ᠡᠵᠢ ᠤᠰᠤᠨ
2026-05-06 15:02:22
ᠵᠣᠬᠢᠶᠠᠭ᠍ᠴᠢ᠄
ᠯ᠊·ᠰᠤᠨᠢᠨ
ᠣᠩᠱᠢᠭ᠍ᠰᠠᠨ ᠣᠳᠠᠭ᠎ᠠ᠄
★★★☆☆

ᠡᠵᠢ᠎ᠶ᠋ᠢᠨ ᠮᠢᠨᠢ ᠬᠠᠢᠷ᠎ᠠ ᠪᠤᠯ ᠬᠤᠢᠲᠦ ᠨᠠᠭᠤᠷ᠎ᠤᠨ ᠤᠰᠤᠨ᠃ ᠵᠡᠭᠡᠰᠦ ᠬᠤᠯᠤᠰᠤ ᠬᠠᠯᠢᠭᠤᠷᠠᠭ᠍ᠰᠠᠨ ᠴᠡᠯᠡᠭᠡᠷ ᠲᠡᠨᠵᠢᠨ᠎ᠳᠤᠨᠢ ᠭᠠᠯᠠᠭᠤ ᠱᠢᠪᠠᠭᠤ ᠦᠨᠳᠡᠭᠡ ᠵᠤᠯᠵᠠᠭ᠎ᠠ᠎ᠪᠠᠨ ᠨᠡᠪᠴᠢᠬᠦᠯᠦᠨ ᠭᠠᠩᠭᠠᠨᠠᠨ ᠪᠦᠵᠢᠳᠡᠭ ᠠᠮᠤᠭᠤᠯᠠᠩ ᠤᠷᠤᠨ᠃ ᠠᠷᠤ ᠪᠤᠮᠪᠠ᠎ᠶ᠋ᠢᠨ ᠤᠷᠤᠨ᠎ᠤ ᠲᠤᠤᠯᠢ᠎ᠶ᠋ᠢᠨ ᠦᠵᠡᠰᠭᠦᠯᠡᠩᠲᠦ ᠬᠠᠲᠤᠨ ᠭᠤᠸ᠎ᠠ ᠵᠢᠷᠤᠭ᠃

ᠡᠵᠢ᠎ᠶ᠋ᠢᠨ ᠮᠢᠨᠢ ᠬᠠᠢᠷ᠎ᠠ ᠪᠤᠯ ᠡᠮᠦᠨ᠎ᠡ ᠭᠤᠤᠯ᠎ᠤᠨ ᠤᠰᠤᠨ᠃ ᠲᠤᠩᠭᠠᠯᠠᠭ ᠤᠷᠤᠰᠭᠠᠯ᠎ᠳᠤᠨᠢ ᠵᠢᠭᠠᠰᠤ ᠵᠢᠷᠠᠭᠠᠬᠠᠢ ᠢᠷᠠᠯᠵᠠᠨ ᠱᠤᠩᠪᠠᠵᠦ᠍ ᠡᠷᠭᠢ ᠲᠣᠬᠤᠢ᠎ᠶ᠋ᠢᠨ ᠨᠤᠮᠢᠨ ᠵᠦᠯᠬᠡᠨ᠎ᠳᠤᠨᠢ ᠢᠱᠢᠬᠡ ᠬᠤᠷᠠᠭ᠎ᠠ ᠨᠤᠵᠤᠭᠤᠷᠠᠨ ᠡᠷᠬᠡᠯᠡᠳᠡᠭ ᠪᠦᠪᠡᠢ᠎ᠶ᠋ᠢᠨ ᠳᠠᠭᠤᠤ ᠵᠦᠰᠡᠷᠡᠭ᠌ᠰᠡᠨ ᠽᠠᠮᠪᠤᠯᠢᠩ᠎ᠤᠨ ᠵᠦᠭᠡᠯᠡᠨ ᠠᠶᠠᠯᠭᠤ᠃ ᠠᠮᠠᠷᠠᠭ ᠰᠠᠯᠬᠢᠨ ᠬᠦᠯ᠎ᠢᠶᠠᠨ ᠲᠤᠱᠠᠵᠦ᠍ ᠰᠤᠬ᠍ᠳᠤᠭᠤᠷᠠᠳᠠᠭ ᠠᠷᠢᠭᠤᠬᠠᠨ ᠮᠦᠷᠦᠬᠡᠳᠦᠯ᠎ᠤᠨ ᠤᠷᠠᠨ ᠡᠬᠡᠱᠢᠭ᠃

ᠡᠵᠢ᠎ᠶ᠋ᠢᠨ ᠮᠢᠨᠢ ᠬᠠᠢᠷ᠎ᠠ ᠪᠤᠯ ᠮᠦᠰᠦ ᠴᠠᠰᠤᠨ᠎ᠤ ᠲᠤᠤᠭᠤᠷ ᠢᠯᠪᠢᠯᠵᠠᠨ ᠤᠷᠤᠰᠳᠠᠭ ᠬᠠᠷᠠᠵᠠᠨ᠎ᠤ ᠤᠰᠤ᠃ ᠡᠩ ᠦᠭᠡᠢ ᠶᠡᠭᠡ ᠬᠠᠢᠷ᠎ᠠ᠎ᠶ᠋ᠢᠨ ᠠᠯᠠᠭᠠᠨ᠎ᠳᠠᠭᠠᠨ ᠬᠠᠬᠢᠷ ᠡᠪᠦᠯ᠎ᠢ ᠤᠶᠠᠰᠭᠠᠨ ᠲᠡᠪᠡᠷᠢᠵᠦ᠍ ᠬᠠᠭ᠍ᠳᠠ ᠡᠪᠡᠰᠦ᠂ ᠬᠠᠨᠳᠠᠭᠠᠢ ᠪᠤᠭᠤ᠂ ᠬᠠᠨᠠᠭᠠᠷ ᠲᠡᠯᠡᠬᠡᠢ᠎ᠪᠠᠨ ᠤᠮᠳᠠᠯᠠᠨ ᠱᠢᠮᠡᠵᠢᠬᠦᠯᠳᠡᠭ ᠡᠩᠭᠡ᠎ᠶ᠋ᠢᠨ ᠰᠠᠷᠠᠭᠤᠯ ᠵᠠᠶᠠᠭ᠎ᠠ᠃ ᠬᠠᠢᠷ᠎ᠠ᠎ᠶ᠋ᠢᠨ ᠮᠦᠩᠭᠦᠨ ᠴᠡᠭᠡᠯ᠎ᠳᠡᠭᠡᠨ ᠠᠮᠢ ᠡᠰᠡᠨᠢᠯ ᠲᠦᠯᠵᠢᠬᠦᠯᠳᠡᠭ᠂ ᠡᠷᠭᠢ᠎ᠶ᠋ᠢᠨ ᠲᠡᠨᠢᠬᠡᠷ ᠴᠢᠯᠠᠭᠤᠨ᠎ᠳᠠᠭᠠᠨ ᠮᠦᠰᠦ ᠠᠷᠠᠨᠱᠢᠨ᠎ᠢ ᠲᠠᠪᠳᠠᠳᠠᠭ ᠵᠦᠬᠡᠯᠡᠨ ᠬᠠᠷᠬᠢᠶ᠎ᠠ᠃

ᠡᠵᠢ᠎ᠶ᠋ᠢᠨ ᠮᠢᠨᠢ ᠬᠠᠢᠷ᠎ᠠ ᠪᠤᠯ ᠷᠠᠱᠢᠶᠠᠨ ᠪᠤᠯᠠᠭ᠎ᠤᠨ ᠮᠦᠩᠭᠡ᠎ᠶ᠋ᠢᠨ ᠤᠰᠤᠨ᠃ ᠦᠷᠦᠪᠴᠢ ᠴᠠᠢᠯᠭᠠᠨ ᠰᠡᠳᠭᠢᠯ᠎ᠠᠴᠠ ᠤᠨᠳᠤᠷᠤᠬ᠍ᠰᠠᠨ ᠦᠭ᠌ᠭᠢᠶᠡᠮᠦᠷ ᠬᠠᠢᠷ᠎ᠠ᠎ᠶ᠋ᠢᠨ ᠬᠠᠯᠬᠢᠶ᠎ᠠ᠃ ᠠᠯᠳᠠᠷ ᠲᠠᠭᠤᠳᠠᠯᠭ᠎ᠠ᠎ᠶ᠋ᠢᠨ ᠠᠯᠳᠠᠨ ᠲᠢᠳᠢᠮ᠎ᠢᠶᠠᠷ ᠭᠠᠩᠭᠠᠯᠠᠬ᠍ᠰᠠᠨ ᠠᠭᠤᠤ ᠶᠡᠭᠡ᠎ᠶ᠋ᠢᠨ ᠪᠦᠷᠢᠯᠸ᠎ᠠ᠃ ᠡᠬᠡᠯ ᠪᠤᠷᠤᠬᠠᠨ ᠡᠳᠦᠷ ᠬᠤᠨᠤᠭ᠎ᠤᠳ᠎ᠢᠶᠠᠷ ᠡᠰᠭᠡᠵᠦ᠍ ᠤᠷᠠᠯᠠᠬ᠍ᠰᠠᠨ ᠠᠮᠢᠳᠤᠷᠠᠬᠤᠢ᠎ᠶ᠋ᠢᠨ ᠤᠬᠠᠭᠠᠨ᠃ ᠤᠬᠠᠭᠠᠨ᠎ᠠᠴᠠ ᠤᠬᠠᠭᠠᠨ ᠤᠨᠳᠤᠷᠤᠭᠤᠯᠤᠬ᠍ᠰᠠᠨ ᠶᠢᠷᠳᠢᠨᠴᠦ᠍᠎ᠶ᠋ᠢᠨ ᠨᠢᠭᠡᠨ ᠭᠠᠢᠬᠠᠮᠱᠢᠭ᠃

ᠡᠵᠢ᠎ᠶ᠋ᠢᠨ ᠮᠢᠨᠢ ᠬᠠᠢᠷ᠎ᠠ ᠪᠤᠯ ᠦᠷ᠎ᠡ᠎ᠳᠡᠭᠡᠨ ᠢᠪᠢᠯᠦᠭ᠌ᠰᠡᠨ ᠰᠦᠨ ᠬᠦᠷᠬᠢᠷ᠎ᠡ᠃ ᠠᠩᠭᠢᠷ ᠤᠭᠤᠷᠠᠭ ᠠᠰᠭᠠᠷᠠᠭᠤᠯᠤᠬ᠍ᠰᠠᠨ ᠡᠩᠭᠦᠷᠡᠢ ᠤᠶᠠᠬᠠᠨ ᠳᠡᠯᠡᠬᠡᠢ᠃ ᠰᠠᠭᠠᠯᠢ᠎ᠶ᠋ᠢᠨ ᠦᠨᠦᠷ ᠬᠠᠩᠬᠤᠯᠵᠦ᠍ ᠴᠠᠢ ᠪᠤᠳᠠᠭ᠎ᠠ ᠢᠳᠡᠭᠡᠱᠢᠭ᠌ᠰᠡᠨ ᠠᠮᠢᠳᠤᠷᠠᠯ᠎ᠤᠨ ᠲᠠᠩᠰᠤᠭ ᠠᠮᠳᠠ᠃ ᠪᠤᠭᠤᠷᠤᠯ ᠰᠡᠪᠡᠯᠭᠡᠨ᠎ᠠᠴᠠ᠎ᠨᠢ ᠰᠠᠴᠤᠷᠠᠬᠤ ᠰᠦᠨ ᠴᠠᠭᠠᠨ ᠭᠡᠷᠡᠯ ᠲᠤᠶᠠᠭᠠᠨ᠎ᠳᠤ ᠠᠷᠭᠠᠮᠵᠢᠭ᠍ᠳᠠᠭᠰᠠᠨ ᠬᠤᠩᠭᠤᠷ ᠦᠷᠡᠰ᠎ᠨᠢ ᠲᠤᠭᠤᠨᠤᠲᠤ ᠡᠷᠳᠡᠨᠢ᠎ᠶ᠋ᠢᠨ ᠨᠠᠷᠠ᠎ᠲᠠᠢ ᠪᠢᠯᠡ᠃

ᠡᠵᠢ᠎ᠶ᠋ᠢᠨ ᠬᠠᠢᠷ᠎ᠠ ᠪᠤᠯ ᠱᠢᠯᠦᠭ ᠲᠠᠭᠤᠯᠠᠯ ᠪᠢᠰᠢ᠂ ᠱᠢᠯᠦᠭ ᠲᠠᠭᠤᠯᠠᠯ ᠤᠨᠳᠤᠷᠤᠭᠤᠯᠤᠨ ᠴᠢᠮᠡᠭᠡ ᠦᠭᠡᠢ ᠮᠢᠷᠠᠯᠵᠠᠬᠤ ᠭᠤᠷᠤᠬ᠎ᠠ᠎ᠶ᠋ᠢᠨ ᠤᠰᠤᠨ᠃ ᠡᠵᠢ᠎ᠶ᠋ᠢᠨ ᠬᠠᠢᠷ᠎ᠠ ᠪᠤᠯ ᠤᠷᠠᠨ ᠵᠤᠬᠢᠶᠠᠯ᠎ᠤᠨ ᠮᠦᠩᠭᠡ᠎ᠶ᠋ᠢᠨ ᠰᠡᠳᠦᠪ ᠲᠡᠳᠦᠢ ᠪᠢᠰᠢ᠂ ᠤᠷᠠᠨ ᠵᠤᠬᠢᠶᠠᠯᠴᠢᠳ᠎ᠤᠨ ᠪᠢᠷ᠎ᠢ ᠤᠮᠳᠠᠯᠠᠳᠠᠭ ᠱᠢᠭᠦᠳᠡᠷᠢ᠎ᠶ᠋ᠢᠨ ᠤᠰᠤᠨ᠃ ᠡᠵᠢ ᠬᠡᠮᠡᠬᠦ᠌ ᠤᠰᠤᠨ᠎ᠠᠴᠠ ᠠᠳᠢᠰᠯᠠᠨ᠂ ᠡᠵᠢ ᠬᠡᠮᠡᠬᠦ᠌ ᠤᠰᠤᠨ᠎ᠳᠤ ᠰᠦᠵᠢᠷᠡᠨ ᠪᠢᠳᠡ ᠦᠷᠬᠦᠯᠵᠢᠯᠡᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号