᠭᠡᠭᠡᠴᠡᠯᠳᠦᠭᠦ ᠦᠨ᠎ᠠ ᠦᠷᠳᠡᠭ ᠪᠦᠬᠦᠢ ᠤᠷᠠᠯᠢᠭ ᠪᠣᠯᠭᠠᠭᠰᠠᠨ᠎ᠳᠤ ᠣᠷᠣᠰᠢᠨ᠎ᠠ᠃

ᠠᠳ᠋ᠠᠯᠢᠪᠢᠰᠢ ᠪᠠᠭᠰᠢ ᠵᠢ ᠰᠤᠷᠭᠠᠨ ᠬᠦᠮᠦᠵᠢᠯᠲᠡᠨ ᠬᠡᠵᠤ ᠬᠡᠯᠡᠵᠤ ᠴᠤ᠌ ᠪᠤᠯᠤᠨ᠎ᠠ᠃ ᠲᠡᠷᠡ ᠣᠶ᠋ᠶ᠎ᠠ᠎ᠳᠤ ᠵᠢᠭᠠᠨ ᠰᠤᠷᠭᠠᠯᠳᠠ ᠵᠢᠨ ᠠᠵᠢᠯ ᠬᠢᠬᠦ ᠵᠢᠨ ᠲᠠᠭᠠᠤ ᠴᠢᠯᠦᠬᠡ ᠵᠡᠪ ᠵᠢᠡᠷ ᠵᠢᠠᠨ ᠤᠷᠠᠨ ᠪᠢᠴᠢᠯᠭᠡ᠎ᠳᠦ ᠰᠡᠳᠬᠢᠯ ᠲᠠᠯᠪᠢᠵᠤ᠂ ᠵᠣᠬᠢᠶᠠᠨ ᠪᠦᠲᠦᠭᠡᠵᠤ ᠴᠢᠳᠠᠬᠤ ᠬᠥᠮᠦᠨ ᠳᠤᠩ ᠴᠦᠬᠡᠨ ᠪᠠᠢᠵᠠᠢ᠃ ᠲᠠᠷᠠ ᠪᠡᠷ ᠮᠣᠩᠭᠣᠯ ᠤᠷᠠᠨ ᠪᠢᠴᠢᠯᠭᠡ ᠤᠷᠠᠯᠢᠭ ᠪᠤᠯᠵᠤ ᠪᠤᠯᠤᠨ᠎ᠠ᠂ ᠨᠠᠰᠤ᠎ᠪᠠᠷ ᠎ᠢᠶᠠᠨ ᠬᠥᠭᠡᠭᠡᠴᠡᠯᠳᠦᠬᠦ ᠦᠨ᠎ᠠ ᠦᠷᠳᠡᠭ ᠲᠠᠢ ᠭᠡᠳᠡᠭ᠎ᠢ ᠦᠢᠯᠡᠳᠦᠯᠭᠡ᠎ᠪᠡᠷ᠎ᠢᠶᠡᠨ ᠬᠤᠢᠴᠢ ᠦᠶ᠎ᠠ ᠳ᠋ᠡᠬᠡᠨ ᠬᠡᠯᠡᠵᠦ᠍ ᠥᠭᠭᠦᠭᠰᠡᠨ ᠪᠠᠶ᠋ᠢᠨ᠎ᠠ᠃ ᠬᠡᠳᠦᠶ᠋ᠢᠪᠡᠷ ᠲᠡᠭᠦᠨ ᠎ᠦ ᠤᠷᠠᠨ ᠪᠦᠲᠦᠭᠡᠯ ᠲᠠᠢᠮᠤ ᠣᠯᠠᠨ ᠪᠢᠰᠢ ᠪᠣᠯᠪᠠᠴᠤ᠌ ᠪᠠᠢ ᠪᠦᠬᠡ ᠪᠠᠭᠰᠢ᠎ᠶᠢᠨ ᠬᠤᠵᠢᠮ ᠎ᠤᠨ ᠤᠷᠠᠨ ᠪᠢᠴᠢᠯᠬᠡ ᠵᠢᠨ ᠣᠨᠣᠯ᠎ᠢ ᠦᠬᠦᠯᠡᠨ ᠵᠠᠳᠠᠯᠬᠤ ᠳᠤᠮᠳᠠ ᠪᠢᠳᠡ ᠠᠳᠠᠯᠢᠪᠢᠰᠢ ᠪᠠᠭᠰᠢ᠎ᠶᠢᠨ ᠤᠷᠠᠯᠢᠭ᠎ᠤᠨ ᠠᠮᠵᠢᠯᠲᠠ ᠪᠤᠯᠤᠨ ᠦᠩᠬᠡᠷᠡᠯᠳᠡ᠎ᠵᠢ ᠦᠵᠡᠨ ᠭᠠᠷᠴᠤ ᠪᠤᠯᠤᠨ᠎ᠠ᠃ ᠲᠡᠭᠦᠨ᠎ᠦ ᠲᠠᠷᠢᠭᠰᠠᠨ ᠦᠷ᠎ᠡ ᠨᠢ ᠬᠣᠵᠢᠮ᠎ᠤᠨ ᠬᠡᠳᠦᠨ ᠠᠷᠪᠠᠨ ᠵᠢᠯ᠎ᠳᠦ ᠭᠠᠵᠠᠷ ᠪᠤᠯᠭᠠᠨ᠎ᠳᠤ ᠦᠨᠳᠦᠰᠦᠯᠡᠨ ᠨᠠᠬᠢᠶᠠᠯᠠᠵᠤ᠂ ᠨᠠᠪᠴᠢ ᠨᠠᠮᠠᠭ᠎ᠠ ᠨᠢ ᠤᠯᠠᠮ ᠡᠴᠨ ᠢᠭᠴᠤ᠌ ᠰᠠᠬᠤᠯᠢᠭ ᠪᠤᠯᠵᠠᠢ᠃

ᠠᠳ᠋ᠠᠯᠢᠪᠢᠰᠢ ᠪᠠᠭᠰᠢ᠎ᠶᠢ ᠤᠷᠠᠨ ᠪᠢᠴᠢᠯᠬᠡ ᠵᠢᠨ ᠦᠷ᠎ᠡ ᠰᠠᠴᠤᠭᠴᠢ ᠭᠡᠬᠦ᠌ ᠶᠤᠮ ᠪᠣᠯ ᠡᠷᠳᠡᠨᠢᠪᠦ᠋ᠬᠡ ᠪᠠᠭᠰᠢ ᠪᠤᠯ  ᠡᠨᠡ ᠦᠷ᠎ᠠ ᠵᠢ ᠮᠠᠨ᠎ᠤ ᠨᠤᠲᠤᠭ ᠲᠤ᠌ ᠦᠨᠳᠤᠰᠤᠯᠡᠬᠦᠯᠦᠨ ᠪᠤᠢᠵᠢᠭᠤᠯᠤᠭᠰᠡᠡ ᠬᠥᠮᠦᠨ ᠮᠦᠨ᠃ ᠲᠠᠷᠠ ᠪᠡᠷ ᠬᠣᠶᠠᠳᠤᠭᠠᠷ ᠦᠶ᠎ᠡ᠎ᠶᠢᠨ ᠤᠷᠠᠨ ᠪᠢᠴᠢᠯᠭᠡᠲᠡᠨ ᠪᠥᠭᠡᠳ ᠰᠤᠷᠭᠠᠨ ᠬᠦᠮᠦᠵᠢᠯᠲᠡᠨ ᠪᠣᠯᠤᠭᠰᠠᠨ᠎ᠤ ᠬᠤᠪᠢ᠎ᠳᠤ  ᠪᠢᠴᠢᠯᠭᠡ᠎ᠶᠢᠨ ᠬᠡᠪ ᠨᠠᠮᠪᠠ ᠨᠢ ᠳᠤᠬᠠᠢ ᠵᠢᠨ ᠭᠠᠵᠠᠷ ᠣᠷᠣᠨ᠎ᠤ ᠤᠷᠠᠨ ᠪᠢᠴᠢᠯᠭᠡ ᠰᠤᠷᠬᠤ ᠳᠤᠷᠠᠳᠠᠢ ᠬᠦᠮᠤᠰ᠎ᠤᠨ ᠭᠣᠣᠯ ᠬᠦᠬᠡᠬᠡᠴᠡᠯᠳᠤᠬᠦ ᠪᠢᠴᠢᠯᠬᠡ ᠵᠢᠨ ᠬᠡᠪ᠎ᠨᠠᠮᠪᠠ ᠪᠣᠯᠤᠭᠰᠠᠨ ᠪᠠᠶ᠋ᠢᠨ᠎ᠠ᠃ ᠮᠦᠨ ᠴᠤ᠌ ᠬᠣᠷᠴᠢᠨ᠎ᠤ ᠲᠠᠯ᠎ᠠ ᠨᠤᠲᠤᠭ᠎ᠲᠤ᠌ ᠮᠣᠩᠭᠣᠯ ᠤᠷᠠᠨ ᠪᠢᠴᠢᠯᠭᠡ ᠰᠤᠷᠴᠤ᠌ ᠪᠠᠶ᠋ᠢᠭ᠎ᠠ ᠬᠥᠮᠦᠰ ᠪᠠᠷᠤᠭ ᠡᠷᠳᠡᠨᠢᠪᠦ᠋ᠬᠡ ᠪᠠᠭᠰᠢ ᠵᠢᠨ ᠨᠥᠯᠥᠭᠡ᠎ᠶᠢ ᠬᠦᠷᠲᠡᠭᠰᠡᠨ ᠬᠡᠵᠤ ᠬᠡᠯᠡᠵᠤ ᠪᠤᠯᠬᠤ ᠶᠤᠮ᠃

ᠡᠷᠳᠡᠨᠢᠪᠦ᠋ᠬᠡ ᠪᠠᠭᠰᠢ ᠯᠤᠭ᠎ᠠ ᠵᠢᠨ ᠬᠤᠪᠢ ᠪᠠᠷᠢᠯᠳᠤᠯᠭ᠎ᠠ ᠵᠢ《ᠨᠠᠬᠢᠶ᠎ᠠ》 ᠰᠡᠳᠬᠦᠯ᠎ᠤᠨ ᠨᠠᠶ᠋ᠢᠷᠠᠭᠤᠯᠬᠤ ᠬᠡᠯᠲᠡᠰ᠎ᠡᠴᠡ ᠡᠬᠢᠯᠡᠵᠤ ᠶᠠᠷᠢᠬᠤ ᠤᠴᠢᠷᠳᠡᠢ᠃ ᠲᠤᠬᠠᠢ᠎ᠶᠢᠨ ᠵᠢᠯ᠎ᠦᠨ《ᠨᠠᠬᠢᠶ᠎ᠠ》 ᠰᠡᠳᠬᠦᠯ ᠪᠣᠯ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠢᠬᠤᠯᠠ ᠰᠡᠳᠬᠦᠯ᠂ ᠬᠤᠭᠤᠴᠠᠭ᠎ᠠ ᠪᠦᠷᠢ ᠎ᠶᠢᠨ ᠠᠭᠤᠯᠭ᠎ᠠ ᠎ᠶᠢ ᠦᠰᠦᠨ ᠪᠢᠷ᠎ᠢᠶᠡᠷ ᠪᠢᠴᠢᠳᠡᠭ᠃  ᠺᠣᠮᠫᠢᠦ᠋ᠲ᠋ᠧᠷ ᠦᠭᠡᠢ ᠲᠡᠷᠡ ᠴᠠᠭ ᠣᠶ᠋ᠶ᠎ᠠ ᠎ᠳᠤ ᠡᠨᠡ ᠨᠢ ᠬᠡᠳᠦᠶ ᠡᠬᠡᠯ ᠪᠣᠷᠣᠭᠵᠢᠭᠤᠨ ᠠᠵᠢᠯᠯᠠᠬᠤ ᠠᠷᠭ᠎ᠠ ᠪᠠᠢᠬᠰᠠᠠ᠎ᠢ ᠪᠤᠤ ᠮᠡᠳᠡ᠃ ᠲᠡᠬᠡᠬᠡᠳ ᠪᠢ ᠴᠤ᠌ ᠵᠣᠯ᠎ᠢᠶᠠᠷ ᠡᠷᠳᠡᠨᠢᠪᠦ᠋ᠬᠡ ᠪᠠᠭᠰᠢ᠎ᠶᠢ ᠳᠠᠭᠠᠵᠤ᠂ ᠬᠡᠳᠦᠨ ᠬᠤᠭᠤᠴᠠᠭᠠᠨ᠎ᠤ ᠰᠡᠳᠬᠦᠯ᠎ᠤᠨ ᠠᠭᠤᠯᠭ᠎ᠠ᠎ᠶᠢ ᠪᠡᠯᠡᠳᠬᠡᠵᠤ ᠦᠰᠦᠨ ᠪᠢᠷ᠎ᠢᠶᠡᠷ ᠪᠢᠴᠢᠵᠠᠢ᠃ ᠲᠡᠷᠡ ᠬᠦ᠌ ᠥᠩᠭᠡᠷᠡᠯᠲᠡ ᠨᠢ ᠨᠠᠳᠠᠳᠤ ᠮᠠᠷᠳᠠᠭᠳᠠᠰᠢ ᠦᠬᠡᠢ ᠳᠤᠷᠠᠳᠬᠠᠯ ᠪᠤᠯᠵᠤ᠂ ᠵᠤᠷᠢᠬ᠎ᠢ ᠮᠢᠨᠢ ᠬᠦᠪᠴᠢᠯᠡᠭᠰᠡᠡ ᠡᠴᠨ ᠮᠤᠩᠭᠤᠯ ᠤᠷᠠᠨ ᠪᠢᠴᠢᠯᠬᠡ ᠵᠢᠨ ᠪᠠᠬ᠎ᠠ ᠳ᠋ᠤᠨᠢ ᠤᠷᠤᠵᠤ᠂ ᠵᠢᠩᠬᠢᠨᠢ ᠪᠡᠷ ᠡᠷᠳᠡᠨᠢᠪᠦ᠋ᠬᠡ ᠪᠠᠭᠰᠢ᠎ᠶᠢᠨ《ᠱᠠᠪᠢ》 ᠨᠢ ᠪᠣᠯᠤᠭᠰᠠᠨ ᠪᠠᠶ᠋ᠢᠨ᠎ᠠ᠃

ᠰᠤᠷᠭᠠᠭᠤᠯᠢ᠎ᠳᠤ ᠪᠠᠢᠬᠤ᠎ᠳᠠᠭᠠᠨ ᠪᠢᠳᠠ ᠨᠢᠭᠡ ᠠᠴᠤᠬ ᠨᠢᠬᠡ ᠰᠢᠯᠪᠢ ᠵᠢ ᠪᠢᠴᠢᠬᠦ ᠬᠦᠷᠳᠡᠯ᠎ᠠ ᠳᠠᠬᠢᠨ ᠳᠠᠪᠲᠠᠨ ᠲᠤᠩᠭᠠᠨ ᠪᠣᠳᠣᠯᠬᠢᠯᠠᠵᠤ ᠪᠠᠢᠭᠠᠳ ᠰᠠᠶᠢ ᠪᠢᠷ ᠬᠦᠳᠡᠯᠬᠡᠳᠡᠭ᠃ ᠡᠷᠳᠡᠨᠢᠪᠦ᠋ᠬᠡ ᠪᠠᠭᠰᠢ᠎ᠶᠢᠨ ᠬᠢᠴᠢᠶᠡᠩᠭᠦᠶ ᠪᠢᠴᠢᠯᠭᠡ ᠨᠢ ᠴᠢᠮᠪᠡᠢ ᠲᠦᠷᠢᠮᠵᠢᠬᠦᠨ᠂ ᠪᠦᠲᠦᠴᠡ ᠨᠢ ᠵᠢᠭᠳᠡ᠂ ᠪᠢᠴᠢᠯᠬᠡ ᠨᠢ ᠢᠳᠡᠯᠢᠭ ᠮᠦᠷᠳᠡᠬᠡᠨ ᠦᠵᠡᠮᠤᠷᠢ ᠲᠠᠢ᠃ ᠲᠡᠭᠦᠨ᠎ᠦ ᠪᠢᠴᠢᠯᠬᠡ ᠵᠢᠨ ᠠᠷᠭ᠎ᠠ ᠨᠢ ᠬᠤᠷᠴᠢᠨ ᠨᠤᠳᠤᠭ ᠲᠤ᠌ 《ᠰᠤᠷᠬᠤ ᠪᠢᠴᠢᠭ》 ᠰᠢᠭ ᠣᠷᠣᠰᠢᠵᠤ᠂ ᠨᠢᠭᠡ ᠦᠶ᠎ᠡ᠎ᠶᠢᠨ ᠤᠷᠠᠨ ᠪᠢᠴᠢᠯᠭᠡ᠎ᠳᠦ ᠪᠠᠬᠠᠲᠠᠶ ᠬᠥᠮᠦᠰ᠎ᠢ ᠨᠥᠯᠥᠭᠡᠯᠡᠭᠰᠡᠡ ᠪᠠᠶ᠋ᠢᠨ᠎ᠠ᠃ ᠪᠠᠭᠰᠢ᠎ᠶᠢᠨ ᠰᠤᠷᠭᠠᠭᠤᠯᠢ᠎ᠠᠴᠠ ᠲᠡᠭᠦᠰᠦᠭᠰᠡᠨ᠎ᠦ ᠳᠠᠷᠠᠭ᠎ᠠ ᠪᠢ ᠰᠤᠷᠭᠠᠭᠤᠯᠢ᠎ᠳ᠋ᠠᠭᠠᠨ ᠦᠯᠡᠳᠡᠵᠤ᠂ ᠮᠤᠩᠭᠤᠯ ᠤᠷᠠᠨ ᠪᠢᠴᠢᠯᠭᠡ ᠵᠢᠨ ᠪᠠᠭᠰᠢ ᠵᠢᠨ ᠠᠯᠳᠠᠷ᠎ᠢ ᠲᠠᠭᠤᠷᠢᠰᠤᠭᠤᠯᠵᠤ ᠶᠠᠪᠤᠬᠤ᠎ᠳᠠᠭᠠᠨ ᠰᠡᠳᠬᠢᠯ᠎ᠤᠨ ᠳᠤᠯᠠᠭᠠᠨ ᠭᠠᠯ᠎ᠮᠢᠨᠢ ᠲᠦᠷᠡᠯᠵᠡᠵᠤ᠂ ᠪᠡᠬᠡ ᠵᠢᠨ ᠦᠨᠤᠷ ᠲᠤ᠌ ᠰᠢᠩᠬᠡᠭᠰᠡᠡ ᠦᠪ ᠤᠯᠠᠮᠵᠢᠯᠠᠯ ᠪᠤᠯᠬᠤ ᠤᠷᠠᠨ ᠪᠢᠴᠢᠯᠬᠡ᠎ᠵᠢ ᠰᠢᠳᠤᠨ ᠪᠢᠰᠢᠷᠡᠬᠦ ᠰᠡᠳᠬᠢᠯᠬᠡ ᠪᠡᠷ ᠠᠴᠢᠳᠤ ᠪᠠᠭᠰᠢ ᠡᠴᠡ ᠪᠡᠨ ᠰᠤᠷᠤᠭᠰᠠᠨ ᠪᠢᠴᠢᠯᠬᠡ ᠵᠢᠨ ᠠᠷᠭ᠎ᠠ ᠪᠤᠯᠤᠨ ᠤᠢᠯᠠᠭᠠᠭᠳᠠᠬᠤᠨ᠎ᠢ ᠰᠤᠷᠤᠭᠴᠢᠳ ᠲᠠᠭᠠᠨ ᠵᠢᠭᠠᠠ ᠤᠯᠠᠮᠵᠢᠯᠠᠵᠤ ᠶᠠᠪᠤᠵᠠᠢ᠃

ᠭᠤᠷᠪᠠᠳᠤᠭᠠᠷ ᠦᠶ᠎ᠡ ᠪᠤᠯᠬᠤ᠎ᠳᠤ ᠪᠠᠢ ᠪᠦᠬᠡ ᠪᠠᠭᠰᠢ ᠮᠣᠩᠭᠣᠯ ᠤᠷᠠᠨ ᠪᠢᠴᠢᠯᠭᠡ᠎ᠶᠢ ᠰᠢᠨ᠎ᠡ ᠦᠨᠳᠤᠷ ᠲᠦᠪᠰᠢᠨ᠎ᠳᠦ ᠬᠦᠷᠭᠡᠭᠰᠡᠨ ᠪᠠᠶ᠋ᠢᠨ᠎ᠠ᠃ ᠲᠡᠷᠡ ᠪᠣᠯ ᠰᠤᠷᠭᠠᠨ ᠬᠥᠮᠦᠵᠢᠯ᠎ᠦᠨ ᠹᠷᠣᠨᠲ᠎ᠲᠠᠬᠢ ᠠᠬᠠᠮᠠᠳ ᠪᠠᠭᠰᠢ ᠮᠥᠷᠲᠡᠭᠡᠨ ᠰᠢᠨ᠎ᠡ᠎ᠶᠢ ᠡᠭᠦᠳᠬᠦ᠌ ᠵᠣᠷᠢᠭ ᠰᠠᠨᠠᠭ᠎ᠠ᠎ᠲᠠᠶ ᠤᠷᠠᠨ ᠪᠢᠴᠢᠯᠭᠡᠲᠡᠨ ᠮᠦᠨ᠃ ᠲᠡᠭᠦᠨ᠎ᠦ ᠵᠤᠬᠢᠶᠠᠨ ᠪᠦᠲᠦᠭᠡᠭᠰᠡᠨ ᠳᠤᠰ ᠵᠢᠡᠷ ᠵᠢᠠᠨ ᠰᠢᠰᠲᠸᠮ ᠪᠤᠯᠬᠤ 《 ᠪᠠᠢ ᠪᠥᠬᠡ᠎ᠶᠢᠨ ᠲᠢᠭ 》 ᠨᠢ ᠮᠣᠩᠭᠣᠯ ᠤᠷᠠᠨ ᠪᠢᠴᠢᠯᠭᠡ᠎ᠳᠦ ᠰᠢᠨ᠎ᠡ ᠠᠮᠢᠵᠢᠷᠠᠯ᠎ᠤᠨ ᠬᠦᠴᠤᠨ ᠤᠯᠭᠤᠵᠠᠢ᠃

ᠪᠠᠶ ᠪᠦᠬᠡ ᠪᠠᠭᠰᠢ᠎ᠶᠢᠨ ᠪᠢᠷ ᠪᠡᠬᠡ ᠰᠢᠳᠢ ᠲᠠᠢ ᠶᠤᠮ ᠰᠢᠬ ᠰᠠᠨᠠᠭᠳᠠᠳᠠᠭ᠃ ᠲᠡᠭᠦᠨ᠎ᠦ ᠪᠢᠴᠢᠬᠦ  ᠠᠷᠭ᠎ᠠ ᠨᠢ ᠮᠠᠰᠢ ᠭᠠᠢᠬᠠᠮᠰᠢᠭ ᠲᠠᠢ᠂ ᠡᠨᠡ ᠨᠢ ᠣᠯᠠᠨ ᠵᠢᠯ᠎ᠦᠨ ᠲᠤᠷᠰᠢ ᠨᠠᠳᠠᠳᠤ ᠦᠭᠬᠦᠭᠰᠡᠡ ᠬᠠᠮᠤᠭ᠎ᠤᠨ ᠰᠢᠭᠤᠳ ᠲᠥᠷᠥᠭᠳᠡᠯ ᠶᠤᠮ᠃ ᠲᠡᠭᠦᠨ᠎ᠦ ᠪᠢᠴᠢᠭᠰᠡᠨ ᠦᠰᠦᠭ᠎ᠤᠨ ᠪᠦᠲᠦᠴᠡ ᠨᠢ ᠥᠪᠡᠷᠮᠢᠴᠡ ᠤᠨᠴᠠᠯᠢᠬ ᠲᠠᠢ᠂ ᠬᠡᠪ ᠨᠠᠮᠪᠠ ᠨᠢ ᠢᠯᠡ ᠲᠣᠳᠣ᠂ ᠬᠥᠮᠦᠰ᠎ᠲᠦ᠍ ᠮᠠᠷᠲᠠᠭᠳᠠᠰᠢ ᠦᠭᠡᠢ ᠲᠦᠷᠦᠭᠳᠡᠯ᠎ᠢ ᠦᠭᠳᠡᠭ᠃ ᠬᠤᠵᠢᠮ ᠨᠢ ᠪᠠᠢ ᠪᠦᠬᠡ ᠪᠠᠭᠰᠢ ᠵᠢᠨ ᠪᠢᠷ᠂ ᠪᠡᠬᠡ᠂ ᠴᠠᠭᠠᠰᠤ ᠬᠡᠷᠡᠭᠯᠡᠬᠦ ᠲᠠᠯ᠎ᠠ᠎ᠪᠡᠷ ᠬᠢ ᠲᠠᠳᠬᠠᠯ ᠨᠢ ᠨᠠᠳᠠᠳᠤ ᠶᠡᠬᠡᠳᠡ ᠰᠡᠩᠬᠡᠷᠡᠭᠦᠯᠦᠯ ᠪᠤᠯᠤᠭᠰᠠᠠ᠎ᠢᠶᠠᠷ ᠪᠠᠷᠠᠬᠤ ᠦᠭᠡᠢ ᠨᠡᠩ ᠴᠢᠬᠤᠯᠠ ᠨᠢ ᠲᠡᠬᠦᠨ ᠡᠴᠨ ᠤᠷᠠᠨ ᠪᠢᠴᠢᠯᠭᠡ᠎ᠶᠢᠨ ᠤᠨᠤᠯ᠎ᠤᠨ ᠮᠡᠳᠡᠯᠭᠡ ᠪᠠ ᠲᠡᠦᠬᠡ᠎ᠶᠢᠨ ᠲᠤᠬᠠᠢ  ᠮᠡᠳᠡᠯᠭᠡ᠎ᠶᠢ ᠤᠯᠵᠤ ᠰᠤᠷᠤᠭᠰᠠᠨ ᠶᠤᠮ᠃ ᠡᠨᠡ ᠨᠢ ᠨᠢᠬᠡᠨ ᠤᠷᠠᠨ ᠪᠢᠴᠢᠯᠭᠡᠲᠡᠨ᠎ᠦ 《ᠪᠢᠴᠢᠵᠦ᠍ ᠴᠢᠳᠠᠬᠤ》ᠡᠴᠠ《ᠤᠢᠯᠠᠭᠠᠵᠤ ᠪᠢᠴᠢᠬᠦ》ᠵᠢᠨ ᠴᠢᠬᠤᠯᠠ ᠴᠢᠨᠠᠷ᠎ᠢ ᠰᠡᠳᠬᠢᠯ ᠵᠢᠡᠷ ᠵᠢᠠᠨ ᠮᠡᠳᠡᠷᠡᠭᠰᠡᠡ᠎ᠳᠤ ᠪᠠᠢᠭ᠎ᠠ᠎ᠶᠤᠮ᠃

ᠪᠠᠢ ᠪᠦ᠋ᠬᠡ ᠪᠠᠭᠰᠢ ᠵᠢᠨ ᠮᠣᠩᠭᠣᠯ ᠤᠷᠠᠨ ᠪᠢᠴᠢᠯᠭᠡ᠎ᠶᠢᠨ ᠣᠨᠣᠯ᠎ᠤᠨ ᠲᠠᠯ᠎ᠠ  ᠪᠡᠷ  ᠬᠢ ᠦᠵᠡᠬᠦᠯᠦᠭᠰᠡᠡ ᠬᠤᠪᠢ ᠨᠡᠮᠡᠷᠢ ᠵᠢ ᠨᠢ ᠨᠡᠩ ᠳᠤᠷᠠᠳᠤᠭᠤᠰᠢᠲᠠᠢ᠃ ᠲᠡᠬᠦᠨ᠎ᠤ ᠤᠷᠠᠨ ᠪᠢᠴᠢᠯᠭᠡ᠎ᠶᠢᠨ ᠣᠨᠣᠯ᠎ᠤᠨ ᠪᠠᠢᠭᠤᠯᠤᠯᠳᠠ᠎ᠳᠦ᠂ ᠠᠳᠠᠯᠢᠪᠢᠰᠢ ᠪᠠᠭᠰᠢ᠎ᠶᠢᠨ ᠤᠷᠠᠯᠢᠭ᠎ᠤᠨ ᠲᠣᠪᠴᠢ ᠨᠠᠮᠲᠠᠷ ᠪᠤᠯᠤᠨ ᠤᠷᠠᠨ ᠪᠦᠲᠦᠭᠡᠯ᠎ᠢ ᠲᠠᠩᠳᠠ ᠳᠤᠷᠠᠳᠴᠤ᠂ᠤᠷᠢᠳᠤᠬᠢ᠎ᠶᠢ ᠵᠠᠯᠭᠠᠮᠵᠢᠯᠠᠨ ᠬᠤᠢᠰᠢᠬᠢ᠎ᠳᠤ ᠵᠠᠮ ᠨᠡᠭᠡᠭᠡᠬᠦ ᠤᠢᠯᠠᠳᠤᠯ᠎ᠢ ᠦᠵᠡᠬᠦᠯᠵᠠᠢ᠃ ᠲᠠᠷᠠ ᠪᠡᠷ  ᠬᠣᠶ᠋ᠢᠴᠢ ᠦᠶ᠎ᠠ ᠵᠢᠨ ᠬᠢᠨ᠎ᠳᠤ  ᠮᠤᠩᠭᠤᠯ ᠤᠷᠠᠨ ᠪᠢᠴᠢᠯᠬᠡ ᠵᠢᠨ ᠰᠦᠭ ᠰᠦᠨᠠᠰᠤ᠎ᠵᠢ ᠲᠡᠨᠢᠭᠤᠯᠬᠤ ᠡᠴᠨ ᠭᠠᠳᠠᠨ᠎ᠠ ᠤᠯᠠᠮᠵᠢᠯᠠᠯᠳᠤ ᠰᠤᠶᠤᠯ᠎ᠢ ᠤᠯᠠᠮᠵᠢᠯᠠᠨ ᠵᠠᠯᠭᠠᠮᠵᠢᠯᠠᠬᠤ ᠵᠢᠨ ᠴᠢᠬᠤᠯᠠ ᠴᠢᠨᠠᠷ᠎ᠢ ᠮᠡᠳᠡᠭᠦᠯᠵᠠᠢ᠃ᠤᠳᠤ ᠪᠠᠢ ᠪᠦᠬᠡ ᠪᠠᠬᠰᠢ ᠨᠠᠶᠠᠨ ᠨᠠᠰᠤ ᠵᠢ ᠵᠤᠭᠤᠭᠯᠠᠵᠤ ᠪᠠᠢᠪᠡᠴᠤ  ᠤᠷᠠᠨ ᠪᠢᠴᠢᠯᠬᠡ ᠵᠢᠨ ᠬᠥᠭᠵᠢᠯᠳᠠ᠎ᠵᠢᠨ ᠲᠥᠯᠥᠭᠡ ᠶᠠᠭᠠᠷᠠᠯᠲᠠᠢ ᠠᠵᠢᠯᠯᠠᠭᠰᠠᠭᠠᠷ᠂ ᠤᠷᠠᠨ ᠪᠢᠴᠢᠯᠬᠡ ᠵᠢᠨ ᠢᠷᠡᠭᠡᠳᠤᠢ ᠵᠢᠨ ᠲᠦᠯᠦᠬᠡ ᠮᠠᠷᠠᠢᠨ ᠵᠢᠳᠬᠦᠭᠰᠡᠭᠡᠷ᠂ ᠤᠷᠠᠨ ᠪᠢᠴᠢᠯᠬᠡ ᠵᠢᠨ ᠷᠢᠳᠢ ᠰᠢᠳᠢ ᠵᠢ ᠦᠢ ᠲᠦᠮᠡᠨ᠎ᠳᠤ ᠪᠢᠰᠢᠷᠡᠭᠦᠯᠤᠨ ᠭᠠᠢᠬᠠᠭᠤᠯᠤᠭᠰᠠᠭᠠᠷ ᠃ ᠠᠬᠠᠮᠠᠳ ᠤᠷᠠᠨ ᠪᠢᠴᠢᠯᠬᠡᠳᠡᠨ ᠪᠣᠯ ᠠᠮᠢᠳᠤ ᠤᠯᠠᠮᠵᠢᠯᠠᠯ᠂ ᠮᠠᠨ᠎ᠤ ᠦᠶ᠎ᠡ᠎ᠶᠢᠨ ᠬᠢᠨ᠎ᠤ ᠬᠠᠮᠤᠭ᠎ᠤᠨ ᠡᠷᠬᠢᠮ ᠨᠠᠨᠳᠢᠨ ᠡᠳ᠋ ᠬᠥᠷᠥᠩᠭᠡ ᠮᠥᠨ᠃

《ᠨᠠᠬᠢᠶ᠎ᠠ》 ᠰᠡᠳᠬᠦᠯ᠎ᠤᠨ ᠡᠬᠡ ᠪᠢᠴᠢᠭ᠎ᠢ ᠦᠰᠦᠨ ᠪᠢᠷ᠎ᠢᠶᠡᠷ ᠬᠠᠭᠤᠯᠤᠭᠰᠠᠨ ᠲᠡᠷᠡ ᠡᠳᠦᠷ᠎ᠡᠴᠡ ᠤᠳᠤ ᠪᠣᠯᠲᠠᠯ᠎ᠠ ᠨᠢᠬᠡᠨᠳᠠ ᠳᠥᠴᠢ ᠭᠠᠷᠤᠢ ᠵᠢᠯ᠎ᠤᠨ ᠨᠢᠭᠤᠷ᠎ᠢ ᠦᠵᠡᠵᠡᠢ᠂ ᠬᠡᠪᠡᠴᠤ ᠤᠷᠠᠨ ᠪᠢᠴᠢᠯᠭᠡ ᠮᠢᠨᠤ ᠠᠮᠢᠳᠤᠷᠠᠯ᠎ᠤᠨ ᠰᠠᠯᠵᠤ ᠪᠤᠯᠤᠰᠢ ᠦᠭᠡᠢ ᠨᠢᠭᠡᠨ ᠬᠡᠰᠡᠭ ᠪᠣᠯᠵᠤ᠂ ᠪᠢᠷ ᠴᠠᠭᠠᠰᠤ ᠡᠴᠨ ᠬᠤᠷᠤᠮ ᠴᠤ᠌ ᠬᠤᠯᠠᠳᠠᠭ᠎ᠠ ᠦᠬᠡᠢ᠃ ᠮᠣᠩᠭᠣᠯ ᠤᠷᠠᠨ ᠪᠢᠴᠢᠯᠭᠡ᠎ᠶᠢᠨ ᠤᠢᠯᠠᠰ᠎ᠤᠨ ᠵᠠᠮ᠎ᠳᠤ ᠳᠤᠷᠭᠠᠨ ᠵᠢᠯᠤᠭᠤ ᠵᠢ ᠮᠢᠨᠢ ᠠᠳᠬᠤᠭᠤᠯᠵᠤ᠂ ᠦᠴᠤᠬᠡᠨ ᠠᠮᠵᠢᠯᠲᠠ᠎ᠳᠤ ᠬᠦᠷᠬᠡᠭᠰᠡᠡ ᠨᠢ ᠪᠦᠷ ᠡᠨᠡ ᠭᠤᠷᠪᠠᠨ ᠪᠠᠭᠰᠢ᠎ᠶᠢᠨ ᠭᠠᠪᠢᠶ᠎ᠠ ᠵᠢᠳᠬᠦᠯ ᠬᠡᠵᠤ ᠪᠢ ᠲᠠᠩᠳᠠ ᠪᠤᠳᠤᠵᠤ ᠶᠠᠪᠤᠳᠠᠭ᠃

ᠪᠢ ᠡᠷᠳᠡᠨᠢᠪᠦ᠋ᠬᠡ ᠪᠠᠭᠰᠢ᠎ᠶᠢᠨ ᠬᠢᠴᠢᠶᠡᠩᠭᠦᠶ ᠪᠢᠴᠢᠯᠭᠡ᠎ᠡᠴᠡ ᠪᠦᠲᠦᠴᠡ᠎ᠶᠢᠨ ᠨᠠᠷᠢᠨ ᠬᠢᠨᠠᠮᠠᠭᠠᠢ ᠪᠠ ᠳᠦᠷᠢᠮᠵᠢᠬᠦᠨ ᠪᠠᠢᠬᠤ᠎ᠰᠠᠭᠤᠷᠢ ᠡᠷᠳᠡᠮ᠎ᠢ ᠣᠯᠵᠤ ᠰᠤᠷᠴᠠᠶ;ᠠᠳ᠋ᠠᠯᠢᠪᠢᠰᠢ ᠪᠠᠭᠰᠢ ᠎ᠶᠢᠨ ᠦᠯᠡᠳᠡᠭᠡᠭᠰᠡᠨ ᠤᠷᠠᠨ ᠪᠦᠲᠦᠭᠡᠯ᠎ᠡᠴᠡ ᠤᠯᠠᠮᠵᠢᠯᠠᠯᠲᠤ᠌ ᠬᠢᠴᠢᠶᠡᠩᠭᠦᠶ ᠪᠢᠴᠢᠯᠭᠡ ᠎ᠶᠢᠨ ᠰᠢᠮ᠎ᠡ᠎ᠶᠢ ᠭᠥᠷᠳᠡᠵᠦ᠍᠂ ᠦᠪᠡᠷᠮᠢᠴᠠ ᠤᠨᠴᠠᠯᠢᠬ ᠲᠠᠢ ᠬᠢᠴᠢᠶᠡᠩᠭᠦᠶ ᠪᠢᠴᠢᠯᠭᠡ᠎ᠶᠢᠨ ᠠᠷᠭ᠎ᠠ᠎ᠪᠡᠨ ᠪᠦᠷᠢᠯᠳᠦᠭᠦᠯᠵᠡᠶ; ᠪᠠᠶ ᠪᠦᠬᠡ ᠪᠠᠭᠰᠢ᠎ᠡᠴᠡ ᠪᠢᠴᠢᠯᠬᠡ ᠵᠢᠨ ᠤᠷ᠎ᠠ ᠮᠡᠷᠭᠡᠵᠢᠯ᠎ᠦᠨ ᠭᠣᠣᠯ ᠴᠢᠮᠥᠭᠡ᠂ ᠤᠨᠤᠯ᠎ᠤᠨ ᠭᠦᠨᠴᠡ ᠵᠢᠴᠢ ᠤᠷᠠᠯᠢᠭ᠎ᠤᠨ ᠵᠠᠮ᠎ᠳᠤ ᠰᠢᠨᠲᠠᠷᠠᠰᠢ ᠦᠭᠡᠢ ᠮᠡᠷᠡᠢᠨ ᠴᠢᠷᠮᠠᠢᠬᠤ ᠵᠣᠷᠢᠭ ᠰᠠᠨᠠᠭ᠎ᠠ᠎ᠶᠢ ᠣᠯᠵᠤ ᠰᠤᠷᠪᠠ᠃

ᠡᠨᠡ ᠭᠤᠷᠪᠠᠨ ᠪᠠᠭᠰᠢ ᠶᠠᠬ ᠲᠣᠰ ᠪᠦᠷᠢ ᠡᠭᠦᠳᠦᠨ ᠨᠡᠭᠡᠭᠡᠬᠴᠢ᠂ ᠦᠪ ᠤᠯᠠᠮᠵᠢᠯᠠᠬᠴᠢ ᠪᠠ ᠰᠢᠨ᠎ᠠ ᠵᠢ ᠡᠬᠦᠳᠦᠭᠴᠢ ᠵᠢ ᠲᠥᠯᠥᠭᠡᠯᠡᠵᠤ᠂ ᠲᠡᠳᠡ ᠨᠠᠷ᠎ᠦᠨ ᠤᠷᠠᠨ ᠪᠦᠲᠦᠭᠡᠯ᠂ ᠤᠷᠠᠨ ᠪᠢᠴᠢᠯᠭᠡ ᠵᠢᠨ ᠠᠷᠭ᠎ᠠ᠂ ᠣᠪᠣᠷ ᠰᠤᠷᠳᠠᠯ ᠨᠢ ᠨᠠᠳᠠᠳᠤ ᠠᠪᠴᠤ ᠬᠡᠯᠡᠪᠡᠯ ᠤᠯᠳᠠᠰᠢ ᠦᠬᠡᠢ ᠨᠠᠨᠳᠢᠨ ᠬᠦᠷᠤᠩᠬᠡ ᠮᠦᠷᠳᠡᠬᠡᠨ ᠨᠠᠮᠠᠢ᠍ᠢ ᠦᠷᠬᠦᠯᠵᠢ ᠵᠤᠷᠢᠬᠵᠢᠭᠤᠯᠵᠤ ᠪᠠᠢᠳᠠᠭ᠃ ᠲᠡᠳᠡ ᠨᠠᠷ᠎ᠪᠠᠢᠬᠰᠠᠠ ᠦᠬᠡᠢ ᠪᠤᠯ ᠪᠢ ᠤᠷᠠᠨ ᠪᠢᠴᠢᠯᠭᠡ᠎ᠶᠢᠨ ᠤᠢᠯᠠᠰ᠎ᠤᠨ ᠳᠤᠷᠭᠠᠨ ᠵᠠᠮ᠎ᠵᠢᠡᠷ ᠳᠥᠴᠢᠨ ᠵᠢᠯ ᠪᠠᠷᠢᠮᠲᠠᠯᠠᠨ ᠵᠢᠳᠬᠦᠵᠤ ᠴᠢᠳᠠᠬᠤ ᠦᠭᠡᠢ ᠪᠠᠶ᠋ᠢᠵᠤ ᠮᠡᠳᠡᠨ᠎ᠡ᠂ ᠲᠡᠳᠡ ᠨᠠᠷ᠎ᠤᠨ ᠵᠢᠭᠠᠨ ᠵᠢᠯᠤᠭᠤᠳᠤᠯᠭ᠎ᠠ᠂ ᠬᠦᠰᠡᠯ ᠲᠠᠮᠠᠤᠯᠤᠯ᠂ ᠵᠤᠷᠢᠬ ᠰᠠᠨᠠᠭ᠎ᠠ ᠨᠠᠮᠠᠢ᠍ᠢ ᠬᠦᠳᠤᠯᠤᠨ ᠲᠠᠭᠠᠭᠤᠯᠤᠭᠰᠠᠠ ᠦᠬᠡᠢ ᠪᠣᠯ ᠪᠢ ᠨᠡᠩ ᠴᠤ᠌ ᠥᠨᠥᠳᠦᠷ᠎ᠦᠨ ᠤᠯᠠᠮᠵᠢᠯᠠᠭᠴᠢ ᠪᠣᠯᠵᠤ ᠴᠢᠳᠠᠬᠤ ᠦᠭᠡᠢ ᠶᠤᠮ᠃

ᠠᠳ᠋ᠠᠯᠢᠪᠢᠰᠢ ᠪᠠᠭᠰᠢ ᠪᠣᠯᠤᠨ ᠡᠷᠳᠡᠨᠢᠪᠦ᠋ᠬᠡ ᠪᠠᠭᠰᠢ ᠨᠢᠭᠡᠨᠲᠡ ᠨᠠᠰᠤ ᠪᠠᠷᠠᠭᠰᠠᠠ ᠴᠤ᠌ ᠲᠡᠳᠡ ᠨᠠᠷ᠎ᠤᠨ ᠪᠢᠷ ᠵᠢᠷᠤᠯᠭ᠎ᠠ ᠢᠳᠡᠷᠡᠬᠦᠨ ᠭᠤᠸᠠᠯᠢᠬ ᠵᠢᠡᠷ ᠵᠢᠠᠨ ᠤᠨᠴᠠᠯᠢᠬᠳᠠᠵᠤ᠂ ᠦᠵᠡᠭᠴᠢᠳ᠎ᠤᠨ ᠲᠠᠭᠠᠰᠢᠶᠠᠯ᠎ᠢ ᠤᠯᠵᠤ ᠪᠠᠢᠯ᠎ᠠ᠃ ᠪᠠᠢ ᠪᠥᠬᠡ ᠪᠠᠭᠰᠢ ᠨᠠᠰᠤᠨ ᠦᠨᠳᠤᠷ ᠪᠤᠭᠤᠷᠤᠯ ᠪᠣᠯᠤᠭᠰᠠᠠ ᠴᠤ᠌ ᠮᠥᠨ ᠯᠡ ᠤᠷᠠᠨ ᠪᠢᠴᠢᠯᠭᠡ᠎ᠶᠢᠨ ᠤᠢᠯᠠᠰ᠎ᠤᠨ ᠲᠦᠯᠦᠬᠡ ᠴᠢᠷᠮᠠᠢᠵᠤ ᠯᠠ ᠶᠠᠪᠤᠨ᠎ᠠ᠃ᠲᠡᠳᠡ ᠨᠠᠷ ᠪᠣᠯ ᠪᠦᠷ ᠮᠢᠨᠦ᠍ ᠨᠤᠲᠤᠭ᠎ᠤᠨ ᠠᠬᠠᠮᠠᠳ ᠳᠤᠮᠤᠭᠠᠳᠠᠨ᠂ ᠬᠣᠷᠴᠢᠨ ᠵᠡᠭᠦᠨ ᠭᠠᠷᠤᠨ ᠬᠣᠶ᠋ᠢᠲᠤ᠌ ᠬᠣᠰᠢᠭᠤ ᠪᠡᠷ ᠨᠤᠳᠤᠭ ᠲᠠᠢ᠂ᠦᠨᠳᠦᠰᠦ ᠨᠢᠬᠡᠳᠡᠢ ᠤᠷᠠᠨ ᠪᠢᠴᠢᠯᠬᠡᠳᠡᠨ ᠮᠦᠨ᠃

ᠥᠨᠥᠳᠦᠷ ᠮᠣᠩᠭᠣᠯ ᠤᠷᠠᠨ ᠪᠢᠴᠢᠯᠭᠡ ᠬᠥᠭᠵᠢᠭᠡᠳ ᠰᠢᠨ᠎ᠡ ᠱᠠᠲᠤᠨ᠎ᠳᠤ ᠬᠦᠷᠬᠦ᠎ᠳᠤ ᠡᠯ᠎ᠠ ᠵᠤᠢᠯ᠎ᠤᠨ ᠨᠥᠬᠥᠴᠡᠯ ᠴᠤ᠌ ᠲᠤᠬᠠᠶ᠎ᠶᠢᠨ ᠵᠢᠯ᠎ᠡᠴᠡ ᠬᠣᠯᠠ ᠰᠠᠶ᠋ᠢᠨ ᠪᠣᠯᠵᠠᠶ᠃ ᠺᠣᠮᠫᠢᠦ᠋ᠲ᠋ᠧᠷ ᠡᠴᠨ ᠰᠢᠭᠤᠳ ᠮᠣᠩᠭᠣᠯ ᠦᠰᠦᠭ᠎ᠦᠨ ᠲᠢᠭ᠎ᠢ ᠰᠤᠩᠭᠤᠵᠤ ᠪᠣᠯᠤᠨ᠎ᠠ᠂ ᠵᠠᠯᠠᠭᠤᠴᠤᠳ ᠴᠤ᠌ ᠪᠢᠳᠠᠨ᠎ᠲᠡᠶ ᠠᠳᠠᠯᠢ ᠪᠡᠷ ᠰᠡᠳᠬᠦᠯ᠎ᠦᠨ ᠠᠭᠤᠯᠭ᠎ᠠ᠎ᠶᠢ ᠦᠰᠦᠨ ᠪᠢᠷ ᠪᠤᠯᠤᠳ ᠪᠢᠷ ᠵᠢᠡᠷ ᠪᠢᠴᠢᠬᠦ᠌ ᠬᠡᠷᠡᠭ ᠦᠭᠡᠢ ᠪᠤᠯᠵᠠᠢ᠃ ᠭᠡᠪᠡᠴᠦ᠍ ᠮᠡᠷᠭᠡᠵᠢᠯ ᠬᠡᠳᠦᠶ ᠳᠠᠪᠰᠢᠩᠭᠤᠶ ᠴᠤ᠌ ᠭᠠᠷ᠎ᠢᠶᠠᠷ ᠪᠢᠴᠢᠬᠦ᠌ ᠳᠤᠯᠠᠭᠠᠴᠠ᠎ᠶᠢ ᠣᠷᠣᠯᠠᠵᠤ ᠳᠡᠢᠯᠬᠦ᠌ ᠦᠭᠡᠢ᠂ ᠬᠦᠮᠤᠨ ᠪᠢᠷ᠎ᠦᠨ ᠬᠣᠭᠣᠷᠣᠨᠳᠣᠬᠢ ᠰᠡᠳᠬᠢᠯᠭᠡ᠎ᠶᠢ ᠣᠷᠣᠯᠠᠵᠤ ᠳᠡᠢᠯᠬᠦ᠌ ᠦᠭᠡᠢ᠂ ᠦᠶ᠎ᠠ ᠦᠶ᠎ᠠ ᠤᠯᠠᠮᠵᠢᠯᠠᠵᠤ ᠢᠷᠡᠭᠰᠡᠡ ᠤᠷᠠᠨ ᠰᠠᠨᠠᠭ᠎ᠠ᠎ᠶᠢ ᠨᠡᠩ ᠴᠤ᠌ ᠣᠷᠣᠯᠠᠵᠤ ᠳᠡᠢᠯᠬᠦ᠌ ᠦᠭᠡᠢ ᠬᠡᠵᠤ ᠪᠢ ᠪᠤᠳᠤᠳᠠᠭ᠃

ᠮᠣᠩᠭᠣᠯ ᠤᠷᠠᠨ ᠪᠢᠴᠢᠯᠭᠡ᠎ᠶᠢᠨ ᠤᠯᠠᠮᠵᠢᠯᠠᠭᠴᠢ ᠪᠣᠯᠤᠭᠰᠠᠨ᠎ᠤ ᠬᠤᠪᠢ᠎ᠳᠤ ᠪᠢ ᠡᠨᠡ ᠭᠤᠷᠪᠠᠨ ᠪᠠᠭᠰᠢ᠎ᠶᠢᠨ ᠲᠡᠦᠬᠡᠨ ᠪᠠᠶ᠋ᠢᠷᠢ ᠰᠠᠭᠤᠷᠢ ᠪᠣᠯᠤᠨ ᠭᠠᠪᠢᠶ᠎ᠠ ᠵᠢᠳᠬᠦᠯ᠎ᠢ ᠡᠷᠭᠢᠴᠡᠭᠦᠯᠦᠨ ᠪᠢᠴᠢᠬᠦ ᠡᠬᠦᠷᠬᠡ ᠬᠠᠷᠢᠭᠤᠴᠠᠯᠭ᠎ᠠ᠎ᠲᠠᠶ᠃ ᠮᠣᠩᠭᠣᠯ ᠤᠷᠠᠨ ᠪᠢᠴᠢᠯᠭᠡ᠎ᠶᠢᠨ ᠬᠥᠭᠵᠢᠯ᠎ᠦᠨ ᠶᠠᠪᠤᠴᠠ᠎ᠳᠤ ᠲᠡᠳᠡ᠎ᠨᠠᠷ᠎ᠤᠨ ᠬᠤᠪᠢ ᠨᠡᠮᠡᠷᠢ᠎ᠶᠢ ᠦᠭᠡᠶ᠋ᠢᠰᠬᠡᠵᠦ᠍ ᠪᠣᠯᠬᠤ ᠦᠭᠡᠢ ᠮᠥᠷᠳᠡᠯ᠎ᠠ ᠨᠡᠩ ᠥᠨᠳᠥᠷ ᠦᠨᠡᠯᠡᠯᠲᠡ ᠥᠭᠬᠦ᠌ ᠶᠣᠰᠣᠲᠠᠢ᠃ ᠪᠢ ᠴᠤ᠌ ᠲᠡᠳᠡ ᠨᠠᠷ᠎ᠡᠴᠡ ᠰᠣᠷᠣᠭᠰᠠᠨ ᠠᠯᠢᠪᠠ ᠤᠷ᠎ᠠ ᠡᠷᠳᠡᠮ ᠵᠢᠠᠨ ᠬᠣᠶ᠋ᠢᠴᠢ ᠦᠶ᠎ᠡ᠎ᠳᠡᠭᠡᠨ ᠤᠯᠠᠮᠵᠢᠯᠠᠬᠤ ᠬᠠᠷᠢᠭᠤᠴᠠᠯᠭ᠎ᠠ᠎ᠲᠠᠶ᠃

ᠮᠠᠨ᠎ᠤ  ᠦᠶ᠎ᠡ᠎ᠶᠢᠨ ᠬᠢᠨ᠎ᠤ ᠤᠯᠠᠮᠵᠢᠯᠠᠭᠴᠢ ᠵᠠᠯᠭᠠᠮᠵᠢᠯᠠᠭᠴᠢᠳ ᠴᠢᠷᠮᠠᠶ᠋ᠢᠬᠤ ᠦᠭᠡᠢ ᠪᠠᠶ᠋ᠢᠬᠤ᠎ᠶᠢᠨ ᠠᠷᠭ᠎ᠠ ᠦᠭᠡᠢ᠂ ᠦᠨᠳᠦᠰᠦᠲᠡᠨ᠎ᠦ ᠰᠣᠶᠣᠯ᠎ᠢ ᠤᠯᠠᠮᠵᠢᠯᠠᠨ ᠵᠠᠯᠭᠠᠮᠵᠢᠯᠠᠬᠤ ᠦᠬᠡᠢ ᠪᠠᠢᠬᠤ ᠵᠢᠨ ᠠᠷᠭ᠎ᠠ ᠦᠬᠡᠢ᠃ ᠪᠠᠢ ᠪᠦᠬᠡ ᠪᠠᠭᠰᠢ ᠨᠠᠶᠠ᠎ᠬᠦᠷᠤᠬᠡᠳ ᠪᠠᠰᠠ ᠯᠠ ᠶᠠᠭᠠᠷᠠᠤ ᠠᠵᠢᠯᠯᠠᠵᠤ ᠪᠠᠢᠬᠤ᠎ᠳᠤ ᠪᠢᠳᠡ ᠶᠠᠭᠤ ᠬᠡᠵᠤ ᠬᠣᠶ᠋ᠢᠷᠭᠣᠰᠢᠵᠤ ᠪᠤᠯᠬᠤ ᠪᠤᠢ?

ᠪᠡᠬᠡ ᠵᠢᠨ ᠦᠨᠤᠷ ᠠᠩᠬᠢᠯᠤᠬᠰᠠᠠ ᠦᠯᠦᠬᠡᠢ ᠨᠤᠲᠤᠭ᠂ ᠪᠢᠷ᠎ᠦᠨ ᠦᠵᠦᠬᠦᠷ ᠡᠴᠨ ᠠᠮᠢᠯᠠᠭᠰᠠᠠ ᠦᠪ ᠰᠤᠶᠤᠯ ᠬᠡᠵᠤ ᠰᠠᠢᠬᠠᠨ ᠳ᠋ᠠᠭ᠃ ᠨᠢᠭᠡᠨ ᠪᠠᠭᠰᠢ᠎ᠶᠢᠨ ᠰᠤᠷᠭᠠᠭᠤᠯᠢ᠎ᠶᠢᠨ ᠰᠤᠷᠤᠭᠴᠢ᠎ᠪᠠᠢᠬᠰᠠᠠ ᠪᠢ ᠠᠯᠢᠪᠠ ᠬᠦᠴᠢᠷ ᠎ᠢ ᠲᠡᠪᠡᠵᠤ᠂ 《ᠭᠤᠷᠪᠠᠨ ᠪᠢᠷ᠎ᠤᠨ ᠦᠰᠦᠭ》 ᠢ᠋ ᠪᠤᠯᠪᠠᠰᠤᠷᠠᠵᠤ ᠪᠠᠢᠬᠰᠠᠠ᠎ᠠᠴᠠ ᠪᠡᠨ ᠤᠳᠤ ᠤᠷᠠᠨ ᠪᠢᠴᠢᠯᠭᠡ᠎ᠶᠢᠨ ᠳᠤᠷ᠎ᠠ ᠪᠠᠬᠠᠳᠠᠳ᠎ᠢ ᠳᠠᠢ᠌ᠴᠢᠯᠠᠨ ᠬᠠᠮᠲᠤ᠎ᠪᠠᠷ ᠮᠠᠷᠠᠢᠨ ᠠᠵᠢᠯᠯᠠᠵᠤ ᠪᠠᠢᠭ᠎ᠠ ᠠᠯᠬᠤᠮ ᠪᠦᠷᠢ᠎ᠶᠢᠨ ᠦᠰᠤᠨ ᠪᠣᠶ᠋ᠢᠵᠢᠯᠲᠠ ᠨᠢ ᠪᠦᠷ ᠬᠣᠷᠴᠢᠨ ᠵᠡᠭᠦᠨ ᠭᠠᠷᠤᠨ ᠬᠣᠶ᠋ᠢᠲᠤ᠌ ᠬᠣᠰᠢᠭᠤᠨ᠎ᠤ ᠭᠤᠷᠪᠠᠨ ᠠᠬᠠᠮᠠᠳ᠎ᠡᠴᠡ ᠰᠠᠯᠵᠤ ᠴᠢᠳᠠᠬᠤ ᠦᠭᠡᠢ᠃ ᠮᠦᠨ ᠴᠤ᠌ ᠡᠨᠡ ᠵᠣᠬᠢᠶᠠᠯ᠎ᠢᠶᠠᠷ ᠲᠠᠮᠵᠢᠨ ᠲᠡᠳᠡ ᠨᠠᠷ ᠲᠤ᠌ ᠭᠦᠨ ᠬᠦᠨᠳᠦᠳᠬᠡᠯ ᠲᠠᠯᠠᠷᠬᠠᠯ ᠵᠢᠠᠨ ᠳᠡᠪᠰᠢᠭᠦᠯᠵᠦ᠍ ᠪᠠᠢᠬᠤ ᠵᠢᠨ ᠬᠠᠮᠳᠤ ᠡᠭᠦᠨ᠎ᠢᠶᠡᠷ ᠲᠠᠮᠵᠢᠨ ᠥᠪᠡᠷ᠎ᠢ᠎ᠪᠡᠨ ᠵᠣᠷᠢᠭᠵᠢᠭᠤᠯᠵᠤ ᠪᠠᠢᠭ᠎ᠠ ᠶᠤᠮ᠃ ᠬᠤᠢᠰᠢᠳᠠ ᠪᠢ ᠮᠣᠩᠭᠣᠯ ᠤᠷᠠᠨ ᠪᠢᠴᠢᠯᠭᠡ᠎ᠶᠢ ᠤᠯᠠᠮᠵᠢᠯᠠᠨ ᠵᠠᠯᠭᠠᠮᠵᠢᠯᠠᠬᠤ ᠤᠷᠳᠤ ᠠᠶᠠᠨ᠎ᠳᠤ ᠪᠢᠷ ᠦᠵᠦᠭ ᠵᠢᠠᠨ ᠬᠤᠷᠴᠠᠯᠠᠨ ᠦᠷᠭᠦᠯᠵᠢᠯᠡᠨ ᠤᠷᠤᠭᠰᠢᠯᠠᠵᠤ᠂ ᠠᠬᠠᠮᠠᠳ ᠦᠶ᠎ᠡ᠎ᠶᠢᠨ ᠬᠢᠨ᠎ᠳ᠋ᠡᠬᠡᠨ ᠣᠰᠣᠯᠳᠠᠬᠤ ᠦᠭᠡᠢ᠂ ᠴᠠᠭ ᠦᠶ᠎ᠠ ᠳ᠋ᠡᠬᠡᠨ  ᠣᠰᠣᠯᠳᠠᠬᠤ ᠦᠭᠡᠢ ᠪᠡᠷ ᠴᠦᠬᠦᠷᠠᠰᠢ ᠦᠬᠡᠢ ᠴᠢᠷᠮᠠᠢᠵᠤ ᠶᠠᠪᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号