ᠦᠨᠡᠨ᠎ᠤ ᠭᠡᠭᠡ
2026-05-06 14:53:10
ᠵᠣᠬᠢᠶᠠᠭ᠍ᠴᠢ᠄
ᠰ᠊·ᠪᠦᠬᠡᠴᠢᠯᠠᠭᠤ
ᠣᠩᠱᠢᠭ᠍ᠰᠠᠨ ᠣᠳᠠᠭ᠎ᠠ᠄
★★★☆☆

ᠵᠡᠬᠦᠳᠦᠯᠡᠭᠡᠳ ᠰᠡᠷᠡᠬᠦ᠌᠎ᠳᠤ

ᠦᠨᠢᠶᠡᠨ ᠵᠡᠯᠡᠨ᠎ᠳᠤ

ᠦᠷ ᠬᠠᠶᠠᠭᠠᠷᠠᠵᠦ᠍ ᠪᠠᠢᠪᠠ

ᠡᠬᠦᠳᠡ ᠰᠡᠬᠦᠵᠦ᠍

ᠦᠭᠡᠳᠡ᠎ᠠᠴᠠ᠎ᠨᠢ ᠠᠯᠬᠤᠬᠤ᠎ᠳᠤ

ᠡᠵᠢ ᠮᠢᠨᠢ ᠪᠠᠢᠪᠠ


ᠲᠡᠷᠯᠢᠭ᠎ᠤᠨ ᠭᠢᠨᠢ ᠬᠤᠷᠮᠤᠢ᠎ᠠᠴᠠ

ᠰᠦᠨ ᠭᠡᠷᠡᠯ

ᠰᠠᠴᠤᠷᠠᠵᠦ᠍ ᠪᠠᠢᠪᠠ

ᠲᠤᠩᠭᠠᠯᠠᠭ ᠨᠢᠳᠦᠨ᠎ᠠᠴᠠ᠎ᠨᠢ

ᠬᠠᠢᠷ᠎ᠠ᠎ᠶ᠋ᠢᠨ ᠲᠤᠶᠠᠭ᠎ᠠ

ᠬᠠᠩᠬᠤᠯᠵᠦ᠍ ᠪᠠᠢᠪᠠ


ᠤᠷᠤᠭᠤᠯ᠎ᠢᠶᠠᠨ ᠲᠤᠯᠢᠶᠠᠵᠦ᠍

ᠲᠤᠭᠤᠯ ᠪᠢᠷᠠᠭᠤ

ᠮᠦᠭᠡᠷᠡᠯᠳᠦᠵᠦ᠍ ᠪᠠᠢᠪᠠ

ᠤᠶᠠᠩᠭ᠎ᠠ᠎ᠲᠠᠢ ᠵᠢᠷᠭᠢᠵᠦ᠍

ᠤᠢ᠎ᠶ᠋ᠢᠨ ᠱᠢᠪᠠᠭᠤᠳ

ᠡᠷᠭᠢᠴᠡᠵᠦ᠍ ᠪᠠᠢᠪᠠ


ᠣᠨᠢᠶᠠᠷ᠎ᠨᠢ ᠰᠡᠮᠡᠷᠡᠵᠦ᠍

ᠠᠭᠤᠯᠠᠰ᠎ᠤᠨ ᠤᠷᠭᠢᠯ

ᠦᠨᠳᠡᠯᠵᠡᠵᠦ᠍ ᠪᠠᠢᠪᠠ

ᠤᠷᠮ᠎ᠠ᠎ᠨᠢ ᠰᠡᠷᠬᠦᠵᠦ᠍

ᠡᠪᠡᠰᠦ ᠨᠤᠭᠤᠭ᠎ᠠ

ᠰᠡᠷᠪᠡᠯᠵᠡᠵᠦ᠍ ᠪᠠᠢᠪᠠ


ᠤᠷᠴᠢᠯᠠᠩ᠎ᠢ ᠭᠡᠢᠬᠦᠯᠦᠭ᠌ᠰᠡᠨ

ᠦᠨᠡᠨ᠎ᠤ ᠭᠡᠭᠡ

ᠡᠵᠢ ᠮᠢᠨᠢ ᠪᠠᠢᠪᠠ

ᠤᠷᠤᠱᠢᠬᠤᠢ᠎ᠶ᠋ᠢ ᠲᠠᠨᠢᠭᠤᠯᠤᠭ᠍ᠰᠠᠨ

ᠤᠳᠭ᠎ᠠ ᠬᠦᠨᠵᠡᠭᠡᠢ

ᠱᠢᠯᠦᠭ ᠮᠢᠨᠢ ᠪᠠᠢᠪᠠ


ᠵᠡᠬᠦᠳᠦᠯᠡᠭᠡᠳ ᠰᠡᠷᠡᠬᠦ᠌᠎ᠳᠤ

ᠦᠨᠢᠶᠡᠨ ᠵᠡᠯᠡᠨ᠎ᠳᠤ

ᠦᠷ ᠬᠠᠶᠠᠭᠠᠷᠠᠵᠦ᠍ ᠪᠠᠢᠪᠠ

ᠡᠬᠦᠳᠡ ᠰᠡᠬᠦᠵᠦ᠍

ᠦᠭᠡᠳᠡ᠎ᠠᠴᠠ᠎ᠨᠢ ᠠᠯᠬᠤᠬᠤ᠎ᠳᠤ

ᠡᠵᠢ ᠮᠢᠨᠢ ᠪᠠᠢᠪᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号